蒙古文网站Logo
ᠰᠢᠨᠬᠤᠸᠠ ᠮᠤᠩᠭ᠋ᠤᠯ ᠨᠧᠲ

ᠦᠨᠳᠤᠰᠤᠲᠠᠨ ᠤ ᠵᠢᠷᠤᠭᠲᠤ ᠰᠡᠳᠬᠦᠯ ᠤᠨ ᠲᠡᠭᠡᠳᠤ ᠵᠡᠷᠬᠡ ᠶᠢᠨ ᠰᠤᠷᠪᠤᠯᠵᠢᠯᠠᠬᠴᠢ ᠪᠡᠶᠠᠷ ᠤᠨ ᠬᠡᠷᠡᠯ ᠵᠢᠷᠤᠭ ᠤᠨ ᠰᠢᠨ᠎ᠠ ᠪᠦᠲᠦᠬᠡᠯ 《ᠰᠢᠯᠤᠭ᠍ᠯᠢᠭ᠌ ᠲᠠᠯ᠎ᠠ ᠨᠤᠲᠤᠭ》ᠬᠡᠪᠯᠡᠭᠳᠡᠪᠡ

2017-09-13 19:06

    《ᠦᠨᠳᠦᠰᠦᠳᠡᠨ ᠤ ᠵᠢᠷᠤᠭᠳᠤ ᠰᠡᠳᠬᠦᠯ》 ᠤᠨ ᠲᠡᠭᠡᠳᠤ ᠵᠡᠷᠬᠡ ᠶᠢᠨ ᠰᠤᠷᠪᠤᠯᠵᠢᠯᠠᠭᠴᠢ᠂ ᠮᠤᠩᠭᠤᠯ ᠬᠡᠯᠡᠨ ᠤ ᠨᠠᠶᠢᠷᠠᠭᠤᠯᠬᠤ ᠬᠡᠯᠳᠡᠰ ᠤᠨ ᠲᠠᠷᠤᠭ᠎ᠠ ᠪᠠᠶᠠᠷ ᠤᠨ ᠰᠢᠨ᠎ᠡ ᠪᠦᠲᠦᠬᠡᠯ 《ᠰᠢᠯᠦᠭᠯᠢᠭ᠌᠌ ᠲᠠᠯ᠎ᠠ ᠨᠤᠳᠤᠭ》 ᠲᠤᠮᠤ ᠬᠡᠯᠪᠡᠷᠢ ᠶᠢᠨ ᠬᠡᠷᠡᠯ ᠵᠢᠷᠤᠭ ᠤᠨ ᠲᠡᠪᠳᠡᠷ ᠢ ᠤᠶᠢᠷ᠎ᠠ ᠳᠤ ᠦᠪᠦᠷ ᠮᠤᠩᠭᠤᠯ ᠤᠨ ᠰᠤᠶᠤᠯ ᠤᠨ ᠬᠡᠪᠯᠡᠯ ᠤᠨ ᠬᠤᠷᠢᠶᠠᠨ ᠡᠴᠡ ᠬᠡᠪᠯᠡᠭᠦᠯᠦᠭᠰᠡᠨ ᠪᠠᠶᠢᠨ᠎ᠠ᠃

    200 ᠨᠢᠭᠤᠷ ᠪᠦᠬᠦᠢ ᠲᠤᠰ ᠨᠤᠮ ᠨᠢ 《 ᠬᠤᠯᠠ ᠡᠴᠡ ᠪᠠᠷᠠᠯᠠᠬᠤᠢ》᠂《ᠤᠶᠢᠷ᠎ᠠ ᠡᠴᠡ ᠠᠵᠢᠬᠤᠢ》᠂ 《ᠬᠦᠮᠦᠨ ᠤ ᠤᠯᠠ ᠮᠦᠷ》᠂《ᠠᠮᠢᠳᠠᠳ》᠂《ᠲᠠᠪᠤᠨ ᠬᠤᠰᠢᠭᠤ ᠮᠠᠯ》᠂《ᠦᠯᠢᠭᠡᠷ ᠲᠤᠮᠤᠭ》᠂《ᠨᠡᠬᠦᠳᠡᠯ ᠮᠠᠯᠵᠢᠯ》᠂《ᠪᠢᠰᠢᠷᠡᠯ ᠬᠦᠨᠳᠤᠳᠬᠡᠯ》 ᠵᠡᠷᠬᠡ ᠨᠠᠶ᠋ᠮᠠᠨ ᠪᠦᠯᠦᠭ᠌ ᠢᠶᠡᠷ ᠪᠦᠷᠢᠯᠳᠤᠨ᠂ ᠮᠤᠩᠭᠤᠯ ᠬᠢᠳᠠᠳ ᠬᠤᠶᠠᠷ ᠬᠡᠯᠡ ᠪᠡᠷ ᠲᠠᠶᠢᠯᠪᠤᠷᠢ ᠬᠠᠳᠠᠵᠠᠢ᠃ ᠪᠦᠰᠡ ᠨᠤᠳᠤᠭ ᠤᠨ ᠬᠤᠪᠢ ᠳᠤ ᠮᠤᠩᠭᠤᠯ ᠦᠨᠳᠦᠰᠦᠳᠡᠨ ᠰᠠᠭᠤᠷᠢᠰᠢᠬᠰᠠᠨ ᠲᠤᠮᠳᠠᠳᠤ᠂ ᠮᠤᠩᠭᠤᠯ᠂ ᠤᠷᠤᠰ ᠵᠡᠷᠬᠡ ᠭᠤᠷᠪᠠᠨ ᠤᠯᠤᠰ ᠢ ᠬᠠᠮᠤᠷᠴᠦ᠂ ᠦᠪᠡᠷᠮᠢᠴᠡ ᠬᠠᠷᠠᠭᠠᠰᠤ ᠡᠴᠡ 《 ᠭᠠᠶᠢᠬᠠᠮᠰᠢᠭ ᠪᠦᠭᠡᠳ ᠰᠢᠯᠦᠭᠯᠢᠭ᠌᠌ ᠲᠠᠯ᠎ᠠ ᠨᠤᠳᠤᠭ》 ᠢ ᠢᠯᠡᠷᠡᠬᠦᠯᠤᠭ᠍ᠰᠠᠨ ᠢᠶᠡᠷ ᠪᠠᠷᠠᠬᠤ ᠦᠬᠡᠢ 《ᠲᠠᠯ᠎ᠠ ᠨᠤᠳᠤᠭ — ᠲᠠᠪᠤᠨ ᠬᠤᠰᠢᠭᠤ ᠮᠠᠯ — ᠮᠤᠩᠭᠤᠯᠴᠤᠳ》 ᠭᠤᠷᠪᠠ ᠪᠡᠷ ᠪᠦᠷᠢᠯᠳᠦᠭᠰᠡᠨ ᠮᠤᠩᠭᠤᠯ ᠨᠡᠬᠦᠳᠡᠯ ᠰᠤᠶᠤᠯ ᠪᠤᠯᠪᠠᠰᠤᠨ ᠢ ᠠᠮᠢᠳᠤᠯᠢᠬ ᠲᠤᠰᠬᠠᠵᠠᠢ᠃

    ᠪᠠᠶᠠᠷ᠂ 《ᠦᠨᠳᠦᠰᠦᠲᠡᠨ ᠪ ᠵᠢᠷᠤᠭᠳᠤ ᠰᠡᠳᠬᠦᠯ 》 ᠤᠨ ᠲᠡᠭᠡᠳᠤ ᠵᠡᠷᠭᠡ ᠶᠢᠨ ᠰᠤᠷᠪᠤᠯᠵᠢᠯᠠᠭᠴᠢ᠂ ᠮᠤᠩᠭᠤᠯ ᠬᠡᠪᠯᠡᠯ ᠤᠨ ᠨᠠᠶᠢᠷᠠᠭᠤᠯᠬᠤ ᠬᠡᠯᠳᠡᠰ ᠤᠨ ᠡᠷᠬᠢᠯᠡᠭᠴᠢ᠂ ᠲᠤᠮᠳᠠᠳᠤ ᠤᠯᠤᠰ ᠤᠨ ᠵᠤᠬᠢᠶᠠᠯᠴᠢᠳ ᠤᠨ ᠨᠡᠶᠢᠬᠡᠮᠯᠢᠭ᠌᠌ ᠤᠨ ᠬᠡᠰᠢᠬᠦᠨ᠂ ᠲᠤᠮᠳᠠᠳᠤ ᠤᠯᠤᠰ ᠤᠨ ᠬᠡᠷᠡᠯ ᠵᠢᠷᠤᠭᠴᠢᠳ ᠤᠨ ᠨᠡᠶᠢᠬᠡᠮᠯᠢᠭ᠌ ᠤᠨ ᠬᠡᠰᠢᠬᠦᠨ᠃ ᠲᠡᠷᠡᠪᠡᠷ 2006 ᠤᠨ ᠳᠤ ᠲᠤᠮᠳᠠᠳᠤ ᠤᠯᠤᠰ ᠤᠨ ᠬᠡᠷᠡᠯ ᠵᠢᠷᠤᠭᠴᠢᠳ ᠤᠨ ᠨᠡᠶᠢᠬᠡᠮᠯᠢᠭ᠌᠌  ᠡᠴᠡ ᠤᠯᠭᠤᠭᠰᠠᠨ 《ᠳᠤᠪᠤᠶᠢᠮ᠎ᠠ ᠬᠤᠪᠢ ᠨᠡᠮᠡᠷᠢ ᠦᠵᠡᠬᠦᠯᠦᠭᠰᠡᠨ ᠬᠡᠷᠡᠯ ᠵᠢᠷᠤᠭ ᠤᠨ ᠠᠵᠢᠯᠳᠠᠨ》ᠴᠤᠯᠠ  ᠬᠦᠷᠳᠡᠵᠤ᠂ 2015 ᠤᠨ ᠳᠤ ᠲᠤᠮᠳᠠᠳᠤ ᠤᠯᠤᠰ ᠤᠨ ᠰᠡᠳᠬᠦᠯ ᠤᠨ ᠨᠡᠶᠢᠬᠡᠮᠯᠢᠭ᠌᠌ ᠡᠴᠡ ᠤᠯᠭᠤᠭᠰᠠᠨ 《 ᠰᠡᠳᠬᠦᠯ ᠬᠡᠪᠯᠡᠯ ᠤᠨ ᠠᠵᠢᠯ ᠳᠤ 30 ᠵᠢᠯ ᠠᠵᠢᠯᠯᠠᠭᠰᠠᠳ》ᠢᠷᠠᠭᠤ ᠠᠯᠳᠠᠷ  ᠤᠨ ᠦᠨᠡᠮᠯᠡᠬᠦ ᠶᠢ ᠭᠠᠷᠳᠠᠭᠰᠠᠨ ᠪᠦᠬᠡᠳ 2016 ᠤᠨ ᠳᠤ ᠲᠦᠷᠦ ᠶᠢᠨ ᠶᠠᠪᠤᠳᠠᠯ ᠤᠨ ᠬᠤᠷᠢᠶᠠᠨ ᠤ 《 ᠵᠠᠰᠠᠭ ᠤᠨ ᠤᠷᠳᠤᠨ ᠤ ᠤᠨᠴᠠᠭᠠᠢ ᠨᠦᠬᠦᠪᠦᠷᠢ》 ᠶᠢ ᠬᠦᠷᠲᠡᠭᠰᠡᠨ ᠪᠠᠶᠢᠨ᠎ᠠ᠃ 《ᠮᠤᠩᠭᠤᠯᠴᠤᠳ》᠂《ᠮᠤᠩᠭᠤᠯ ᠤᠨ ᠲᠤᠶᠢᠮᠦ ᠲᠦᠯᠦᠪ》(1- 4 ᠪᠤᠳᠢ ) ᠴᠤᠪᠤᠷᠠᠯ ᠪᠦᠳᠦᠭᠡᠯ᠂ 《 ᠬᠦᠯᠦᠨ ᠪᠤᠶᠢᠷ ᠤᠨ ᠶᠡᠬᠡ ᠲᠠᠯ᠎ᠠ》 ᠵᠡᠷᠬᠡ 17 ᠲᠤᠰᠬᠠᠢ ᠪᠦᠲᠦᠭᠡᠯ ᠲᠠᠢ᠃《 ᠰᠢᠯᠦᠭᠯᠢᠭ᠌᠌ ᠲᠠᠯ᠎ᠠ ᠨᠤᠳᠤᠭ》 ᠨᠢ ᠲᠡᠬᠦᠨ ᠤ 18 ᠳ᠋ᠡᠬᠢ ᠲᠤᠰᠬᠠᠢ ᠪᠦᠲᠦᠬᠡᠯ ᠪᠤᠯᠤᠨ᠎ᠠ᠃

ᠢᠷᠡᠯᠳᠡ᠄ ᠦᠨᠳᠦᠰᠦᠳᠡᠨ ᠤ ᠵᠢᠷᠤᠭᠳᠤ ᠰᠡᠳᠬᠦᠯ ᠪᠡᠯᠡᠳᠭᠡᠭ᠍ᠰᠡᠨ ᠨᠢ᠄ ᠰᠤᠷᠤᠶ᠎ᠠ

ᠨᠡᠶᠢᠬᠡᠮ ᠠᠬᠤᠢ

ᠰᠣᠶᠤᠯ ᠤᠷᠠᠯᠢᠭ

  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
关闭
010070230030000000000000011100001121658840