蒙古文网站Logo
ᠰᠢᠨᠬᠤᠸᠠ ᠮᠤᠩᠭ᠋ᠤᠯ ᠨᠧᠲ

2017 ᠤᠨ ᠤ ᠲᠡᠬᠦᠰᠬᠦ ᠤᠶᠤᠳᠠᠳ ᠤᠨ ᠤᠷᠠᠨ ᠪᠦᠲᠦᠬᠡᠯ ᠤᠨ ᠦᠵᠡᠰᠬᠦᠯᠡᠩ ᠨᠡᠬᠡᠬᠡᠯᠳᠡ ᠪᠡᠨ ᠬᠢᠯ᠎ᠡ

2017-06-14 15:20

    ᠰᠢᠨᠬᠤᠸᠠ ᠮᠤᠩᠭ᠋ᠤᠯ ᠨᠧᠲ ᠬᠦᠬᠡᠬᠤᠳᠠ ᠶᠢᠨ 6 ᠰᠠᠷ᠎ᠠ ᠶᠢᠨ 13 ᠤ ᠡᠳᠤᠷ ᠤᠨ ᠴᠠᠬᠢᠯᠭᠠᠨ ᠮᠡᠳᠡᠬᠡ ( ᠪᠠᠢ ᠯᠢᠩ ᠳ᠋ᠢ  ᠰᠤᠷᠤᠶ᠎ᠠ) 13 ᠤ ᠡᠳᠤᠷ᠂ ᠦᠪᠦᠷ ᠮᠤᠩᠭ᠋ᠤᠯ ᠤᠨ ᠪᠠᠭᠰᠢ ᠶᠢᠨ ᠶᠡᠬᠡ ᠰᠤᠷᠭᠠᠭᠤᠯᠢ ᠶᠢᠨ ᠱᠤᠭᠤᠮᠠᠯ ᠤᠷᠠᠯᠢᠭ ᠰᠤᠳᠤᠯᠬᠤ ᠬᠦᠷᠢᠶᠡᠯᠡᠩ ᠦᠪᠦᠷ ᠮᠤᠩᠭ᠋ᠤᠯ ᠤᠨ ᠦᠪᠡᠷᠳᠡᠬᠡᠨ ᠵᠠᠰᠠᠬᠤ ᠤᠷᠤᠨ ᠪᠠᠶᠢᠭᠤᠯᠤᠭᠳᠠᠭᠰᠠᠨ 70 ᠵᠢᠯ ᠤᠨ ᠤᠢ ᠵᠢᠴᠢ ᠦᠪᠦᠷ ᠮᠤᠩᠭ᠋ᠤᠯ ᠤᠨ ᠪᠠᠭᠰᠢ ᠶᠢᠨ ᠶᠡᠬᠡ ᠰᠤᠷᠭᠠᠭᠤᠯᠢ ᠪᠠᠶᠢᠭᠤᠯᠤᠭᠳᠠᠭᠰᠠᠨ 65 ᠵᠢᠯ ᠤᠨ ᠤᠢ ᠶᠢᠨ ᠪᠠᠶᠠᠷ ᠲᠤ ᠵᠤᠷᠢᠭᠤᠯᠤᠨ 2017 ᠤᠨ ᠤ ᠲᠡᠬᠦᠰᠬᠦ ᠤᠶᠤᠳᠠᠨ᠂ ᠮᠠᠬᠢᠰᠲ᠋ᠷ ᠤᠨ ᠤᠷᠠᠨ ᠪᠦᠲᠦᠬᠡᠯ ᠤᠨ ᠦᠵᠡᠰᠬᠦᠯᠡᠩ ᠵᠤᠬᠢᠶᠠᠨ ᠪᠠᠶᠢᠭᠤᠯᠪᠠ᠃

    ᠲᠤᠰ ᠦᠵᠡᠰᠬᠦᠯᠡᠩ ᠳᠤ ᠦᠪᠦᠷ ᠮᠤᠩᠭ᠋ᠤᠯ ᠤᠨ ᠪᠠᠭᠰᠢ ᠶᠢᠨ ᠶᠡᠬᠡ ᠰᠤᠷᠭᠠᠭᠤᠯᠢ ᠶᠢᠨ ᠱᠤᠭᠤᠮᠠᠯ ᠤᠷᠠᠯᠢᠭ ᠰᠤᠳᠤᠯᠬᠤ ᠬᠦᠷᠢᠶᠡᠯᠡᠩ ᠤᠨ ᠱᠤᠭᠤᠮᠠᠯ᠂ ᠸᠠᠭᠠᠷᠤᠨ ᠤᠷᠠᠯᠠᠯ᠂ ᠬᠠᠨ᠎ᠠ ᠶᠢᠨ ᠵᠢᠷᠤᠭ ᠵᠡᠷᠬᠡ ᠭᠤᠷᠪᠠᠨ ᠮᠡᠷᠬᠡᠵᠢᠯ ᠤᠨ ᠠᠩᠬᠢ ᠶᠢᠨ ᠰᠤᠷᠤᠭᠴᠢᠳ ᠤᠨ ᠨᠡᠶᠢᠳᠡ 230 ᠭᠠᠷᠤᠢ ᠪᠦᠲᠦᠬᠡᠯ ᠢ ᠲᠡᠯᠭᠡᠨ ᠦᠵᠡᠬᠦᠯᠪᠡ᠃ ᠡᠬᠦᠨ ᠳᠤ ᠦᠨᠳᠦᠰᠤᠨ ᠠᠩᠬᠢ ᠶᠢᠨ ᠤᠶᠤᠳᠠᠨ ᠤ 150 ᠭᠠᠷᠤᠢ ᠪᠦᠲᠦᠬᠡᠯ᠂ ᠮᠠᠭᠢᠰᠲ᠋ᠷ ᠤᠨ 80 ᠭᠠᠷᠤᠢ ᠪᠦᠲᠦᠭᠡᠯ ᠬᠠᠮᠤᠷᠤᠭᠳᠠᠵᠠᠢ᠃ ᠪᠦᠲᠦᠬᠡᠯ ᠤᠳ ᠨᠢ ᠳᠡᠬᠦᠰᠬᠦ ᠤᠶᠤᠳᠠᠳ ᠤᠨ ᠰᠤᠷᠤᠯᠭ᠎ᠠ ᠶᠢᠨ ᠬᠤᠭᠤᠴᠠᠭᠠᠨ ᠳᠤ ᠰᠤᠷᠴᠤ ᠡᠵᠡᠮᠰᠢᠭᠰᠡᠨ ᠮᠡᠷᠬᠡᠵᠢᠯ ᠤᠨ ᠬᠢᠨᠢ ᠦᠷ᠎ᠡ ᠪᠦᠳᠦᠬᠡᠯ ᠪᠠᠶᠢᠵᠤ᠂ ᠳᠡᠳᠡᠨᠡᠷ ᠤᠨ ᠪᠠᠭᠰᠢ ᠪᠤᠯᠤᠨ ᠰᠤᠷᠭᠠᠭᠤᠯᠢ ᠳᠤ ᠪᠡᠨ ᠡᠷᠬᠦᠨ ᠪᠠᠷᠢᠭᠰᠠᠨ ᠬᠠᠷᠢᠭᠤ ᠪᠡᠯᠡᠭ ᠪᠤᠯᠤᠭᠰᠠᠨ ᠶᠤᠮ᠃ ᠳᠡᠳᠡᠨᠡᠷ ᠤᠨ ᠰᠢᠨ᠎ᠡ ᠰᠡᠪᠡᠬᠦᠨ ᠰᠡᠳᠬᠢᠬᠦᠢ᠂ ᠪᠦᠲᠦᠬᠡᠯᠴᠢ ᠴᠢᠨᠠᠷ᠂ ᠰᠤᠶᠤᠯ ᠤᠨ ᠠᠭᠤᠰᠤᠯᠴᠠᠯ ᠢ ᠬᠦᠢᠴᠡᠳ ᠬᠠᠷᠠᠭᠤᠯᠤᠭᠰᠠᠨ ᠦᠪᠡᠷᠮᠢᠴᠠ ᠤᠨᠴᠠᠯᠢᠭ ᠲᠠᠢ ᠪᠦᠳᠦᠬᠡᠯ ᠤᠳ ᠬᠤᠷᠠᠭᠰᠠᠨ ᠤᠯᠠᠨ ᠤ ᠬᠠᠷᠠᠭ᠎ᠠ ᠶᠢ ᠪᠠᠶᠠᠰᠬᠠᠭᠰᠠᠨ ᠪᠠᠶᠢᠨ᠎ᠠ᠃

    ᠦᠪᠦᠷ ᠮᠤᠩᠭ᠋ᠤᠯ ᠤᠨ ᠪᠠᠭᠰᠢ ᠶᠢᠨ ᠶᠡᠬᠡ ᠰᠤᠷᠭᠠᠭᠤᠯᠢ ᠶᠢᠨ ᠱᠤᠭᠤᠮᠠᠯ ᠤᠷᠠᠯᠢᠭ ᠰᠤᠳᠤᠯᠬᠤ ᠬᠦᠷᠢᠶᠡᠯᠡᠩ ᠤᠨ ᠲᠡᠳ᠋ ᠲᠠᠷᠤᠭ᠎ᠠ᠂ ᠫᠷᠤᠹᠧᠰᠰᠤᠷ᠂ ᠳ᠋ᠤᠺᠲ᠋ᠤᠷ ᠦᠷᠴᠠᠶᠢᠬᠤ᠂ ᠪᠦᠲᠦᠬᠡᠯᠬᠡ ᠶᠢᠨ ᠶᠠᠪᠤᠴᠠ ᠳᠤ ᠴᠢᠳᠠᠬᠤ ᠶᠢᠨ ᠲᠤᠳᠤᠷ᠎ᠠ ᠰᠤᠷᠤᠭᠴᠢᠳ ᠤᠨ ᠦᠪᠡᠷ ᠤᠨ ᠬᠢᠨᠢ ᠪᠦᠲᠦᠭᠡᠯᠴᠢ ᠴᠢᠨᠠᠷ᠂ ᠦᠪᠡᠷᠮᠢᠴᠡ ᠴᠢᠨᠠᠷ ᠢ ᠪᠠᠳᠠᠷᠠᠭᠤᠯᠬᠤ ᠶᠢ ᠬᠢᠴᠢᠶᠡᠳᠡᠭ᠂ ᠬᠠᠷᠢᠨ ᠪᠠᠭᠰᠢ ᠶᠢᠨ ᠦᠵᠡᠯ ᠰᠠᠨᠠᠭᠠᠨ ᠤ ᠬᠡᠯᠪᠡᠷᠢ ᠪᠤᠯᠤᠨ ᠰᠡᠳᠬᠢᠬᠦᠢ ᠪᠡᠷ ᠰᠤᠷᠤᠭᠴᠢ ᠶᠢ ᠱᠠᠭᠠᠷᠳᠠᠵᠤ ᠪᠤᠯᠬᠤ ᠦᠭᠡᠢ᠂ ᠪᠠᠭᠰᠢ ᠵᠠᠪᠠᠯ ᠰᠤᠷᠤᠭᠴᠢᠳ ᠢ ᠬᠦᠨᠳᠤᠳᠭᠡᠨ ᠰᠤᠷᠤᠭᠴᠢ ᠪᠡᠷ ᠭᠤᠤᠯ ᠪᠤᠯᠭᠠᠨ ᠬᠠᠪᠰᠤᠷᠤᠨ ᠵᠢᠯᠤᠭᠤᠳᠬᠤ ᠦᠢᠯᠡᠳᠤᠯ ᠦᠵᠡᠬᠦᠯᠬᠦ ᠬᠡᠷᠡᠭᠲᠡᠢ᠃ ᠰᠤᠷᠤᠭᠴᠢᠳ ᠲᠤᠰ ᠬᠦᠷᠢᠶᠡᠯᠡᠩ ᠳᠤ ᠰᠤᠷᠤᠯᠴᠠᠭᠰᠠᠨ ᠬᠤᠭᠤᠴᠠᠭᠠᠨ ᠳᠤ ᠪᠢᠳᠡ ᠮᠡᠷᠬᠡᠵᠢᠯ ᠤᠨ ᠲᠠᠯ᠎ᠠ ᠪᠡᠷ ᠯᠡ ᠵᠢᠭᠠᠭᠰᠠᠨ ᠪᠢᠰᠢ᠂ ᠨᠡᠩ ᠴᠢᠬᠤᠯᠠ ᠨᠢ ᠤᠷᠠᠯᠢᠭ ᠤᠨ ᠬᠠᠷᠭᠤᠢ ᠳᠤ ᠵᠠᠪᠠᠯ ᠮᠡᠳᠡᠬᠦ ᠬᠦᠮᠦᠨ ᠪᠤᠯᠬᠤ ᠶᠤᠰᠤ᠂ ᠬᠦᠮᠦᠨ ᠴᠢᠨᠠᠷ ᠤᠨ ᠴᠢᠬᠤᠯᠠ ᠶᠢ ᠤᠬᠠᠭᠠᠷᠠᠭᠤᠯᠵᠤ᠂ ᠰᠤᠷᠤᠭᠴᠢᠳ ᠤᠨ ᠦᠷᠳᠡᠭ ᠤᠨ ᠳᠠᠨᠢᠯᠳᠠ ᠳᠤ ᠬᠤᠪᠢᠷᠠᠯᠳᠠ ᠭᠠᠷᠭᠠᠭᠰᠠᠨ ᠪᠠᠶᠢᠬ᠎ᠠ ᠬᠡᠵᠤ ᠪᠤᠳᠤᠵᠤ ᠪᠠᠶᠢᠨ᠎ᠠ᠃ ᠰᠤᠷᠤᠭᠴᠢᠳ ᠦᠨᠤᠳᠤᠷ ᠤᠨ ᠠᠮᠵᠢᠯᠳᠡ ᠪᠤᠯ ᠲᠠᠷᠠᠭᠠᠴᠢ ᠶᠢᠨ ᠠᠮᠵᠢᠯᠳᠡ ᠶᠢᠨ ᠰᠠᠭᠤᠷᠢ ᠬᠡᠳᠡᠭ ᠢ ᠵᠠᠪᠠᠯ ᠮᠡᠳᠡᠷᠡᠪᠡᠯ ᠵᠤᠬᠢᠨ᠎ᠠ᠂ ᠤᠳᠤ ᠶᠢᠨ ᠪᠦᠲᠦᠬᠡᠯ ᠳᠤ ᠪᠠᠨ ᠰᠡᠳᠬᠢᠯ ᠬᠠᠨᠤᠵᠤ ᠪᠤᠯᠬᠤ ᠦᠭᠡᠢ᠂ ᠬᠠᠷᠢᠨ ᠦᠨᠳᠤᠷ ᠲᠤ ᠨᠢᠰᠴᠦ ᠨᠡᠩ ᠬᠤᠯᠠ ᠭᠠᠵᠠᠷ ᠶᠠᠪᠤᠵᠤ ᠤᠯᠠᠨ ᠶᠠᠭᠤᠮ᠎ᠠ ᠬᠠᠷᠠᠵᠤ ᠰᠤᠷᠬᠤ ᠬᠡᠷᠡᠭᠲᠡᠢ᠃ ᠮᠦᠨ ᠰᠤᠷᠤᠭᠴᠢᠳ ᠲᠤ ᠪᠠᠨ ᠬᠦᠰᠡᠬᠦ ᠨᠢ᠂ ᠪᠠᠶᠠᠷ ᠪᠠᠶᠠᠰᠤᠯ ᠵᠤᠯ ᠵᠢᠷᠭᠠᠯ ᠲᠠᠢ ᠦᠰᠤᠨ ᠪᠤᠶᠢᠵᠢᠭᠠᠷᠠᠢ᠂ ᠤᠷᠠᠯᠢᠭ ᠤᠨ ᠠᠮᠵᠢᠯᠳᠠ ᠡᠬᠦᠷᠢᠳᠡ ᠲᠠ ᠪᠦᠬᠦᠨ ᠤ ᠬᠢ ᠬᠡᠯ᠎ᠠ᠃

    ᠲᠤᠰ ᠤᠳᠠᠭᠠᠨ ᠤ ᠦᠵᠡᠰᠬᠦᠯᠡᠩ 2017 ᠤᠨ ᠤ 6 ᠰᠠᠷ᠎ᠠ ᠶᠢᠨ 13 ᠤ ᠡᠳᠤᠷ ᠡᠴᠡ 7 ᠰᠠᠷ᠎ᠠ ᠶᠢᠨ 13 ᠤ ᠡᠳᠤᠷ ᠪᠤᠯᠳᠠᠯ᠎ᠠ ᠰᠠᠷ᠎ᠠ ᠶᠢᠨ ᠬᠤᠭᠤᠴᠠᠭ᠎ᠠ ᠲᠠᠢ ᠦᠷᠬᠦᠯᠵᠢᠯᠡᠨ᠎ᠡ᠃

ᠦᠪᠦᠷ ᠮᠤᠩᠭ᠋ᠤᠯ ᠤᠨ ᠪᠠᠭᠰᠢ ᠶᠢᠨ ᠶᠡᠬᠡ ᠰᠤᠷᠭᠠᠭᠤᠯᠢ ᠶᠢᠨ ᠱᠤᠭᠤᠮᠠᠯ ᠤᠷᠠᠯᠢᠭ ᠰᠤᠳᠤᠯᠬᠤ ᠬᠦᠷᠢᠶᠡᠯᠡᠩ ᠤᠨ ᠲᠡᠳ᠋ ᠲᠠᠷᠤᠭ᠎ᠠ᠂ ᠫᠷᠤᠹᠧᠰᠰᠤᠷ᠂ ᠳ᠋ᠤᠺᠲ᠋ᠤᠷ ᠦᠷᠴᠠᠶᠢᠬᠤ ᠰᠤᠷᠪᠤᠯᠵᠢᠯᠠᠭ᠎ᠠ ᠬᠦᠯᠢᠶᠡᠵᠤ ᠪᠤᠢ

ᠬᠦᠷᠢᠶᠡᠯᠡᠭ ᠤᠨ ᠲᠡᠰ ᠤᠨ ᠱᠠᠩᠨᠠᠯ ᠭᠠᠷᠳᠠᠭᠰᠠᠨ ᠤᠶᠤᠳᠠᠳ

ᠢᠷᠡᠯᠳᠡ᠄ ᠰᠢᠨᠬᠤᠸᠠ ᠮᠤᠩᠭ᠋ᠤᠯ ᠨᠧᠲ ᠪᠡᠯᠡᠳᠭᠡᠭ᠍ᠰᠡᠨ ᠨᠢ᠄ ᠪᠠᠢ ᠯᠢᠩ ᠳ᠋ᠢ

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011100001121142330