蒙古文网站Logo
ᠰᠢᠨᠬᠤᠸᠠ ᠮᠤᠩᠭ᠋ᠤᠯ ᠨᠧᠲ

ᠪᠢ ᠶᠠ ᠳ᠋ᠢ᠂ ᠬᠤᠸᠠ ᠸᠧᠢ ᠬᠠᠮᠳᠤᠷᠠᠨ 《 ᠶᠦᠨ ᠭᠦᠢ》 ᠤᠳᠤᠷᠢᠳᠤᠯᠭ᠎ᠠ ᠪᠡᠷ ᠵᠢᠯᠤᠭᠤᠳᠬᠤ ᠰᠢᠰᠲ᠋ᠧᠮ ᠨᠡᠶᠢᠳᠡᠯᠡᠪᠡ

2018-01-12 09:52

1 ᠰᠠᠷ᠎ᠠ ᠶᠢᠨ 10 ᠤ ᠡᠳᠤᠷ᠂ ᠢᠷᠭᠠᠢ ᠬᠤᠳᠠ ᠶᠢᠨ ᠬᠤᠸᠠ ᠪᠦᠸᠧ ᠴᠡᠴᠡᠷᠯᠢᠭ᠌᠌ ᠲᠤ᠂ ᠰᠤᠷᠪᠤᠯᠵᠢᠯᠠᠭᠴᠢᠳ ᠠᠦ᠋ᠲ᠋ᠤ᠋ ᠤᠳᠤᠷᠢᠳᠤᠯᠭ᠎ᠠ ᠪᠡᠷ ᠵᠢᠯᠤᠭᠤᠳᠬᠤ 《 ᠶᠦᠨ ᠭᠦᠢ》 ᠭᠠᠯᠳᠤ ᠲᠡᠷᠬᠡᠨ ᠳᠤ ᠰᠠᠭᠤᠵᠤ ᠪᠡᠶᠡᠴᠢᠯᠡᠨ ᠲᠤᠷᠰᠢᠵᠤ ᠪᠤᠢ

   ᠲᠤᠰ ᠡᠳᠤᠷ᠂ ᠪᠢ ᠶᠠ ᠳ᠋ᠢ ᠪᠤᠯᠤᠨ ᠬᠤᠸᠠ ᠸᠧᠢ ᠺᠤᠮᠫᠠᠨᠢ ᠨᠢᠩᠰᠢᠶᠠ ᠶᠢᠨ ᠢᠷᠭᠠᠢ ᠬᠤᠳᠠ ᠳᠤ ᠬᠠᠮᠳᠤᠷᠠᠨ ᠮᠠᠨ ᠤ ᠤᠯᠤᠰ ᠤᠨ ᠠᠩᠬᠠᠨ ᠤ ᠪᠡᠶ᠎ᠡ ᠲᠠᠭᠠᠭᠠᠬᠰᠠᠨ ᠮᠡᠳᠡᠯᠬᠡ ᠶᠢᠨ ᠦᠮᠴᠢ ᠲᠠᠢ《ᠶᠦᠨ ᠭᠦᠢ》ᠤᠳᠤᠷᠢᠳᠤᠯᠭ᠎ᠠ ᠪᠡᠷ ᠵᠢᠯᠤᠭᠤᠳᠬᠤ ᠰᠢᠰᠲ᠋ᠧᠮ ᠢ ᠨᠡᠶᠢᠳᠡᠯᠡᠵᠤ᠂ ᠡᠨᠡᠬᠦ ᠰᠢᠰᠲ᠋ᠧᠮ ᠢ ᠠᠴᠢᠶᠠᠯᠠᠭᠰᠠᠨ ᠠᠩᠬᠠᠨ ᠤ ᠵᠤᠷᠪᠤᠰ 《ᠶᠦᠨ ᠭᠦᠢ》ᠠᠶᠠᠯᠠᠯ ᠨᠢ ᠮᠦᠨ ᠢᠷᠭᠠᠢ ᠬᠤᠳᠠ ᠳᠤ ᠠᠰᠢᠭᠯᠠᠯᠳᠠ ᠳᠤ ᠤᠷᠤᠪᠠ᠃

    《ᠶᠦᠨ ᠭᠦᠢ》ᠪᠤᠯ ᠲᠤᠮᠳᠠ᠂ ᠪᠠᠭ᠎ᠠ ᠤᠪᠤᠷ ᠤᠨ ᠲᠡᠭᠡᠭᠡᠪᠦᠷᠢ ᠶᠢᠨ ᠴᠠᠷᠬᠢ ᠵᠠᠮ ᠬᠠᠷᠢᠯᠴᠠᠭᠠᠨ ᠤ ᠰᠢᠰᠲ᠋ᠧᠮ ᠶᠤᠮ᠂ ᠲᠤᠰ ᠵᠠᠮ ᠬᠠᠷᠢᠯᠴᠠᠭᠠᠨ ᠤ ᠪᠠᠭᠠᠵᠢ ᠨᠢ ᠲᠤᠮᠳᠠ᠂ ᠵᠢᠵᠢᠭ᠌ ᠬᠤᠳᠠ ᠶᠢᠨ ᠭᠤᠤᠯ ᠵᠠᠮ ᠱᠤᠭᠤᠮ ᠪᠤᠯᠤᠨ ᠲᠤᠮᠤ᠂ ᠲᠤᠮᠳᠠ ᠬᠤᠳᠠ ᠶᠢᠨ ᠲᠦᠪᠯᠡᠷᠡᠯ ᠵᠠᠮ ᠱᠤᠭᠤᠮ ᠳᠤ ᠠᠰᠢᠭᠯᠠᠵᠤ ᠪᠤᠯᠤᠨ᠎ᠠ᠃ ᠲᠤᠰ 《ᠶᠦᠨ ᠭᠦᠢ》ᠭᠠᠯᠳᠤ ᠪᠦᠷᠢᠨ ᠠᠦ᠋ᠲ᠋ᠣ᠋ ᠤᠳᠤᠷᠢᠳᠤᠯᠭ᠎ᠠ ᠪᠡᠷ ᠵᠢᠯᠤᠭᠤᠳᠤᠨ ᠠᠶᠠᠯᠠᠬᠤ ᠶᠢ ᠪᠡᠶᠡᠯᠡᠬᠦᠯᠬᠦ ᠶᠢᠨ ᠬᠠᠮᠳᠤ ᠭᠠᠯᠳᠤ ᠶᠢᠨ ᠲᠠᠰᠤᠭ ᠤᠨ ᠬᠤᠭᠤᠷᠤᠨᠳᠤ ᠪᠠᠨ ᠠᠶᠤᠯᠬᠦᠢ ᠶᠢᠨ ᠵᠠᠢ ᠶᠢ ᠪᠠᠳᠤᠯᠠᠵᠤ᠂ ᠴᠡᠨᠡᠭ ᠦᠭᠡᠢ ᠪᠠᠶᠢᠳᠠᠯ ᠳᠤ ᠤᠳᠤᠷᠢᠳᠤᠯᠭ᠎ᠠ ᠪᠡᠷ ᠵᠢᠯᠤᠭᠤᠳᠬᠤ᠂ ᠠᠦ᠋ᠲ᠋ᠤ᠋ ᠤᠨᠤᠰᠢᠯᠠᠬᠤ᠂ ᠠᠶᠠᠨᠴᠢᠳ ᠤᠨ ᠪᠠᠶᠢᠳᠠᠯ ᠢ ᠬᠢᠨᠠᠨ ᠰᠢᠯᠭᠠᠬᠤ᠂ ᠨᠢᠭᠤᠷ ᠢᠶᠡᠷ ᠢᠯᠭᠠᠬᠤ ᠵᠡᠷᠬᠡ ᠤᠯᠠᠨ ᠲᠦᠷᠦᠯ ᠤᠨ ᠴᠢᠳᠠᠮᠵᠢ ᠲᠠᠢ᠃ ( ᠵᠢᠷᠤᠭ ᠢ ᠰᠢᠨᠬᠤᠸᠠ ᠬᠤᠷᠢᠶ᠎ᠠ ᠶᠢᠨ ᠰᠤᠷᠪᠤᠯᠵᠢᠯᠠᠭᠴᠢ ᠸᠠᠩ ᠫᠸᠩ)

 

ᠢᠷᠡᠯᠳᠡ᠄ ᠰᠢᠨᠬᠤᠸᠠ ᠨᠧᠲ ᠪᠡᠯᠡᠳᠭᠡᠭ᠍ᠰᠡᠨ ᠨᠢ᠄ ᠪᠠᠢ ᠯᠢᠩ ᠳ᠋ᠢ

ᠨᠡᠶᠢᠬᠡᠮ ᠠᠬᠤᠢ

ᠰᠣᠶᠤᠯ ᠤᠷᠠᠯᠢᠭ

  • ᠤᠯᠤᠰ ᠤᠨ ᠬᠡᠪᠯᠡᠯ ᠮᠡᠳᠡᠭᠡᠯᠡᠯ ᠷᠠᠳᠢᠣ᠋ ᠲᠧᠯᠸᠶ᠋ᠰ ᠤᠨ ᠶᠡᠷᠦᠩᠬᠡᠢ ᠲᠤᠪᠴᠢᠶ᠎ᠠ᠄ ᠵᠤᠭᠰᠤᠭᠠᠭᠰᠠᠨ ᠨᠡᠪᠲᠡᠷᠡᠭᠦᠯᠬᠡ ᠶᠢ ᠨᠧᠲ ᠲᠤ ᠰᠢᠯᠵᠢᠬᠦᠯᠦᠨ ᠨᠡᠪᠲᠡᠷᠡᠬᠦᠯᠵᠦ ᠪᠤᠯᠬᠤ ᠦᠬᠡᠢ
  • ᠨᠠᠷᠢᠯᠢᠬ ᠭᠤᠶᠤᠮᠰᠤᠭ ᠮᠦᠰᠦᠨ ᠱᠤᠭᠤᠮᠠᠯ 
  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
关闭
010070230030000000000000011120701122246082