蒙古文网站Logo
ᠰᠢᠨᠬᠤᠸᠠ ᠮᠤᠩᠭ᠋ᠤᠯ ᠨᠧᠲ

《 ᠡᠯᠡᠰᠦᠨ ᠲᠠᠯᠠᠢ》  ᠨᠢ《 ᠴᠡᠴᠡᠭ ᠤᠨ ᠲᠠᠯᠠᠢ》 ᠪᠤᠯᠤᠨ ᠬᠤᠪᠢᠷᠠᠪᠠ

2017-08-13 14:10

    ᠨᠠᠮᠤᠷ ᠤᠨ ᠡᠬᠢ ᠪᠡᠷ᠂ ᠨᠢᠩᠰᠢᠶᠠ ᠶᠢᠨ ᠢᠷᠭᠠᠢ ᠬᠤᠳᠠ ᠶᠢᠨ ᠰᠢᠩ ᠴᠢᠩ ᠲᠤᠭᠤᠷᠢᠭ ᠤᠨ ᠬᠠᠷᠢᠶᠠᠨ ᠳᠤ ᠪᠠᠶᠢᠷᠢᠯᠠᠭ᠎ᠠ ᠮᠤᠤᠠᠤᠰᠤ ᠡᠯᠡᠰᠤᠨ ᠴᠦᠯ ᠤᠨ ᠬᠦᠪᠡᠭᠡ ᠪᠡᠷ ᠨᠢᠬᠡᠨ ᠬᠡᠰᠡᠭ ᠰᠤᠯᠤᠩᠭᠠᠷᠠᠭᠰᠠᠨ ᠴᠡᠴᠡᠭ ᠤᠨ ᠲᠠᠯᠠᠢ ᠪᠠᠶᠢᠳᠠᠭ᠃ 《 ᠡᠯᠡᠰᠦᠨ ᠲᠠᠯᠠᠢ》 ᠶ᠋ᠢᠨ ᠲᠤᠮᠳᠠᠬᠢ ᠡᠨᠡ ᠬᠡᠰᠡᠭ《 ᠴᠡᠴᠡᠭ ᠤᠨ ᠲᠠᠯᠠᠢ》 ᠶ᠋ᠢ ᠨᠢᠩᠰᠢᠶᠠᠨ ᠶᠢᠨ ᠠᠢ ᠢ ᠵᠢᠭᠠᠷ ᠡᠪᠡᠰᠤᠨ ᠤ ᠠᠮᠢ ᠠᠬᠤᠢ ᠶᠢᠨ ᠠᠶᠠᠯᠠᠯ ᠵᠢᠭᠤᠯᠴᠢᠯᠠᠯ ᠤᠨ ᠰᠠᠭᠤᠷᠢᠨ ᠭᠤᠷᠪᠠᠨ ᠵᠢᠯ ᠤᠨ ᠬᠤᠭᠤᠴᠠᠭ᠎ᠠ ᠶᠢ ᠠᠰᠢᠭᠯᠠᠨ ᠮᠤᠤᠠᠤᠰᠤ ᠡᠯᠡᠰᠦᠨ ᠴᠦᠯ ᠶᠢ ᠬᠦᠪᠡᠭᠡᠯᠡᠨ ᠲᠠᠷᠢᠬᠰᠠᠨ ᠶᠤᠮ᠃ ᠲᠤᠰ ᠰᠠᠭᠤᠷᠢᠨ ᠵᠢᠭᠠᠷ ᠡᠪᠡᠰᠤ᠂ ᠤᠳᠪᠠᠯᠠ ᠵᠡᠷᠬᠡ ᠠᠷᠪᠠ ᠭᠠᠷᠤᠢ ᠲᠦᠷᠦᠯ ᠤᠨ ᠬᠤᠸᠠᠷ ᠴᠡᠴᠡᠭ ᠪᠤᠯᠤᠨ ᠨᠠᠷᠠᠰᠤ᠂ ᠤᠯᠢᠶᠠᠰᠤᠨ ᠤ ᠬᠤᠷᠢ ᠭᠠᠷᠤᠢ ᠲᠦᠷᠦᠯ ᠤᠨ ᠮᠤᠳᠤ ᠲᠠᠷᠢᠵᠤ᠂ ᠶᠡᠷᠦᠩᠬᠡᠢ ᠲᠠᠯᠠᠪᠠᠢ ᠨᠢ 3300 ᠭᠠᠷᠤᠢ ᠮᠦ ᠳᠤ ᠬᠦᠷᠴᠡᠢ᠃ ᠴᠡᠴᠡᠭ᠌᠌ ᠮᠤᠳᠤ ᠲᠠᠷᠢᠵᠤ ᠤᠶᠢᠵᠢᠭᠤᠯᠤᠨ ᠠᠮᠢ ᠠᠬᠤᠢ ᠪᠠᠨ ᠰᠡᠷᠬᠦᠬᠡᠭ᠍ᠰᠡᠨ ᠤ ᠬᠠᠮᠳᠤ ᠬᠤᠸᠠᠷ ᠴᠡᠴᠡᠭ ᠢ ᠰᠤᠨᠢᠷᠬᠠᠬᠤ ᠪᠤᠯᠤᠨ ᠡᠯᠡᠰᠦᠨ ᠴᠦᠯ ᠳᠤ ᠵᠤᠭᠠᠴᠠᠬᠤ ᠶᠢ ᠤᠶᠠᠯᠳᠤᠭᠤᠯᠤᠭᠰᠠᠨ ᠠᠶᠠᠯᠠᠯ ᠵᠢᠭᠤᠯᠴᠢᠯᠠᠯ ᠤᠨ ᠦᠢᠯᠡᠰ ᠡᠷᠬᠢᠯᠡᠵᠤ ᠴᠦᠬᠡᠨ ᠪᠤᠰᠤ ᠵᠢᠭᠤᠯᠴᠢᠳ ᠤᠨ ᠰᠤᠨᠢᠷᠬᠠᠯ ᠢ ᠲᠠᠳᠠᠭᠰᠠᠨ ᠪᠠᠶᠢᠨ᠎ᠠ᠎᠃

 

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠪᠠᠢ ᠯᠢᠩ ᠳ᠋ᠢ

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120691121475376