ᠨᠠᠮ ᠤᠨ ᠠᠷᠪᠠ ᠶᠢᠰᠦᠳᠤᠭᠡᠷ ᠶᠡᠬᠡ ᠬᠤᠷᠠᠯ ᠤᠨ ᠲᠦᠯᠦᠭᠡᠯᠡᠭᠴᠢ ᠢᠦᠢ ᠵᠢᠩ᠄ ᠲᠤᠰᠬᠤᠨ ᠤ ᠢᠷᠭᠡᠳ ᠶᠠᠳᠠᠭᠤ ᠡᠴᠡ ᠠᠩᠬᠢᠵᠢᠷᠠᠬᠤ ᠦᠭᠡᠢ ᠪᠤᠯ ᠪᠢᠳᠡ ᠠᠵᠢᠯ ᠤᠨ ᠪᠠᠶᠢᠷᠢᠨ ᠡᠴᠡ ᠪᠠᠨ ᠰᠠᠯᠬᠤ ᠦᠭᠡᠢ 2017-10-09 19:16

    ᠬᠤᠶᠠᠷ ᠵᠢᠯ ᠤᠨ ᠡᠮᠦᠨ᠎ᠠ᠂ ᠲᠡᠷᠡᠪᠡᠷ ᠲᠤᠰᠬᠤᠨ ᠳᠤ ᠰᠠᠭᠤᠵᠤ ᠶᠠᠳᠠᠭᠤ ᠶᠢ ᠳᠡᠳᠬᠦᠬᠦ ᠠᠵᠢᠯ ᠳᠤ ᠰᠠᠨᠠᠭᠠᠴᠢᠯᠠᠭ᠎ᠠ ᠡᠴᠡ ᠪᠡᠨ ᠨᠡᠷ᠎ᠠ ᠪᠦᠷᠢᠳᠭᠡᠭᠦᠯᠦᠭᠰᠡᠨ ᠳᠤ ᠪᠠᠨ ᠶᠡᠷᠦ ᠡᠴᠡ ᠬᠠᠷᠠᠮᠰᠠᠭ᠎ᠠ ᠦᠬᠡᠢ᠃

    ᠬᠤᠶᠠᠷ ᠵᠢᠯ ᠤᠨ ᠳᠠᠷᠠᠭ᠎ᠠ᠂ ᠲᠡᠷᠡᠪᠡᠷ ᠲᠤᠰᠬᠤᠨ ᠤ ᠢᠷᠭᠡᠳ ᠢ ᠳᠠᠭᠠᠭᠤᠯᠤᠨ ᠠᠯᠬᠤᠮ ᠠᠯᠬᠤᠮ ᠢᠶᠡᠷ ᠶᠠᠳᠠᠭᠤ ᠡᠴᠡ ᠠᠩᠬᠢᠵᠢᠷᠠᠭᠤᠯᠵᠤ ᠢᠳᠡᠬᠡᠯ ᠳᠦᠭᠦᠷᠡᠩ ᠶᠠᠪᠤᠭᠰᠠᠭᠠᠷ᠃

    ᠲᠡᠷᠡᠪᠡᠷ᠂ 《ᠭᠠᠭᠴᠠ ᠡᠷᠦᠬᠡ ᠶᠠᠳᠠᠭᠤ ᠡᠴᠡ ᠠᠩᠬᠢᠵᠢᠷᠠᠭ᠎ᠠ ᠦᠬᠡᠢ ᠪᠠᠶᠢᠬᠤ ᠳᠤ ᠯᠠ ᠪᠢᠳᠡ ᠯᠠᠪᠲᠠᠢ ᠠᠵᠢᠯ ᠤᠨ ᠪᠠᠶᠢᠷᠢᠨ ᠡᠴᠡ ᠪᠡᠨ ᠰᠠᠯᠬᠤ ᠦᠬᠡᠢ》ᠬᠡᠵᠤ ᠠᠮᠠᠯᠳᠠᠭᠰᠠᠨ ᠨᠢ ᠲᠤᠰᠬᠤᠨ ᠳᠤ ᠰᠠᠭᠤᠭ᠎ᠠ ᠶᠠᠳᠠᠭᠤ ᠶᠢ ᠳᠡᠳᠬᠦᠬᠦ ᠺᠠᠳ᠋ᠷ ᠠᠵᠢᠯᠳᠠᠳ ᠤᠨ ᠡᠭᠦᠷᠬᠡ ᠬᠠᠷᠢᠭᠤᠴᠠᠯᠭ᠎ᠠ ᠶᠢ ᠬᠦᠢᠴᠡᠳ ᠲᠠᠶᠢᠯᠪᠤᠷᠢᠯᠠᠬᠰᠠᠨ ᠪᠠᠶᠢᠨ᠎ᠠ᠃

    ᠲᠡᠷᠡ ᠪᠤᠯ ᠨᠠᠮ ᠤᠨ ᠠᠷᠪᠠ ᠶᠢᠰᠤᠳᠤᠭᠡᠷ ᠶᠡᠬᠡ ᠬᠤᠷᠠᠯ ᠤᠨ ᠲᠦᠯᠦᠭᠡᠯᠡᠭᠴᠢ ᠢᠤᠢ ᠵᠢᠩ᠃

    ᠵᠢᠨ ᠵᠠᠢ ᠰᠢᠶᠠᠨ ᠤ ᠬᠢᠲᠡᠳ ᠡᠮᠨᠡᠯᠭᠡ ᠶᠢᠨ ᠠᠵᠢᠯᠲᠠᠨ ᠡᠴᠡ ᠪᠠᠨ ᠲᠤᠰᠬᠤᠨ ᠳᠤ ᠰᠠᠭᠤᠵᠤ ᠶᠠᠳᠠᠭᠤ ᠶᠢ ᠳᠡᠳᠬᠦᠬᠦ᠂ ᠳ᠋ᠠ ᠸᠠᠨ ᠲᠤᠰᠬᠤᠨ ᠤ ᠨᠢᠬᠡᠳᠤᠭᠡᠷ ᠱᠦᠵᠢ ᠪᠤᠯᠤᠭᠰᠠᠨ ᠬᠤᠶᠠᠷ ᠵᠢᠯ ᠤᠨ ᠬᠤᠭᠤᠴᠠᠭᠠᠨ ᠳᠤ ᠢᠴᠢᠮᠡᠳᠡᠬᠡᠢ ᠪᠠᠶᠢᠬᠰᠠᠨ ᠢᠥᠢ ᠵᠢᠩ ᠬᠠᠰᠢᠷ ᠲᠤᠷᠰᠢᠯᠭ᠎ᠠ ᠲᠠᠢ ᠪᠤᠯᠤᠭᠰᠠᠨ ᠪᠢᠯᠡ᠃

    2015 ᠤᠨ ᠳᠤ᠂ ᠤᠯᠤᠰ ᠳᠠᠶᠠᠭᠠᠷ ᠤᠨ ᠬᠡᠪᠴᠢᠶᠡᠨ ᠳᠤ ᠲᠤᠰᠬᠤᠨ ᠳᠤ ᠰᠠᠭᠤᠵᠤ ᠶᠠᠳᠠᠭᠤ ᠶᠢ ᠳᠡᠳᠬᠦᠬᠦ ᠠᠵᠢᠯᠯᠠᠭ᠎ᠠ ᠦᠷᠨᠢᠭᠦᠯᠪᠡ᠃ ᠡᠩ ᠤᠨ ᠦᠶ᠎ᠡ ᠳᠤ ᠪᠠᠶᠢᠭᠤᠯᠤᠯᠭ᠎ᠠ ᠳᠠᠭᠠᠨ ᠦᠷᠭᠦᠯᠵᠢ ᠪᠤᠰᠤᠳ ᠢ ᠬᠠᠪᠰᠤᠷᠴᠤ ᠶᠠᠪᠤᠳᠠᠭ ᠢᠥᠢ ᠵᠢᠩ ᠰᠠᠨᠠᠭᠠᠴᠢᠯᠠᠭ᠎ᠠ ᠡᠴᠡ ᠪᠡᠨ ᠨᠡᠷ᠎ᠠ ᠪᠦᠷᠢᠳᠬᠡᠬᠦᠯᠵᠤ ᠳ᠋ᠠ ᠸᠠᠨ ᠲᠤᠰᠬᠤᠨ ᠳᠤ ᠢᠷᠡᠭᠰᠡᠨ ᠶᠤᠮ᠃ ᠲᠤᠬᠠᠢ ᠶᠢᠨ ᠦᠶ᠎ᠠ ᠳᠤ ᠲᠤᠰᠬᠤᠨ ᠤ 1000 ᠭᠠᠷᠤᠢ ᠡᠷᠦᠬᠡ ᠡᠴᠡ ᠳᠠᠩᠰᠡᠨ ᠳᠤ ᠪᠦᠷᠢᠳᠭᠡᠭᠦᠯᠦᠭᠰᠡᠨ ᠶᠠᠳᠠᠬ᠋ᠤ ᠬᠦᠴᠢᠷᠳᠡᠯᠲᠠᠢ ᠨᠢ 211 ᠡᠷᠦᠬᠡ ᠪᠠᠶᠢᠵᠡᠢ᠃

    ᠳ᠋ᠠ ᠸᠠᠨ ᠲᠤᠰᠬᠤᠨ ᠤ ᠵᠦᠪᠯᠡᠯ ᠤᠨ ᠬᠡᠷᠡᠮ ᠳᠡᠬᠡᠷ᠎ᠡ ᠶᠠᠳᠠᠭᠤ ᠡᠴᠡ ᠠᠩᠬᠢᠵᠢᠷᠠᠭᠤᠯᠬᠤ ᠴᠠᠭ ᠤᠨ ᠬᠤᠪᠢᠶᠠᠷᠢ ᠬᠠᠳᠠᠵᠠᠢ᠄ ᠥᠨᠥ ᠵᠢᠯ ᠳ᠋ᠠ ᠸᠠᠨ ᠲᠤᠰᠬᠤᠨ 34 ᠡᠷᠦᠬᠡ᠂ 113 ᠬᠦᠮᠦᠨ ᠢ ᠶᠠᠳᠠᠭᠤ ᠡᠴᠡ ᠠᠩᠬᠢᠵᠢᠷᠠᠭᠤᠯᠬᠤ ᠪᠡᠷ ᠲᠦᠯᠦᠪᠯᠡᠵᠤ ᠪᠤᠢ᠂ 2019 ᠤᠨ ᠪᠤᠯᠬᠤ ᠳᠤ ᠪᠦᠬᠦᠨ ᠢ ᠶᠠᠳᠠᠭᠤ ᠡᠴᠡ ᠠᠩᠬᠢᠵᠢᠷᠠᠭᠤᠯᠤᠨ᠎ᠠ᠃

    《ᠬᠦᠮᠦᠰ ᠨᠠᠳᠡ ᠡᠴᠡ ᠬᠠᠷᠠᠮᠰᠠᠬᠤ ᠦᠬᠡᠢ ᠤᠤ ᠬᠡᠵᠤ ᠠᠰᠠᠭᠤᠳᠠᠭ ᠪᠠᠶᠢᠯ᠎ᠠ᠂ ᠪᠢ ᠬᠠᠷᠠᠮᠰᠠᠬᠤ ᠦᠬᠡᠢ᠂ ᠮᠦᠨ ᠯᠡ ᠡᠨᠡ ᠦᠬᠡ᠂ ᠳ᠋ᠠ ᠸᠠᠨ ᠲᠤᠰᠬᠤᠨ ᠤ ᠭᠠᠭᠴᠠ ᠡᠷᠦᠬᠡ ᠶᠠᠳᠠᠭᠤ ᠡᠴᠡ ᠠᠩᠬᠢᠵᠢᠷᠠᠭ᠎ᠠ ᠦᠬᠡᠢ ᠪᠠᠶᠢᠬᠤ ᠳᠤ ᠯᠡ ᠪᠢ ᠯᠠᠪᠲᠠᠢ ᠠᠵᠢᠯ ᠤᠨ ᠪᠠᠶᠢᠷᠢ ᠡᠴᠡ ᠪᠡᠨ ᠰᠠᠯᠬᠤ ᠦᠬᠡᠢ》ᠬᠡᠵᠤ ᠢᠥᠢ ᠵᠢᠩ ᠰᠢᠶ᠋ᠳᠮᠡᠬᠡᠢ ᠶᠡᠷᠢᠨ᠎ᠠ᠃

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠪᠠᠢ ᠯᠢᠩ ᠳ᠋ᠢ

ᠨᠡᠶᠢᠬᠡᠮ ᠠᠬᠤᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
010070230030000000000000011120691121776158