ᠲᠤᠮᠳᠠᠳᠤ ᠤᠯᠤᠰ ᠤᠨ ᠡᠪ ᠬᠠᠮᠳᠤ ᠨᠠᠮ ᠤᠨ ᠠᠷᠪᠠᠨ ᠨᠠᠶ᠋ᠮᠠᠳᠤᠭᠠᠷ ᠬᠤᠭᠤᠴᠠᠭᠠᠨ ᠤ ᠲᠦᠪ ᠬᠤᠷᠢᠶᠠᠨ ᠤ ᠵᠢᠷᠭᠤᠳᠤᠭᠠᠷ ᠪᠦᠬᠦᠳᠡ ᠬᠤᠷᠠᠯ ᠤᠨ ᠠᠯᠪᠠᠨ ᠮᠡᠳᠡᠬᠡ 2016-10-29 09:06

    (2016 ᠤᠨ ᠤ10 ᠰᠠᠷ᠎ᠠ ᠶᠢᠨ 27 ᠤ ᠡᠳᠤᠷ ᠲᠤᠮᠳᠠᠳᠤ ᠤᠯᠤᠰ ᠤᠨ ᠡᠪ ᠬᠠᠮᠳᠤ ᠨᠠᠮ ᠤᠨ ᠠᠷᠪᠠᠨ ᠨᠠᠶ᠋ᠮᠠᠳᠤᠭᠠᠷ ᠬᠤᠭᠤᠴᠠᠭᠠᠨ ᠤ ᠲᠦᠪ ᠬᠤᠷᠢᠶᠠᠨ ᠤ ᠵᠢᠷᠭᠤᠳᠤᠭᠠᠷ ᠪᠦᠬᠦᠳᠡ ᠬᠤᠷᠠᠯ ᠡᠴᠡ ᠪᠠᠳᠤᠯᠠᠪᠠ)

    ᠰᠢᠨᠬᠤᠸᠠ ᠬᠤᠷᠢᠶ᠎ᠠ   ᠪᠡᠭᠡᠵᠢᠩ ᠤᠨ 10 ᠰᠠᠷ᠎ᠠ ᠶᠢᠨ 27 ᠤ᠋ ᠡᠳᠦᠷ ᠤᠨ ᠴᠠᠬᠢᠯᠭᠠᠨ ᠮᠡᠳᠡᠭᠡ   ᠲᠤᠮᠳᠠᠳᠤ ᠤᠯᠤᠰ ᠤᠨ ᠡᠪ ᠬᠠᠮᠳᠤ ᠨᠠᠮ ᠤᠨ ᠠᠷᠪᠠᠨ ᠨᠠᠶ᠋ᠮᠠᠳᠤᠭᠠᠷ ᠬᠤᠭᠤᠴᠠᠭᠠᠨ ᠤ ᠲᠦᠪ ᠬᠤᠷᠢᠶᠠᠨ ᠤ ᠵᠢᠷᠭᠤᠳᠤᠭᠠᠷ ᠪᠦᠬᠦᠳᠡ ᠬᠤᠷᠠᠯ ᠡᠴᠡ᠂ ᠪᠦᠬᠦ ᠨᠠᠮ ᠤᠨ ᠨᠦᠬᠦᠳ ᠢ ᠰᠢ ᠵᠢᠨ ᠫᠢᠩ ᠨᠦᠬᠦᠷ ᠢᠶᠡᠷ ᠭᠤᠤᠯ ᠪᠤᠯᠭᠠᠬᠰᠠᠨ ᠨᠠᠮ ᠤᠨ ᠲᠦᠪ ᠬᠤᠷᠢᠶᠠᠨ ᠤ ᠲᠤᠭᠤᠷᠢᠨ ᠳᠤ ᠨᠢᠬᠳᠠᠷᠠᠨ ᠪᠦᠯᠬᠦᠮᠳᠡᠵᠤ᠂ ᠲᠤᠰ ᠤᠳᠠᠭ᠎ᠠ ᠶᠢᠨ ᠪᠦᠬᠦᠳᠠ ᠬᠤᠷᠠᠯ ᠤᠨ ᠵᠤᠷᠢᠬ ᠰᠠᠨᠠᠭ᠎ᠠ ᠶᠢ ᠪᠦᠬᠦ ᠲᠠᠯ᠎ᠠ ᠪᠡᠷ ᠬᠦᠨᠵᠡᠬᠡᠢ ᠲᠤᠤᠱᠯᠠᠭᠤᠯᠵᠤ᠂ ᠤᠯᠤᠰ ᠲᠦᠷᠤ ᠶᠢᠨ ᠤᠬᠠᠮᠰᠠᠷ᠂ ᠶᠡᠬᠡ ᠲᠠᠯ᠎ᠠ ᠶᠢᠨ ᠤᠬᠠᠮᠰᠠᠷ᠂ ᠭᠤᠤᠯᠯᠠᠬᠤ ᠤᠬᠠᠮᠰᠠᠷ᠂ ᠨᠢᠬᠡᠳᠤᠯᠳᠠᠢ ᠪᠠᠢᠢᠬᠤ ᠤᠬᠠᠮᠰᠠᠷ ᠢ ᠪᠠᠳᠤ ᠪᠤᠢ ᠪᠤᠯᠭᠠᠵᠤ᠂ ᠨᠠᠮ ᠤᠨ ᠲᠦᠪ ᠬᠤᠷᠢᠶᠠᠨ ᠪ ᠡᠷᠬᠡ ᠰᠦᠷ ᠪᠤᠯᠤᠨ ᠨᠠᠮ ᠤᠨ ᠲᠦᠪ ᠬᠤᠷᠢᠶᠠᠨ ᠤ ᠲᠦᠪᠯᠡᠷᠡᠩᠬᠦᠢ ᠨᠢᠬᠡᠳᠤᠯᠳᠠᠢ ᠤᠳᠤᠷᠢᠳᠤᠯᠭ᠎ᠠ ᠶᠢ ᠡᠷᠡᠰ ᠭᠤᠢᠢᠪᠢᠰᠢ ᠦᠬᠡᠢ ᠬᠠᠮᠠᠭᠠᠯᠠᠵᠤ᠂ ᠪᠦᠬᠦ ᠲᠠᠯ᠎ᠠ ᠪᠡᠷ ᠨᠠᠮ ᠢ ᠴᠢᠩᠭ᠎ᠠ ᠵᠠᠰᠠᠬᠤ ᠶᠢ ᠦᠷᠬᠦᠯᠵᠢᠯᠠᠨ ᠠᠬᠢᠭᠤᠯᠵᠤ᠂ ᠠᠷᠢᠭᠤᠨ ᠴᠢᠬᠡᠴᠢ ᠰᠤᠷᠳᠠᠯ ᠲᠦᠪ ᠤᠯᠤᠰ ᠲᠦᠷᠤ ᠶᠢᠨ ᠠᠮᠢ ᠠᠬᠤᠢ ᠶᠢ ᠬᠠᠮᠳᠤᠪᠡᠷ ᠪᠤᠢ ᠪᠤᠯᠭᠠᠵᠤ᠂ ᠨᠠᠮ ᠡᠴᠡ ᠠᠷᠠᠳ ᠲᠦᠮᠡᠨ ᠢ ᠪᠦᠯᠬᠦᠮᠳᠡᠬᠦᠯᠤᠨ ᠲᠠᠭᠠᠭᠤᠯᠵᠤ ᠳᠤᠮᠳᠠᠳᠤ ᠤᠯᠤᠰ ᠤᠨ ᠤᠨᠴᠠᠯᠢᠬ ᠳᠠᠢ ᠨᠡᠶᠢᠬᠡᠮ ᠵᠢᠷᠤᠮ ᠤᠨ ᠤᠶᠢᠯᠡᠰ ᠤᠨ ᠰᠢᠨ᠎ᠠ ᠪᠠᠢᠢᠳᠠᠯ ᠢ ᠲᠠᠰᠤᠷᠠᠯᠳᠠ ᠦᠬᠡᠢ ᠨᠡᠬᠡᠬᠡᠨ ᠡᠬᠦᠳᠬᠦ ᠶᠢ ᠪᠠᠳᠤᠯᠠᠰᠤᠭᠠᠢ ᠬᠡᠵᠤ ᠤᠷᠢᠶᠠᠯᠠᠪᠠ᠃

    ᠲᠤᠮᠳᠠᠳᠤ ᠤᠯᠤᠰ ᠤᠨ ᠡᠪ ᠬᠠᠮᠳᠤ ᠨᠠᠮ ᠤᠨ ᠠᠷᠪᠠᠨ ᠨᠠᠶ᠋ᠮᠠᠳᠤᠭᠠᠷ ᠬᠤᠭᠤᠴᠠᠭᠠᠨ ᠤ ᠲᠦᠪ ᠬᠤᠷᠢᠶᠠᠨ ᠤ ᠵᠢᠷᠭᠤᠳᠤᠭᠠᠷ ᠪᠦᠬᠦᠳᠡ ᠬᠤᠷᠠᠯ 2016 ᠤᠨ ᠤ 10 ᠰᠠᠷ᠎ᠠ ᠶᠢᠨ 24 ᠡᠴᠡ 27 ᠤ ᠡᠳᠤᠷ ᠪᠤᠯᠳᠠᠯ᠎ᠠ ᠪᠡᠭᠡᠵᠢᠩ ᠳ᠋ᠤ ᠬᠤᠷᠠᠯᠳᠤᠪᠠ᠃ ᠡᠨᠡ ᠤᠳᠠᠭ᠎ᠠ ᠶᠢᠨ ᠪᠦᠬᠦᠳᠡ ᠬᠤᠷᠠᠯ ᠳ᠋ᠤ ᠤᠷᠤᠯᠴᠠᠭᠰᠠᠳ ᠲᠥ᠂ ᠲᠦᠪ ᠬᠤᠷᠢᠶᠠᠨ ᠤ ᠬᠡᠰᠢᠬᠦᠨ 197 ᠬᠦᠮᠥᠨ᠂ ᠲᠦᠪ ᠬᠤᠷᠢᠶᠠᠨ ᠤ ᠤᠷᠤᠯᠠᠭᠴᠢ ᠬᠡᠰᠢᠬᠦᠨ 151 ᠬᠦᠮᠥᠨ ᠪᠠᠶᠢᠨ᠎ᠠ᠃ ᠲᠦᠪ ᠤᠨ ᠰᠠᠬᠢᠯᠭ᠎ᠠ ᠪᠠᠳᠤ ᠪᠠᠶᠢᠴᠠᠭᠠᠬᠤ ᠬᠤᠷᠢᠶᠠᠨ ᠤ ᠬᠡᠰᠢᠬᠦᠨ ᠪᠤᠯᠤᠨ ᠬᠠᠮᠢᠶ᠎ᠠ ᠪᠦᠬᠦᠢ ᠲᠠᠯ᠎ᠠ ᠶᠢᠨ ᠬᠠᠷᠢᠭᠤᠴᠠᠯᠭᠠᠳᠠᠨ ᠬᠤᠷᠠᠯ ᠳ᠋ᠤ ᠰᠤᠯᠠ ᠤᠷᠤᠯᠴᠠᠪᠠ᠃ ᠨᠠᠮ ᠤᠨ ᠠᠷᠪᠠᠨ ᠨᠠᠶ᠋ᠮᠠᠳᠤᠭᠠᠷ ᠶᠡᠬᠡ ᠬᠤᠷᠠᠯ ᠤᠨ ᠲᠦᠯᠥᠭᠡᠯᠡᠭᠴᠢ ᠢᠢᠨ ᠲᠤᠳᠤᠷᠠᠬᠢ ᠬᠡᠰᠡᠭ ᠦᠨᠳᠦᠰᠦᠨ ᠱᠠᠳᠤᠨ ᠤ ᠨᠦᠬᠦᠳ ᠪᠤᠯᠤᠨ ᠲᠤᠰᠬᠠᠢ ᠮᠡᠷᠬᠡᠵᠢᠯᠳᠡᠨ ᠡᠷᠳᠡᠮᠳᠡᠨ ᠪᠠᠰᠠ ᠬᠤᠷᠠᠯ ᠳ᠋ᠤ ᠰᠤᠯᠠ ᠤᠷᠤᠯᠴᠠᠵᠠᠢ᠃ ᠪᠦᠬᠦᠳᠡ ᠬᠤᠷᠠᠯ ᠢ ᠨᠠᠮ ᠤᠨ ᠲᠦᠪ ᠬᠤᠷᠢᠶᠠᠨ ᠤ ᠤᠯᠤᠰ ᠲᠦᠷᠦ ᠶᠢᠨ ᠲᠤᠪᠴᠢᠶ᠎ᠠ ᠡᠴᠡ ᠡᠷᠬᠢᠯᠡᠪᠡ᠃ ᠨᠠᠮ ᠤᠨ ᠲᠦᠪ ᠬᠤᠷᠢᠶᠠᠨ ᠤ ᠶᠡᠷᠤᠩᠬᠡᠢ ᠱᠦᠵᠢ ᠰᠢ ᠵᠢᠨ ᠫᠢᠩ ᠴᠢᠬᠤᠯᠠ ᠶᠠᠷᠢᠶ᠎ᠠ ᠲᠠᠯᠪᠢᠵᠠᠢ᠃

    ᠪᠦᠬᠦᠳᠡ ᠬᠤᠷᠠᠯ ᠨᠢ ᠰᠢ ᠵᠢᠨ ᠫᠢᠩ ᠤᠨ ᠨᠠᠮ ᠤᠨ ᠲᠦᠪ ᠬᠤᠷᠢᠶᠠᠨ ᠤ ᠤᠯᠤᠰ ᠲᠦᠷᠦ ᠢᠢᠨ ᠲᠤᠪᠴᠢᠶᠠᠨ ᠤ ᠨᠠᠶᠢᠳᠠᠯᠭ᠎ᠠ ᠪᠡᠷ ᠬᠢᠭᠰᠡᠡ ᠠᠵᠢᠯ ᠤᠨ ᠢᠯᠡᠳᠭᠡᠯ ᠢ ᠰᠤᠨᠤᠰᠤᠨ ᠶᠠᠷᠢᠯᠴᠠᠵᠥ《ᠰᠢᠨ᠎ᠠ ᠪᠠᠶᠢᠳᠠᠯ ᠲᠤᠤᠷᠠᠬᠢ ᠨᠠᠮ ᠤᠨ ᠲᠤᠳᠤᠭᠠᠳᠤ ᠶᠢᠨ ᠤᠯᠤᠰ ᠲᠦᠷᠦ ᠢᠢᠨ ᠠᠮᠢᠳᠤᠷᠠᠯ ᠤᠨ ᠲᠤᠬᠠᠢ ᠪᠠᠷᠢᠮᠵᠢᠶ᠎ᠠ ᠨᠤᠭᠤᠳ》ᠪᠤᠯᠤᠨ《ᠲᠤᠮᠳᠠᠳᠤ ᠤᠯᠤᠰ ᠤᠨ ᠡᠪ ᠬᠠᠮᠳᠤ ᠨᠠᠮ ᠤᠨ ᠨᠠᠮ ᠤᠨ ᠲᠤᠳᠤᠭᠠᠳᠤ ᠢᠢᠨ ᠬᠢᠨᠠᠯᠳᠠ ᠲᠠᠯᠪᠢᠬᠤ ᠲᠦᠷᠢᠮ》 ᠢ᠋᠋ ᠬᠢᠨᠠᠨ ᠵᠦᠪᠯᠡᠨ ᠪᠠᠳᠤᠯᠠᠵᠥ᠂《ᠨᠠᠮ ᠤᠨ ᠠᠷᠪᠠ ᠶᠢᠰᠦᠳᠦᠭᠡᠷ ᠤᠳᠠᠭ᠎ᠠ ᠢᠢᠨ ᠪᠦᠬᠦ ᠤᠯᠤᠰ ᠤᠨ ᠲᠦᠯᠥᠬᠡᠯᠡᠭᠴᠢᠳ ᠤᠨ ᠶᠡᠬᠡ ᠬᠤᠷᠠᠯ ᠢ ᠬᠤᠷᠠᠯᠳᠤᠭᠤᠯᠬᠤ ᠲᠤᠬᠠᠢ ᠰᠢᠢᠳᠪᠤᠷᠢ》 ᠶ᠋ᠢ ᠬᠢᠨᠠᠨ ᠵᠦᠪᠯᠡᠵᠥ ᠪᠠᠳᠤᠯᠠᠪᠠ᠃ ᠰᠢ ᠵᠢᠨ ᠫᠢᠩ《ᠪᠠᠷᠢᠮᠵᠢᠶ᠎ᠠ(ᠶᠠᠷᠢᠯᠴᠠᠬᠤ ᠨᠤᠤᠷᠠᠭ)》 ᠪᠤᠯᠤᠨ《ᠲᠦᠷᠢᠮ(ᠶᠠᠷᠢᠯᠴᠠᠬᠤ ᠨᠤᠤᠷᠠᠭ)》 ᠤ᠋᠋ᠨ ᠲᠤᠬᠠᠢ ᠪᠦᠬᠦᠳᠡ ᠬᠤᠷᠠᠯ ᠳ᠋ᠤ ᠲᠤᠳᠤᠷᠬᠠᠶᠢᠯᠠᠯᠳᠡ ᠬᠢᠪᠡ᠃

    ᠪᠦᠬᠦᠳᠡ ᠬᠤᠷᠠᠯ ᠡᠴᠡ᠂ ᠨᠠᠮ ᠤᠨ ᠠᠷᠪᠠᠨ ᠨᠠᠶ᠋ᠮᠠᠳᠤᠭᠠᠷ ᠬᠤᠭᠤᠴᠠᠭᠠᠨ ᠤ ᠲᠦᠪ ᠬᠤᠷᠢᠶᠠᠨ ᠤ ᠲᠠᠪᠤᠳᠤᠭᠠᠷ ᠪᠦᠬᠦᠳᠡ ᠬᠤᠷᠠᠯ ᠡᠴᠡ ᠨᠡᠰᠢᠬᠢ ᠲᠦᠪ ᠬᠤᠷᠢᠶᠠᠨ ᠤ ᠤᠯᠤᠰ ᠲᠦᠷᠦ ᠢᠢᠨ ᠲᠤᠪᠴᠢᠶᠠᠨ ᠤ ᠠᠵᠢᠯ ᠢ ᠬᠦᠢᠴᠡᠳ ᠨᠤᠳᠠᠯᠠᠪᠠ᠃ ᠲᠡᠯᠡᠬᠡᠢ ᠢᠢᠨ ᠪᠡ ᠤᠯᠤᠰ ᠤᠨ ᠲᠤᠳᠤᠭᠠᠳᠤ ᠢᠢᠨ ᠨᠠᠷᠢᠨ ᠪᠤᠳᠤᠯᠢᠶᠠᠨᠳᠠᠢ ᠪᠠᠶᠢᠳᠠᠯ ᠤᠨ ᠡᠮᠤᠨ᠎ᠠ᠂ ᠲᠦᠪ ᠬᠤᠷᠢᠶᠠᠨ ᠤ ᠤᠯᠤᠰ ᠲᠦᠷᠦ ᠢᠢᠨ ᠲᠤᠪᠴᠢᠶ᠎ᠠ ᠲᠤᠮᠳᠠᠳᠤ ᠤᠯᠤᠰ ᠤᠨ ᠤᠨᠴᠠᠯᠢᠭ ᠲᠠᠢ ᠨᠡᠶᠢᠭᠡᠮ ᠵᠢᠷᠤᠮ ᠤᠨ ᠠᠭᠤᠤ ᠶᠡᠬᠡ ᠲᠤᠭ ᠢ ᠦᠨᠳᠤᠷ ᠮᠠᠨᠳᠤᠭᠤᠯᠵᠥ᠂ ᠮᠠᠷᠺᠰ ᠯᠸᠨᠢᠨ ᠤ ᠦᠵᠡᠯ᠂ ᠮᠠᠤ ᠽᠸ ᠳ᠋ᠦᠩ ᠤᠨ ᠦᠵᠡᠯ ᠰᠠᠨᠠᠭ᠎ᠠ᠂ ᠳ᠋ᠸᠩ ᠰᠢᠶᠤᠤ ᠫᠢᠩ ᠤᠨ ᠤᠨᠤᠯ᠂ 《ᠭᠤᠷᠪᠠ ᠢᠢ ᠲᠦᠯᠥᠬᠡᠯᠡᠬᠦ》ᠴᠢᠬᠤᠯᠠ ᠦᠵᠡᠯ ᠰᠠᠨᠠᠭ᠎ᠠ᠂ ᠰᠢᠨᠵᠢᠯᠡᠬᠦ ᠤᠬᠠᠭᠠᠨᠴᠢ ᠬᠦᠭᠵᠢᠯᠳᠡ ᠢᠢᠨ ᠦᠵᠡᠯᠳᠡ ᠪᠡᠷ ᠵᠢᠯᠤᠭᠤᠳᠤᠯᠭ᠎ᠠ ᠪᠤᠯᠭᠠᠬᠤ ᠢᠢ ᠪᠠᠷᠢᠮᠳᠠᠯᠠᠵᠥ᠂ ᠨᠠᠮ ᠤᠨ ᠠᠷᠪᠠᠨ ᠨᠠᠶ᠋ᠮᠠᠳᠤᠭᠠᠷ ᠶᠡᠬᠡ ᠬᠤᠷᠠᠯ ᠪᠤᠯᠤᠨ ᠠᠷᠪᠠᠨ ᠨᠠᠶ᠋ᠮᠠᠳᠤᠭᠠᠷ ᠬᠤᠭᠤᠴᠠᠭᠠᠨ ᠤ ᠲᠦᠪ ᠬᠤᠷᠢᠶᠠᠨ ᠤ ᠭᠤᠷᠪᠠᠳᠤᠭᠠᠷ᠂ ᠲᠦᠷᠪᠡᠳᠤᠭᠡᠷ᠂ ᠲᠠᠪᠤᠳᠤᠭᠠᠷ ᠪᠦᠬᠦᠳᠡ ᠬᠤᠷᠠᠯ ᠤᠨ ᠵᠤᠷᠢᠭ ᠰᠠᠨᠠᠭ᠎ᠠ ᠶᠢ ᠪᠦᠬᠦ ᠲᠠᠯ᠎ᠠ ᠪᠡᠷ ᠲᠤᠤᠱᠯᠠᠭᠤᠯᠵᠥ᠂ ᠶᠡᠷᠤᠩᠬᠡᠢ ᠱᠦᠵᠢ ᠰᠢ ᠵᠢᠨ ᠫᠢᠩ ᠤᠨ ᠰᠢᠷᠢᠰ ᠴᠢᠬᠤᠯᠠ ᠶᠠᠷᠢᠶᠠᠨ ᠤ ᠵᠤᠷᠢᠭ ᠰᠠᠨᠠᠭ᠎ᠠ ᠪᠤᠯᠤᠨ ᠲᠦᠷᠦ ᠢᠢ ᠵᠠᠰᠠᠵᠥ ᠵᠠᠰᠠᠭ ᠢ ᠡᠷᠬᠢᠯᠡᠬᠦ ᠰᠢᠨ᠎ᠠ ᠤᠢᠯᠠᠭᠠᠭᠳᠠᠬᠤᠨ ᠰᠢᠨ᠎ᠠ ᠦᠵᠡᠯ ᠰᠠᠨᠠᠭ᠎ᠠ ᠰᠢᠨ᠎ᠠ ᠪᠠᠢᠢᠯᠳᠤᠬᠤ ᠪᠤᠳᠤᠯᠭ᠎ᠠ ᠢᠢ ᠬᠦᠨᠵᠡᠬᠡᠢ ᠲᠤᠤᠱᠯᠠᠭᠤᠯᠵᠥ᠂ ᠴᠠᠭ ᠦᠶ᠎ᠠ ᠢᠢᠨ ᠶᠡᠬᠡ ᠬᠠᠨᠳᠤᠰᠢ ᠢᠢ ᠡᠵᠡᠮᠳᠡᠵᠥ᠂ ᠦᠢᠯᠡᠳᠦᠯᠬᠡ ᠢᠢᠨ ᠱᠠᠭᠠᠷᠳᠠᠯᠭ᠎ᠠ ᠳ᠋ᠤ ᠬᠠᠷᠢᠭᠤᠯᠳᠡ ᠦᠭᠴᠦ᠂ ᠪᠦᠬᠦ ᠤᠯᠤᠰ ᠤᠨ ᠦᠨᠳᠦᠰᠦᠳᠡᠨ ᠨᠤᠬᠦᠳ ᠤᠨ ᠠᠷᠠᠳ ᠲᠦᠮᠡᠨ ᠢ ᠪᠦᠯᠬᠦᠮᠳᠡᠬᠦᠯᠥᠨ ᠲᠠᠶᠢᠴᠢᠯᠠᠵᠥ ᠰᠡᠳᠬᠢᠯ ᠨᠢᠬᠡᠳᠤᠨ ᠬᠦᠴᠦ ᠪᠡᠨ ᠬᠠᠮᠳᠤᠳᠬᠠᠵᠥ᠂ ᠰᠢᠷᠭᠠᠭᠤ ᠠᠵᠢᠯᠯᠠᠨ ᠦᠨᠡᠨ ᠪᠤᠳᠠᠳᠠᠢ ᠠᠵᠢᠯᠯᠠᠵᠥ᠂《ᠲᠠᠪᠤ ᠢᠢ ᠨᠢᠬᠡ ᠴᠤᠭᠴᠠᠵᠢᠭᠤᠯᠬᠤ》ᠶᠡᠷᠤᠩᠬᠡᠢ ᠪᠠᠶᠢᠷᠢᠰᠢᠭᠤᠯᠤᠯᠳᠠ ᠢᠢ ᠨᠢᠬᠡᠳᠤᠯᠳᠡᠢ ᠲᠦᠯᠥᠪᠵᠢᠬᠦᠯᠥᠨ ᠠᠬᠢᠭᠤᠯᠤᠭᠰᠠᠠ ᠪᠠ 《ᠲᠦᠷᠪᠡᠨ ᠪᠦᠬᠦ ᠲᠠᠯ᠎ᠠ》 ᠶ᠋ᠢᠨ ᠪᠠᠢᠯᠳᠤᠬᠤ ᠪᠤᠳᠤᠯᠭ᠎ᠠ ᠢᠢᠨ ᠪᠠᠢᠷᠢᠰᠢᠭᠤᠯᠤᠯᠳᠠ ᠢᠢ ᠵᠤᠬᠢᠴᠠᠭᠤᠯᠤᠨ ᠠᠬᠢᠭᠤᠯᠵᠥ ᠂《ᠬᠤᠶᠠᠷ ᠢ ᠰᠤᠷᠤᠯᠴᠠᠵᠥ ᠨᠢᠬᠡ ᠳ᠋ᠤ ᠲᠡᠩᠴᠡᠬᠦᠯᠬᠦ》 ᠰᠤᠷᠤᠯᠴᠠᠭ᠎ᠠ ᠬᠦᠮᠥᠵᠢᠯ ᠢ ᠦᠷᠨᠢᠬᠦᠯᠵᠥ ᠂ ᠦᠭᠡᠷᠡᠴᠢᠯᠡᠯᠳᠡ ᠢᠢ ᠪᠦᠬᠦ ᠲᠠᠯ᠎ᠠ ᠪᠡᠷ ᠬᠦᠨᠵᠡᠬᠡᠢᠢᠷᠡᠬᠦᠯᠬᠦ᠂ ᠬᠠᠩᠭᠠᠯᠭ᠎ᠠ ᠢᠢᠨ ᠲᠠᠯ᠎ᠠ ᠢᠢᠨ ᠪᠦᠳᠦᠴᠡ ᠢᠢᠨ ᠴᠢᠨᠠᠷᠳᠠᠢ ᠦᠭᠡᠷᠡᠴᠢᠯᠡᠯᠳᠡ᠂ ᠤᠯᠤᠰ ᠤᠨ ᠪᠠᠳᠤᠯᠠᠨ ᠬᠠᠮᠠᠭᠠᠯᠠᠯᠳᠡ ᠪᠤᠯᠤᠨ ᠴᠡᠷᠢᠭ ᠠᠩᠬᠢ ᠢᠢᠨ ᠦᠭᠡᠷᠡᠴᠢᠯᠡᠯᠳᠡ ᠳᠤ ᠴᠢᠬᠤᠯᠠ ᠠᠯᠬᠤᠮ ᠠᠯᠬᠤᠬᠤ ᠢᠢ ᠠᠬᠢᠭᠤᠯᠵᠥ᠂ ᠨᠠᠮ ᠪᠤᠯᠤᠨ ᠤᠯᠤᠰ ᠤᠨ ᠡᠯ᠎ᠠ ᠵᠦᠢᠯ ᠤᠨ ᠠᠵᠢᠯ ᠰᠢᠨ᠎ᠠ ᠴᠢᠬᠤᠯᠠ ᠶᠡᠬᠡ ᠠᠬᠢᠴᠠ ᠲᠠᠢ ᠪᠤᠯᠤᠭᠰᠠᠠ ᠪᠠᠢᠨ᠎ᠠ ᠬᠡᠵᠥ ᠰᠠᠨᠠᠯ ᠨᠢᠬᠡᠳᠡᠢ ᠦᠵᠡᠪᠡ᠃

    ᠪᠦᠬᠦᠳᠡ ᠬᠤᠷᠠᠯ ᠡᠴᠡ᠂ ᠪᠦᠬᠦ ᠲᠠᠯ᠎ᠠ ᠪᠡᠷ ᠨᠠᠮ ᠢ ᠴᠢᠩᠭ᠎ᠠ ᠵᠠᠰᠠᠬᠤ ᠠᠵᠢᠯ ᠤᠨ ᠤᠯᠤᠭᠰᠠᠠ ᠠᠮᠵᠢᠯᠳᠠ ᠢᠢ ᠲᠡᠬᠡᠳᠤ ᠬᠡᠮᠵᠢᠶ᠎ᠠ ᠪᠡᠷ ᠦᠨᠡᠯᠡᠵᠥ᠂ ᠨᠠᠮ ᠤᠨ ᠠᠷᠪᠠᠨ ᠨᠠᠶ᠋ᠮᠠᠳᠤᠭᠠᠷ ᠶᠡᠬᠡ ᠬᠤᠷᠠᠯ ᠡᠴᠡ ᠨᠠᠰᠢ᠂ ᠰᠢ ᠵᠢᠨ ᠫᠢᠩ ᠨᠦᠬᠦᠷ ᠢᠶᠡᠷ ᠭᠤᠤᠯ ᠪᠤᠯᠭᠠᠭᠰᠠᠠ ᠨᠠᠮ ᠤᠨ ᠲᠦᠪ ᠬᠤᠷᠢᠶ᠎ᠠ ᠪᠡᠶᠡᠴᠢᠯᠡᠨ ᠤᠷᠤᠯᠴᠠᠵᠤ ᠴᠢᠷᠮᠠᠶᠢᠨ ᠠᠵᠢᠯᠯᠠᠵᠥ᠂ ᠪᠡᠶ᠎ᠠ ᠪᠡᠷ ᠢᠶᠡᠨ ᠦᠯᠢᠬᠡᠷ ᠲᠠᠭᠤᠷᠢᠶᠠᠯ ᠪᠤᠯᠵᠥ᠂ ᠪᠦᠬᠦ ᠲᠠᠯ᠎ᠠ ᠪᠡᠷ ᠨᠠᠮ ᠢ ᠴᠢᠩᠭ᠎ᠠ ᠵᠠᠰᠠᠬᠤ ᠢᠢ ᠡᠷᠡᠰ ᠠᠬᠢᠭᠤᠯᠵᠥ᠂ ᠦᠵᠡᠯ ᠰᠠᠨᠠᠭ᠎ᠠ ᠪᠡᠷ ᠨᠠᠮ ᠢ ᠪᠠᠶᠢᠭᠤᠯᠬᠤ ᠪᠠ ᠲᠦᠷᠢᠮ ᠢᠶᠡᠷ ᠨᠠᠮ ᠢ ᠪᠠᠶᠢᠭᠤᠯᠬᠤ ᠢᠢ ᠨᠢᠬᠳᠠ ᠤᠶᠠᠯᠳᠤᠭᠤᠯᠬᠤ ᠢᠢ ᠪᠠᠷᠢᠮᠳᠠᠯᠠᠵᠥ᠂ ᠨᠠᠮ ᠤᠨ ᠰᠤᠷᠳᠠᠯ ᠢ ᠲᠦᠪᠯᠡᠷᠡᠬᠦᠯᠥᠨ ᠴᠡᠭᠴᠡᠯᠡᠵᠥ᠂ ᠢᠯᠵᠢᠷᠠᠯ ᠢ ᠴᠢᠩᠭ᠎ᠠ ᠵᠠᠯᠬᠠᠭᠠᠨ ᠰᠢᠳᠭᠡᠵᠥ᠂ ᠨᠠᠮ ᠤᠨ ᠲᠤᠳᠤᠭᠠᠳᠤ ᠢᠢᠨ ᠤᠯᠤᠰ ᠲᠦᠷᠦ ᠢᠢᠨ ᠠᠮᠢ ᠠᠬᠤᠢ ᠢᠢ ᠴᠡᠪᠡᠷᠰᠢᠬᠦᠯᠵᠥ᠂ ᠨᠠᠮ ᠤᠨ ᠲᠤᠳᠤᠭᠠᠳᠤ ᠢᠢᠨ ᠤᠯᠤᠰ ᠲᠦᠷᠦ ᠢᠢᠨ ᠠᠮᠢᠳᠤᠷᠠᠯ ᠳ᠋ᠤ ᠰᠢᠨ᠎ᠠ ᠪᠠᠶᠢᠳᠠᠯ ᠢᠯᠡᠷᠡᠵᠥ᠂ ᠨᠠᠮ ᠤᠨ ᠰᠡᠳᠬᠢᠯ ᠠᠷᠠᠳ ᠤᠨ ᠰᠡᠳᠬᠢᠯ ᠢ ᠤᠯᠵᠥ᠂ ᠨᠠᠮ ᠪᠤᠯᠤᠨ ᠤᠯᠤᠰ ᠤᠨ ᠦᠢᠯᠡᠰ ᠤᠨ ᠰᠢᠨ᠎ᠠ ᠪᠠᠶᠢᠳᠠᠯ ᠢ ᠡᠬᠦᠳᠬᠦ ᠳ᠋ᠤ ᠴᠢᠬᠤᠯᠠ ᠪᠠᠳᠤᠯᠠᠭ᠎ᠠ ᠬᠠᠩᠭᠠᠭᠰᠠᠠ ᠪᠠᠶᠢᠨ᠎ᠠ ᠬᠡᠵᠥ ᠦᠵᠡᠪᠡ᠃

    ᠪᠦᠬᠦᠳᠡ ᠬᠤᠷᠠᠯ ᠡᠴᠡ ᠂ ᠮᠠᠨ ᠤ ᠨᠠᠮ ᠤᠨ ᠦᠷᠨᠢᠬᠦᠯᠥᠭᠰᠡᠡ ᠨᠠᠮ ᠤᠨ ᠲᠤᠳᠤᠭᠠᠳᠤ ᠢᠢᠨ ᠤᠯᠤᠰ ᠲᠦᠷᠦ ᠢᠢᠨ ᠠᠮᠢᠳᠤᠷᠠᠯ ᠤᠨ ᠲᠡᠤᠬᠡᠨ ᠲᠤᠷᠰᠢᠯᠭ᠎ᠠ ᠢᠢ ᠳ᠋ᠦᠩᠨᠡᠵᠥ᠂ ᠪᠦᠬᠦ ᠲᠠᠯ᠎ᠠ ᠪᠡᠷ ᠨᠠᠮ ᠢ ᠴᠢᠩᠭ᠎ᠠ ᠵᠠᠰᠠᠬᠤ ᠳ᠋ᠤ ᠲᠤᠯᠭᠠᠷᠠᠵᠥ ᠪᠠᠢᠭ᠎ᠠ ᠪᠠᠢᠳᠠᠯ ᠪᠤᠯᠤᠨ ᠡᠬᠦᠷᠬᠡ ᠳ᠋ᠤ ᠵᠠᠳᠠᠯᠤᠯᠳᠡ ᠬᠢᠵᠥ᠂ ᠲᠤᠮᠳᠠᠳᠤ ᠤᠯᠤᠰ ᠤᠨ ᠶᠠᠪᠤᠳᠠᠯ ᠢ ᠰᠠᠢᠳᠤᠷ ᠬᠢᠬᠦ ᠳ᠋ᠤ ᠵᠠᠩᠬᠢᠯᠠᠭ᠎ᠠ ᠨᠢ ᠨᠠᠮ ᠳ᠋ᠤ ᠪᠠᠢᠢᠨ᠎ᠠ᠂ ᠵᠠᠩᠬᠢᠯᠠᠭ᠎ᠠ ᠨᠢ ᠨᠠᠮ ᠨᠢ ᠨᠠᠮ ᠢᠶᠡᠨ ᠬᠠᠮᠢᠶᠠᠷᠴᠦ᠂ ᠨᠠᠮ ᠢ ᠴᠢᠩᠭ᠎ᠠ ᠵᠠᠰᠠᠬᠤ ᠳ᠋ᠤ ᠪᠠᠢᠨ᠎ᠠ᠃ ᠨᠠᠮ ᠨᠢ ᠨᠠᠮ ᠢᠶᠡᠨ ᠬᠠᠮᠢᠶᠠᠷᠬᠤ ᠳ᠋ᠤ ᠡᠷᠬᠡᠪᠰᠢ ᠨᠠᠮ ᠤᠨ ᠲᠤᠳᠤᠭᠠᠳᠤ ᠢᠢᠨ ᠤᠯᠤᠰ ᠲᠦᠷᠦ ᠢᠢᠨ ᠠᠮᠢᠳᠤᠷᠠᠯ ᠡᠴᠡ ᠡᠬᠢᠯᠡᠨ ᠬᠠᠮᠢᠶᠠᠷᠬᠤ ᠬᠡᠷᠡᠭᠳᠡᠢ᠂ ᠨᠠᠮ ᠢ ᠴᠢᠩᠭ᠎ᠠ ᠵᠠᠰᠠᠬᠤ ᠳ᠋ᠤ ᠡᠷᠬᠡᠪᠰᠢ ᠨᠠᠮ ᠤᠨ ᠲᠤᠳᠤᠭᠠᠳᠤ ᠢᠢᠨ ᠤᠯᠤᠰ ᠲᠦᠷᠦ ᠢᠢᠨ ᠠᠮᠢᠳᠤᠷᠠᠯ ᠡᠴᠡ ᠡᠬᠢᠯᠡᠨ ᠴᠢᠩᠳᠠᠯᠠᠬᠤ ᠬᠡᠷᠡᠭᠳᠡᠢ᠃ ᠮᠠᠰᠢ ᠤᠯᠠᠨ ᠰᠢᠨ᠎ᠠ ᠲᠡᠤᠬᠡ ᠢᠢᠨ ᠤᠨᠴᠠᠯᠢᠭ ᠲᠠᠢ ᠠᠭᠤᠤ ᠶᠡᠬᠡ ᠲᠡᠮᠡᠴᠡᠯ ᠢ ᠶᠠᠪᠤᠭᠤᠯᠵᠥ᠂ ᠨᠠᠮ ᠤᠨ ᠪᠠᠢᠭᠤᠯᠤᠯᠳᠠ ᠢᠢᠨ ᠰᠢᠨ᠎ᠠ ᠠᠭᠤᠤ ᠶᠡᠬᠡ ᠢᠨᠵᠸᠨ᠋ᠸᠷᠢᠩ ᠢ ᠠᠬᠢᠭᠤᠯᠵᠥ᠂ ᠲᠤᠮᠳᠠᠳᠤ ᠤᠯᠤᠰ ᠤᠨ ᠤᠨᠴᠠᠯᠢᠭ ᠲᠠᠢ ᠨᠡᠢᠭᠡᠮ ᠵᠢᠷᠤᠮ ᠤᠨ ᠠᠭᠤᠤ ᠶᠡᠬᠡ ᠦᠢᠯᠡᠰ ᠢ ᠠᠬᠢᠭᠤᠯᠵᠥ ᠂《ᠲᠦᠷᠪᠡᠨ ᠶᠡᠬᠡ ᠰᠢᠯᠭᠠᠯᠳᠡ》 ᠶ᠋ᠢ ᠲᠤᠭᠤᠯᠵᠥ ᠂ ᠲᠦᠷᠪᠡᠨ ᠵᠦᠢᠯ ᠤᠨ ᠠᠶᠤᠯ ᠲᠦᠭᠰᠢᠬᠦᠷᠢ ᠢᠢ ᠢᠯᠠᠨ ᠲᠠᠪᠠᠬᠤ ᠳ᠋ᠤ ᠰᠢᠨ᠎ᠠ ᠪᠠᠢᠳᠠᠯ ᠲᠤᠤᠷᠠᠬᠢ ᠨᠠᠮ ᠤᠨ ᠲᠤᠳᠤᠭᠠᠳᠤ ᠢᠢᠨ ᠤᠯᠤᠰ ᠲᠦᠷᠦ ᠢᠢᠨ ᠠᠮᠢᠳᠤᠷᠠᠯ ᠤᠨ ᠪᠠᠷᠢᠮᠵᠢᠶ᠎ᠠ᠎ ᠢᠢ ᠲᠤᠭᠳᠠᠭᠠᠬᠤ ᠴᠢᠬᠤᠯᠠ ᠲᠠᠢ ᠪᠠᠢᠨ᠎ᠠ ᠬᠡᠵᠥ ᠦᠵᠡᠪᠡ᠃

 

    ᠪᠦᠭᠦᠳᠡ ᠬᠤᠷᠠᠯ ᠡᠴᠡ᠂ ᠰᠢᠨ᠎ᠠ ᠪᠠᠶᠢᠳᠠᠯ ᠳᠤᠤᠷ᠎ᠠ ᠨᠠᠮ ᠤᠨ ᠳᠤᠳᠤᠭᠠᠳᠦ ᠵᠢᠨ ᠤᠯᠤᠰ ᠲᠦᠷᠦ ᠵᠢᠨ ᠠᠮᠢᠳᠤᠷᠠᠯ ᠢ ᠴᠢᠩᠭᠠᠳᠬᠠᠨ ᠵᠢᠷᠤᠮᠵᠢᠭᠤᠯᠬᠤ ᠳᠦ ᠡᠷᠬᠡᠪᠰᠢ ᠨᠠᠮ ᠤᠨ ᠳᠦᠷᠢᠮ ᠵᠢᠡᠷ ᠦᠨᠳᠦᠰᠦᠨ ᠵᠢᠷᠤᠮᠯᠡᠯ ᠪᠤᠯᠭᠠᠵᠤ᠂ ᠨᠠᠮ ᠤᠨ ᠤᠯᠤᠰ ᠲᠦᠷᠦ ᠵᠢᠨ ᠱᠤᠭᠤᠮ᠂ ᠦᠵᠡᠯ ᠰᠠᠨᠠᠭᠠᠨ ᠤ ᠱᠤᠭᠤᠮ᠂ ᠵᠤᠬᠢᠶᠠᠨ ᠪᠠᠢᠭᠤᠯᠤᠯᠲᠠ ᠵᠢᠨ ᠱᠤᠭᠤᠮ᠂ ᠤᠯᠠᠨ ᠲᠦᠮᠡᠨᠴᠢ ᠱᠤᠭᠤᠮ ᠢ ᠪᠠᠷᠢᠮᠲᠠᠯᠠᠵᠤ᠂ ᠨᠠᠮ ᠤᠨ ᠳᠤᠳᠤᠭᠠᠳᠦ ᠵᠢᠨ ᠤᠯᠤᠰ ᠲᠦᠷᠦ ᠵᠢᠨ ᠠᠮᠢᠳᠤᠷᠠᠯ ᠤᠨ ᠤᠯᠤᠰ ᠲᠦᠷᠦᠴᠢ ᠴᠢᠨᠠᠷ᠂ ᠴᠠᠭ ᠦᠶᠡᠴᠢ ᠴᠢᠨᠠᠷ᠂ ᠵᠠᠷᠴᠢᠮᠳᠤ ᠴᠢᠨᠠᠷ᠂ ᠳᠠᠶᠢᠴᠢᠨ ᠴᠢᠨᠠᠷ ᠢ ᠬᠦᠴᠦᠯᠡᠨ ᠴᠢᠩᠭᠠᠳᠬᠠᠵᠤ᠂ ᠨᠠᠮ ᠤᠨ ᠦᠪᠡᠷ ᠢ ᠪᠠᠨ ᠴᠡᠪᠡᠷᠰᠢᠭᠦᠯᠬᠦ᠂ ᠦᠪᠡᠷ ᠢ ᠪᠠᠨ ᠲᠡᠭᠦᠯᠳᠡᠷᠵᠢᠭᠦᠯᠬᠦ᠂ ᠦᠪᠡᠷ ᠢ ᠪᠠᠨ ᠰᠢᠨᠡᠴᠢᠯᠡᠬᠦ᠂ ᠦᠪᠡᠷ ᠢ ᠪᠠᠨ ᠳᠡᠭᠡᠭᠰᠢᠯᠡᠭᠦᠯᠬᠦ ᠴᠢᠳᠠᠪᠤᠷᠢ ᠵᠢ ᠬᠦᠴᠦᠯᠡᠨ ᠴᠢᠩᠭᠠᠳᠬᠠᠵᠤ᠂ ᠨᠠᠮ ᠤᠨ ᠤᠳᠤᠷᠢᠳᠬᠤ ᠲᠦᠪᠰᠢᠨ ᠪᠠ ᠲᠦᠷᠦ ᠪᠠᠷᠢᠬᠤ ᠲᠦᠪᠰᠢᠨ ᠢ ᠬᠦᠴᠦᠯᠡᠨ ᠳᠡᠭᠡᠭᠰᠢᠯᠡᠭᠦᠯᠵᠤ᠂ ᠢᠯᠵᠢᠷᠡᠬᠦ ᠢᠢ ᠲᠡᠪᠴᠢᠵᠤ ᠴᠢᠨᠠᠷ ᠬᠤᠪᠢᠷᠠᠬᠤ ᠵᠢ ᠰᠡᠷᠭᠡᠶᠢᠯᠡᠬᠦ ᠪᠠ ᠠᠶᠤᠯ ᠲᠦᠭᠰᠢᠭᠦᠷᠢ ᠵᠢ ᠡᠰᠡᠷᠭᠦᠴᠡᠬᠦ ᠴᠢᠳᠠᠪᠤᠷᠢ ᠵᠢ ᠬᠦᠴᠦᠯᠡᠨ ᠳᠡᠭᠡᠭᠰᠢᠯᠡᠭᠦᠯᠬᠦ ᠬᠡᠷᠡᠭᠳᠡᠢ᠂ ᠨᠠᠮ ᠤᠨ ᠲᠦᠪ ᠬᠤᠷᠢᠶᠠᠨ ᠤ ᠡᠷᠬᠡ ᠰᠦᠷ ᠢ ᠬᠠᠮᠠᠭᠠᠯᠠᠵᠤ᠂ ᠨᠠᠮ ᠤᠨ ᠪᠦᠯᠬᠦᠮᠳᠡᠯ ᠨᠢᠭᠡᠳᠦᠯ ᠢ ᠪᠠᠲᠤᠳᠬᠠᠵᠤ᠂ ᠨᠠᠮ ᠤᠨ ᠲᠡᠷᠢᠭᠦᠨ ᠤ ᠴᠢᠨᠠᠷ ᠪᠠ ᠴᠡᠪᠡᠷ ᠴᠢᠨᠠᠷ ᠢ ᠪᠠᠷᠢᠮᠲᠠᠯᠠᠵᠤ᠂ ᠪᠦᠬᠦ ᠨᠠᠮ ᠤᠨ ᠳᠤᠳᠤᠷ᠎ᠠ ᠲᠦᠪᠯᠡᠷᠡᠯ ᠲᠠᠢ ᠪᠦᠭᠡᠳ ᠠᠷᠠᠳᠴᠢᠯᠠᠯ ᠲᠠᠢ᠂ ᠰᠠᠬᠢᠯᠭ᠎ᠠ ᠪᠠᠲᠦ ᠲᠠᠢ ᠪᠦᠭᠡᠳ ᠡᠷᠬᠡ ᠴᠢᠯᠦᠭᠡᠲᠠᠢ᠂ ᠨᠢᠭᠡᠳᠦᠯᠲᠠᠢ ᠵᠤᠷᠢᠭ ᠰᠠᠨᠠᠭ᠎ᠠ ᠲᠠᠢ ᠪᠦᠭᠡᠳ ᠬᠤᠪᠢ ᠬᠦᠮᠦᠨ ᠤ ᠰᠡᠳᠭᠢᠯᠭᠡ ᠠᠮᠢᠳᠤᠯᠢᠭ ᠴᠢᠯᠦᠭᠡᠲᠠᠢ ᠪᠠᠶᠢᠬᠤ ᠤᠯᠤᠰ ᠲᠦᠷᠦ ᠵᠢᠨ ᠪᠠᠶᠢᠳᠠᠯ ᠢ ᠴᠢᠷᠮᠠᠶᠢᠨ ᠪᠦᠷᠢᠯᠳᠦᠭᠦᠯᠬᠦ ᠬᠡᠷᠡᠭᠳᠡᠢ ᠭᠡᠵᠤ ᠴᠢᠬᠤᠯᠠᠴᠢᠯᠠᠵᠠᠢ᠃

    ᠪᠦᠭᠦᠳᠡ ᠬᠤᠷᠠᠯ ᠡᠴᠡ᠂ ᠰᠢᠨ᠎ᠠ ᠪᠠᠶᠢᠳᠠᠯ ᠳᠤᠤᠷ᠎ᠠ ᠨᠠᠮ ᠤᠨ ᠳᠤᠳᠤᠭᠠᠳᠦ ᠵᠢᠨ ᠤᠯᠤᠰ ᠲᠦᠷᠦ ᠵᠢᠨ ᠠᠮᠢᠳᠤᠷᠠᠯ ᠢ ᠴᠢᠩᠭᠠᠳᠬᠠᠨ ᠵᠢᠷᠤᠮᠵᠢᠭᠤᠯᠬᠤ ᠳᠦ ᠭᠤᠤᠯᠳᠠᠯᠭ᠎ᠠ ᠨᠢ ᠡᠯ᠎ᠠ ᠱᠠᠳᠤᠨ ᠤ ᠤᠳᠤᠷᠢᠳᠬᠤ ᠪᠠᠶᠢᠭᠤᠯᠭ᠎ᠠ ᠪᠠ ᠤᠳᠤᠷᠢᠳᠬᠤ ᠺᠠᠳ᠋ᠷ ᠲᠦ ᠪᠠᠢᠢᠨ᠎ᠠ᠂ ᠵᠠᠩᠭᠢᠯᠠᠭ᠎ᠠ ᠨᠢ ᠳᠡᠭᠡᠳᠦ ᠳᠡᠰ ᠤᠨ ᠺᠠᠳ᠋ᠷ᠂ ᠢᠯᠠᠩᠭᠤᠶ᠎ᠠ ᠨᠠᠮ ᠤᠨ ᠲᠦᠪ ᠬᠤᠷᠢᠶ᠎ᠠ᠂ ᠨᠠᠮ ᠤᠨ ᠲᠦᠪ ᠬᠤᠷᠢᠶᠠᠨ ᠤ ᠤᠯᠤᠰ ᠲᠦᠷᠦ ᠵᠢᠨ ᠲᠤᠪᠴᠢᠶ᠎ᠠ᠂ ᠨᠠᠮ ᠤᠨ ᠲᠦᠪ ᠬᠤᠷᠢᠶᠠᠨ ᠤ ᠤᠯᠤᠰ ᠲᠦᠷᠦ ᠵᠢᠨ ᠲᠤᠪᠴᠢᠶᠠᠨ ᠤ ᠪᠠᠢᠩᠭᠤ ᠵᠢᠨ ᠬᠤᠷᠢᠶ᠎ᠠ ᠵᠢᠨ ᠪᠦᠷᠢᠯᠳᠦᠭᠦᠨ ᠳᠦ ᠪᠠᠢᠢᠨ᠎ᠠ᠃ ᠳᠡᠭᠡᠳᠦ ᠳᠡᠰ ᠤᠨ ᠺᠠᠳ᠋ᠷ᠂ ᠢᠯᠠᠩᠭᠤᠶ᠎ᠠ ᠲᠦᠪ ᠤᠨ ᠤᠳᠤᠷᠢᠳᠬᠤ ᠲᠠᠪᠬᠤᠷᠭ᠎ᠠ ᠢᠢᠨ ᠪᠦᠷᠢᠯᠳᠦᠭᠦᠨ ᠡᠷᠬᠡᠪᠰᠢ ᠦᠪᠡᠷ ᠤᠨ ᠪᠡᠶ᠎ᠠ ᠪᠡᠷ ᠵᠢᠡᠨ ᠳᠠᠭᠤᠷᠢᠶᠠᠯ ᠪᠤᠯᠵᠤ᠂ ᠨᠠᠮ ᠤᠨ ᠳᠦᠷᠢᠮ ᠨᠠᠮ ᠤᠨ ᠲᠤᠭᠳᠠᠭᠠᠯ ᠢ ᠰᠠᠬᠢᠬᠤ ᠲᠠᠯ᠎ᠠ ᠪᠡᠷ ᠵᠢᠱᠢᠶ᠎ᠠ ᠦᠵᠡᠭᠦᠯᠵᠤ᠂ ᠨᠠᠮ ᠤᠨ ᠤᠯᠤᠰ ᠲᠦᠷᠦ ᠵᠢᠨ ᠰᠠᠬᠢᠯᠭ᠎ᠠ ᠪᠠᠲᠦ ᠪᠠ ᠤᠯᠤᠰ ᠲᠦᠷᠦ ᠵᠢᠨ ᠶᠤᠰᠤ ᠳᠦᠷᠢᠮ ᠢ ᠴᠢᠩᠭ᠎ᠠ ᠰᠠᠬᠢᠵᠤ᠂ ᠤᠭ ᠰᠠᠨᠠᠭ᠎ᠠ ᠪᠠᠨ ᠦᠯᠦ ᠮᠠᠷᠲᠠᠵᠤ ᠦᠷᠭᠦᠯᠵᠢᠯᠡᠨ ᠤᠷᠤᠭᠰᠢᠯᠠᠬᠤ ᠵᠢ ᠪᠠᠷᠢᠮᠲᠠᠯᠠᠵᠤ᠂ ᠲᠦᠷᠦᠭᠦᠯᠡᠨ ᠵᠢᠱᠢᠶ᠎ᠠ ᠦᠵᠡᠭᠦᠯᠵᠤ ᠂ ᠳᠡᠭᠡᠳᠤ ᠱᠠᠳᠤ ᠨᠢ ᠳᠤᠤᠷᠠᠳᠤ ᠱᠠᠳᠤ ᠪᠠᠨ ᠳᠠᠶᠢᠴᠢᠯᠠᠵᠤ᠂ ᠪᠦᠬᠦ ᠨᠠᠮ ᠪᠦᠬᠦ ᠨᠡᠶᠢᠭᠡᠮ ᠳᠦ ᠦᠯᠢᠬᠡᠷ ᠵᠢᠱᠢᠶ᠎ᠠ ᠪᠤᠯᠬᠤ ᠬᠡᠷᠡᠭᠲᠡᠢ ᠭᠡᠵᠤ ᠴᠢᠬᠤᠯᠠᠴᠢᠯᠠᠵᠠᠢ᠃

    ᠪᠦᠭᠦᠳᠡ ᠬᠤᠷᠠᠯ ᠡᠴᠡ᠂ ᠡᠪ ᠬᠠᠮᠲᠦ ᠶᠤᠰᠤᠨ ᠤ ᠠᠯᠤᠰ ᠤᠨ ᠬᠦᠰᠡᠯᠡᠩ ᠪᠤᠯᠤᠨ ᠳᠤᠮᠳᠠᠳᠤ ᠤᠯᠤᠰ ᠤᠨ ᠤᠨᠴᠠᠯᠢᠭ ᠲᠠᠢ ᠨᠡᠶᠢᠬᠡᠮ ᠵᠢᠷᠤᠮ ᠤᠨ ᠬᠠᠮᠲᠦ ᠵᠢᠨ ᠬᠦᠰᠡᠯᠡᠩ ᠪᠤᠯ ᠳᠤᠮᠳᠠᠳᠤ ᠤᠯᠤᠰ ᠤᠨ ᠡᠪ ᠬᠠᠮᠲᠦᠴᠤᠳ ᠤᠨ ᠵᠤᠷᠢᠭ ᠰᠠᠨᠠᠭᠠᠨ ᠤ ᠲᠤᠯᠭᠠᠭᠤᠷᠢ ᠪᠠ ᠤᠯᠤᠰ ᠲᠦᠷᠦ ᠵᠢᠨ ᠰᠦᠭ ᠰᠦᠨᠡᠰᠦ ᠪᠤᠯᠬᠤ ᠪᠦᠭᠡᠳ ᠨᠠᠮ ᠤᠨ ᠪᠦᠯᠬᠦᠮᠳᠡᠯ ᠨᠢᠭᠡᠳᠦᠯ ᠢ ᠪᠠᠷᠢᠮᠲᠠᠯᠠᠬᠤ ᠦᠵᠡᠯ ᠰᠠᠨᠠᠭᠠᠨ ᠤ ᠰᠠᠭᠤᠷᠢ ᠪᠤᠯᠤᠨ᠎ᠠ᠃ ᠡᠷᠬᠡᠪᠰᠢ ᠬᠦᠰᠡᠯᠡᠩ ᠢᠳᠡᠭᠡᠯ ᠪᠢᠰᠢᠷᠡᠯ ᠵᠢᠡᠨ ᠪᠠᠲᠤᠳᠬᠠᠬᠤ ᠪᠡᠷ ᠨᠠᠮ ᠤᠨ ᠳᠤᠳᠤᠭᠠᠳᠦ ᠵᠢᠨ ᠤᠯᠤᠰ ᠲᠦᠷᠦ ᠵᠢᠨ ᠠᠮᠢᠳᠤᠷᠠᠯ ᠢ ᠦᠷᠨᠢᠭᠦᠯᠬᠦ ᠵᠢᠨ ᠲᠡᠷᠢᠭᠦᠨ ᠴᠢᠬᠤᠯᠠ ᠡᠭᠦᠷᠭᠡ ᠪᠠᠨ ᠪᠤᠯᠭᠠᠬᠤ ᠬᠡᠷᠡᠭᠲᠡᠢ᠃ ᠪᠦᠬᠦ ᠨᠠᠮ ᠤᠨ ᠨᠦᠭᠦᠳ ᠡᠷᠬᠡᠪᠰᠢ ᠮᠠᠷᠺᠰ ᠤᠨ ᠦᠵᠡᠯ ᠤᠨ ᠲᠤᠬᠠᠢ ᠢᠲᠡᠭᠡᠯ᠂ ᠨᠡᠶᠢᠭᠡᠮ ᠵᠢᠷᠤᠮ ᠪᠠ ᠡᠪ ᠬᠠᠮᠲᠦ ᠶᠤᠰᠤᠨ ᠤ ᠲᠤᠬᠠᠢ ᠢᠲᠡᠭᠡᠯ ᠵᠢᠡᠷ ᠨᠠᠰᠤᠨ ᠤ ᠬᠦᠭᠡᠭᠡᠴᠡᠯᠳᠦᠯ ᠵᠢᠡᠨ ᠪᠤᠯᠭᠠᠵᠤ᠂ ᠳᠤᠮᠳᠠᠳᠤ ᠤᠯᠤᠰ ᠤᠨ ᠤᠨᠴᠠᠯᠢᠭ ᠲᠠᠢ ᠨᠡᠶᠢᠭᠡᠮ ᠵᠢᠷᠤᠮ ᠤᠨ ᠵᠠᠮ ᠤᠨ ᠢᠲᠡᠭᠡᠯ᠂ ᠤᠨᠤᠯ ᠤᠨ ᠢᠲᠡᠭᠡᠯ᠂ ᠲᠦᠷᠢᠮ ᠤᠨ ᠢᠲᠡᠭᠡᠯ᠂ ᠰᠤᠶᠤᠯ ᠤᠨ ᠢᠲᠡᠭᠡᠯ ᠵᠢᠡᠨ ᠪᠠᠲᠤᠳᠬᠠᠬᠤ ᠬᠡᠷᠡᠭᠲᠡᠢ᠃ ᠤᠳᠤᠷᠢᠳᠬᠤ ᠺᠠᠳ᠋ᠷ᠂ ᠢᠯᠠᠩᠭᠤᠶ᠎ᠠ ᠳᠡᠭᠡᠳᠦ ᠳᠡᠰ ᠤᠨ ᠤᠳᠤᠷᠢᠳᠬᠤ ᠺᠠᠳ᠋ᠷ ᠪᠤᠳᠠᠳᠦ ᠠᠵᠢᠯᠯᠠᠭ᠎ᠠ ᠪᠡᠷ ᠵᠢᠡᠨ ᠨᠠᠮ ᠤᠨ ᠭᠡᠰᠢᠭᠦᠨ ᠪᠠ ᠤᠯᠠᠨ ᠲᠦᠮᠡᠨ ᠳᠦ ᠬᠦᠰᠡᠯᠡᠩ ᠢᠳᠡᠭᠡᠯ ᠪᠢᠰᠢᠷᠡᠯ ᠤᠨ ᠠᠤᠭ᠎ᠠ ᠬᠦᠴᠦᠨ ᠢ ᠮᠡᠳᠡᠭᠦᠯᠬᠦ ᠬᠡᠷᠡᠭᠲᠡᠢ᠃ ᠪᠦᠬᠦ ᠨᠠᠮ ᠤᠨ ᠬᠢᠨ ᠡᠷᠬᠡᠪᠰᠢ ᠮᠠᠷᠺᠰ ᠤᠨ ᠦᠵᠡᠯ ᠤᠨ ᠵᠢᠯᠤᠭᠤᠳᠬᠤ ᠦᠵᠡᠯ ᠰᠠᠨᠠᠭ᠎ᠠ ᠵᠢ ᠭᠤᠶᠢᠪᠢᠰᠢ ᠦᠭᠡᠢ ᠪᠠᠷᠢᠮᠲᠠᠯᠠᠵᠤ᠂ ᠨᠠᠮ ᠤᠨ ᠡᠯ᠎ᠠ ᠱᠠᠳᠤᠨ ᠤ ᠵᠤᠬᠢᠶᠠᠨ ᠪᠠᠢᠢᠭᠤᠯᠤᠯᠲᠠ ᠡᠷᠬᠡᠪᠰᠢ ᠤᠨᠤᠯ ᠵᠢᠡᠷ ᠵᠡᠪᠰᠡᠭᠯᠡᠬᠦ ᠵᠢ ᠰᠢᠨᠳᠡᠷᠡᠰᠢ ᠦᠭᠡᠢ ᠰᠠᠶᠢᠳᠦᠷ ᠠᠳᠬᠤᠵᠤ᠂ ᠦᠷᠭᠡᠨ ᠤᠯᠠᠨ ᠨᠠᠮ ᠤᠨ ᠭᠡᠰᠢᠭᠦᠨ᠂ ᠺᠠᠳ᠋ᠷ᠂ ᠢᠯᠠᠩᠭᠤᠶ᠎ᠠ ᠳᠡᠭᠡᠳᠦ ᠳᠡᠰ ᠤᠨ ᠺᠠᠳ᠋ᠷ ᠡᠷᠬᠡᠪᠰᠢ ᠤᠬᠠᠮᠰᠠᠷ ᠡᠴᠡ ᠪᠠᠨ ᠰᠠᠶᠢᠲᠤᠷ ᠰᠤᠷᠤᠯᠴᠠᠵᠤ᠂ ᠨᠠᠮᠴᠢ ᠴᠢᠨᠠᠷ ᠤᠨ ᠪᠤᠯᠪᠠᠰᠤᠷᠠᠯ ᠵᠢᠡᠨ ᠳᠡᠭᠡᠭᠰᠢᠯᠡᠭᠦᠯᠬᠦ ᠬᠡᠷᠡᠭᠲᠡᠢ ᠭᠡᠵᠤ ᠳᠤᠷᠠᠳᠴᠠᠢ᠃

    ᠪᠦᠬᠦᠳᠠ ᠬᠤᠷᠠᠯ ᠡᠴᠡ᠂ ᠨᠠᠮ ᠤᠨ ᠨᠡᠢᠢᠭᠡᠮ ᠵᠢᠷᠤᠮ ᠤᠨ ᠠᠩᠬᠠᠨ ᠤ ᠱᠠᠳᠤᠨ ᠳᠡᠬᠢ ᠦᠨᠳᠦᠰᠦᠨ ᠱᠤᠭᠤᠮ ᠪᠤᠯ ᠨᠠᠮ ᠪᠤᠯᠤᠨ ᠤᠯᠤᠰ ᠤᠨ ᠠᠮᠢ ᠨᠠᠰᠤᠨ ᠤ ᠱᠤᠭᠤᠮ᠂ ᠠᠷᠠᠳ ᠲᠦᠮᠡᠨ ᠤ ᠵᠤᠯ ᠵᠢᠷᠭᠠᠯ ᠤᠨ ᠱᠤᠭᠤᠮ ᠮᠦᠨ᠂ ᠪᠠᠰᠠᠴᠦ ᠨᠠᠮ ᠤᠨ ᠳᠤᠳᠤᠭᠠᠳᠤᠬᠢ ᠤᠯᠤᠰ ᠲᠦᠷᠦ ᠵᠢᠨ ᠠᠮᠢᠳᠤᠷᠠᠯ ᠢ ᠬᠡᠪ ᠵᠢᠡᠷ ᠦᠷᠨᠢᠬᠦᠯᠬᠦ ᠦᠨᠳᠦᠰᠦᠨ ᠪᠠᠳᠤᠯᠠᠭ᠎ᠠ ᠮᠦᠨ᠃ ᠨᠠᠮ ᠤᠨ ᠦᠨᠳᠦᠰᠦᠨ ᠱᠤᠭᠤᠮ ᠢ ᠡᠷᠭᠡᠪᠰᠢ ᠪᠦᠬᠦ ᠲᠠᠯ᠎ᠠ ᠪᠡᠷ ᠲᠤᠤᠱᠯᠠᠭᠤᠯᠤᠨ ᠭᠡᠷᠡᠭᠵᠢᠬᠦᠯᠵᠦ᠂ ᠡᠳ᠋ ᠤᠨ ᠵᠠᠰᠠᠭ ᠤᠨ ᠪᠦᠳᠦᠭᠡᠨ ᠪᠠᠢᠭᠤᠯᠤᠯᠳᠠ ᠪᠡᠷ ᠭᠤᠤᠯ ᠪᠤᠯᠭᠠᠬᠤ ᠵᠢ ᠲᠦᠷᠪᠡᠨ ᠦᠨᠳᠦᠰᠦᠨ ᠵᠠᠷᠴᠢᠮ ᠢ ᠪᠠᠷᠢᠮᠳᠠᠯᠠᠬᠤ᠂ ᠦᠭᠡᠷᠡᠴᠢᠯᠡᠯᠳᠠ ᠨᠡᠭᠡᠭᠡᠯᠳᠠ ᠬᠢᠬᠦ ᠬᠤᠶᠠᠷ ᠦᠨᠳᠦᠰᠦᠨ ᠵᠦᠢᠯ ᠢ ᠪᠠᠷᠢᠮᠳᠠᠯᠠᠬᠤ ᠲᠠᠢ ᠬᠠᠮᠳᠤ ᠳᠤᠮᠳᠠᠳᠤ ᠤᠯᠤᠰ ᠤᠨ ᠤᠨᠴᠠᠯᠢᠭ ᠲᠠᠢ ᠨᠡᠶᠢᠭᠡᠮ ᠵᠢᠷᠤᠮ ᠤᠨ ᠠᠭᠤᠤ ᠶᠡᠭᠡ ᠦᠢᠯᠡᠳᠦᠯᠭᠡ ᠲᠠᠢ ᠨᠢᠭᠡᠳᠭᠡᠬᠦ ᠬᠡᠷᠡᠭᠳᠠᠢ᠂ ᠬᠡᠵᠢᠶ᠎ᠠ ᠴᠤ ᠭᠡᠰᠡᠨ ᠭᠡᠯᠪᠡᠶᠢᠬᠦ ᠪᠤᠶᠤ ᠭᠤᠶᠢᠪᠢᠯᠵᠡᠵᠦ ᠤᠭᠳᠤ ᠪᠤᠯᠬᠤ ᠦᠭᠡᠢ᠃ ᠪᠦᠬᠦ ᠨᠠᠮ ᠵᠢᠡᠷ ᠵᠢᠡᠨ ᠠᠩᠬᠠᠷᠤᠯ ᠵᠢᠡᠨ ᠲᠦᠪᠯᠡᠷᠡᠬᠦᠯᠵᠦ ᠬᠦᠭᠵᠢᠯᠳᠠ ᠭᠡᠬᠦ ᠡᠨᠡᠬᠦ ᠨᠠᠮ ᠤᠨ ᠲᠦᠷᠦ ᠪᠠᠷᠢᠵᠦ ᠤᠯᠤᠰ ᠢ ᠮᠠᠨᠳᠤᠭᠤᠯᠬᠤ ᠲᠡᠷᠢᠬᠦᠨ ᠴᠢᠬᠤᠯᠠ ᠡᠬᠦᠷᠭᠡ ᠵᠢ ᠡᠷᠭᠡᠪᠰᠢ ᠰᠠᠶᠢᠳᠤᠷ ᠠᠳᠬᠤᠬᠤ ᠭᠡᠷᠡᠭᠲᠡᠢ᠃ ᠲᠦᠷᠪᠡᠨ ᠦᠨᠳᠦᠰᠦᠨ ᠵᠠᠷᠴᠢᠮ ᠢ ᠪᠠᠷᠢᠮᠳᠠᠯᠠᠬᠤ ᠳ᠋ᠤ᠂ ᠦᠨᠳᠦᠰᠤᠨ ᠵᠦᠢᠯ ᠨᠢ ᠨᠠᠮ ᠤᠨ ᠤᠳᠤᠷᠢᠳᠤᠯᠭ᠎ᠠ᠎ ᠵᠢ ᠪᠠᠷᠢᠮᠳᠠᠯᠠᠵᠦ᠂ ᠳᠤᠮᠳᠠᠳᠤ ᠤᠯᠤᠰ ᠤᠨ ᠤᠨᠴᠠᠯᠢᠭ ᠲᠠᠢ ᠨᠡᠶᠢᠭᠡᠮ ᠵᠢᠷᠤᠮ ᠤᠨ ᠵᠠᠮ᠂ ᠳᠤᠮᠳᠠᠳᠤ ᠤᠯᠤᠰ ᠤᠨ ᠤᠨᠴᠠᠯᠢᠭ ᠲᠠᠢ ᠨᠡᠶᠢᠭᠡᠮ ᠵᠢᠷᠤᠮ ᠤᠨ ᠤᠨᠤᠯ ᠤᠨ ᠰᠢᠰᠲ᠋ᠸᠮ᠂ ᠳᠤᠮᠳᠠᠳᠤ ᠤᠯᠤᠰ ᠤᠨ ᠤᠨᠴᠠᠯᠢᠭ ᠲᠠᠢ ᠨᠡᠶᠢᠭᠡᠮ ᠵᠢᠷᠤᠮ ᠤᠨ ᠪᠠᠢᠢᠭᠤᠯᠤᠯ᠂ ᠳᠤᠮᠳᠠᠳᠤ ᠤᠯᠤᠰ ᠤᠨ ᠤᠨᠴᠠᠯᠢᠭ ᠲᠠᠢ ᠨᠡᠶᠢᠭᠡᠮ ᠵᠢᠷᠤᠮ ᠤᠨ ᠰᠤᠶᠤᠯ ᠢ ᠪᠠᠷᠢᠮᠳᠠᠯᠠᠬᠤ ᠳ᠋ᠦ ᠪᠤᠢ᠃ ᠡᠷᠭᠡᠪᠰᠢ ᠤᠨᠤᠯ ᠤᠨ ᠰᠢᠨ᠎ᠠ ᠵᠢ ᠡᠬᠦᠳᠬᠦ᠂ ᠦᠢᠯᠡᠳᠦᠯᠭᠡ ᠵᠢᠨ ᠰᠢᠨ᠎ᠠ ᠵᠢ ᠡᠬᠦᠳᠬᠦ᠂ ᠲᠦᠷᠢᠮ ᠤᠨ ᠰᠢᠨ᠎ᠠ ᠵᠢ ᠡᠬᠦᠳᠬᠦ᠂ ᠰᠤᠶᠤᠯ ᠤᠨ ᠰᠢᠨ᠎ᠠ ᠵᠢ ᠡᠬᠦᠳᠬᠦ ᠵᠢᠴᠢ ᠪᠤᠰᠤᠳ ᠡᠯ᠎ᠠ ᠲᠠᠯ᠎ᠠ ᠵᠢᠨ ᠰᠢᠨ᠎ᠠ ᠵᠢ ᠡᠬᠦᠳᠬᠦ ᠵᠢ ᠵᠤᠷᠢᠭᠳᠠᠢ ᠠᠬᠢᠭᠤᠯᠵᠦ᠂ ᠭᠠᠳᠠᠬᠰᠢ ᠨᠡᠭᠡᠭᠡᠯᠳᠠ ᠬᠢᠬᠦ ᠦᠨᠳᠦᠰᠤᠨ ᠤᠯᠤᠰ ᠤᠨ ᠪᠤᠳᠤᠯᠭ᠎ᠠ ᠵᠢ ᠡᠷᠡᠰ ᠭᠤᠶᠢᠪᠢᠰᠢ ᠦᠭᠡᠢ ᠭᠡᠷᠡᠭᠵᠢᠬᠦᠯᠬᠦ ᠭᠡᠷᠡᠭᠲᠡᠢ᠃ ᠨᠠᠮ ᠤᠨ ᠦᠵᠡᠯ ᠰᠠᠨᠠᠭ᠎ᠠ ᠱᠤᠭᠤᠮ ᠢ ᠪᠠᠷᠢᠮᠳᠠᠯᠠᠬᠤ ᠵᠢ ᠨᠠᠮ ᠤᠨ ᠦᠨᠳᠦᠰᠦᠨ ᠱᠤᠭᠤᠮ ᠢ ᠭᠡᠷᠡᠭᠵᠢᠬᠦᠯᠬᠦ ᠪᠦᠬᠦ ᠶᠠᠪᠤᠴᠠ ᠳ᠋ᠦ ᠲᠤᠤᠱᠯᠠᠭᠤᠯᠵᠤ᠂ ᠦᠢᠯᠡᠳᠦᠯᠭᠡ ᠶᠢᠨ ᠳᠤᠮᠳᠠ ᠦᠨᠡᠨ ᠶᠤᠰᠤ ᠪᠠ ᠬᠦᠭᠵᠢᠯᠳᠠ ᠵᠢᠨ ᠦᠨᠡᠨ ᠶᠤᠰᠤ ᠵᠢ ᠰᠢᠯᠭᠠᠵᠦ᠂ ᠮᠠᠷᠺᠰ ᠤᠨ ᠦᠵᠡᠯ ᠤᠨ ᠳᠤᠮᠳᠠᠳᠤ ᠤᠯᠤᠰᠴᠢᠯᠠᠬᠤ ᠵᠢ ᠳᠠᠰᠤᠷᠠᠯᠳᠠ ᠦᠭᠡᠢ ᠠᠬᠢᠭᠤᠯᠬᠤ ᠭᠡᠷᠡᠭᠲᠡᠢ᠃ ᠺᠠᠳ᠋ᠷ᠂ ᠢᠯᠠᠩᠭᠤᠶ᠎ᠠ ᠳᠡᠭᠡᠳᠦ ᠲᠡᠰ ᠤᠨ ᠺᠠᠳ᠋ᠷ ᠢ ᠰᠢᠯᠭᠠᠨ ᠲᠠᠨᠢᠬᠤ ᠳ᠋ᠦ ᠡᠷᠭᠡᠪᠰᠢ ᠡᠩ ᠲᠡᠷᠢᠬᠦᠨ ᠳ᠋ᠦ ᠨᠠᠮ ᠤᠨ ᠦᠨᠳᠦᠰᠦᠨ ᠱᠤᠭᠤᠮ ᠢ ᠡᠷᠡᠰ ᠭᠤᠢᠢᠪᠢᠰᠢ ᠦᠭᠡᠢ ᠲᠤᠤᠱᠯᠠᠭᠤᠯᠤᠭᠰᠠᠨ ᠡᠰᠡᠬᠦ ᠵᠢ ᠦᠵᠡᠬᠦ ᠭᠡᠷᠡᠭᠲᠡᠢ᠃ ᠨᠠᠮ ᠤᠨ ᠭᠡᠰᠢᠬᠦᠨ᠂ ᠺᠠᠳ᠋ᠷ᠂ ᠢᠯᠠᠩᠭᠤᠶ᠎ᠠ ᠳᠡᠭᠡᠳᠦ ᠲᠡᠰ ᠤᠨ ᠺᠠᠳ᠋ᠷ ᠵᠦᠪ ᠪᠤᠷᠤᠭᠤ ᠶᠢᠨ ᠡᠮᠦᠨ᠎ᠠ ᠤᠪᠤᠷ ᠨᠠᠵᠠᠭᠠᠢ ᠪᠠᠶᠢᠵᠦ ᠪᠤᠯᠬᠤ ᠦᠭᠡᠢ᠂ ᠦᠨᠳᠦᠰᠦᠨ ᠤᠯᠤᠰ ᠲᠦᠷᠦ ᠵᠢᠨ ᠵᠤᠭᠰᠤᠯᠳᠠ ᠪᠠᠨ ᠭᠤᠶᠢᠪᠢᠯᠵᠠᠭᠤᠯᠵᠦ ᠪᠤᠯᠬᠤ ᠦᠭᠡᠢ᠂ ᠪᠤᠷᠤᠭᠤ ᠶᠠᠷᠢᠶ᠎ᠠ ᠭᠡᠯᠡᠯᠴᠡᠭᠡᠨ ᠳ᠋ᠦ ᠡᠵᠡᠮᠳᠡᠭᠳᠡᠵᠤ ᠪᠤᠯᠬᠤ ᠦᠭᠡᠢ ᠭᠡᠵᠦ ᠳᠤᠷᠠᠳᠪᠠ᠃

    ᠪᠦᠬᠦᠳᠠ ᠬᠤᠷᠠᠯ ᠡᠴᠡ᠂ ᠨᠠᠮ ᠤᠨ ᠲᠦᠪ ᠬᠤᠷᠢᠶᠠᠨ ᠤ ᠡᠷᠭᠡ ᠰᠦᠷ ᠢ ᠡᠷᠡᠰ ᠬᠠᠮᠠᠭᠠᠯᠠᠵᠦ᠂ ᠪᠦᠬᠦ ᠨᠠᠮ ᠤᠨ ᠵᠠᠷᠯᠢᠭ ᠴᠠᠭᠠᠵᠠ ᠵᠢ ᠳᠠᠭᠠᠬᠤ ᠵᠢ ᠪᠠᠳᠤᠯᠠᠬᠤ ᠪᠤᠯ ᠨᠠᠮ ᠪᠤᠯᠤᠨ ᠤᠯᠤᠰ ᠤᠨ ᠠᠯᠤᠰ ᠢᠷᠡᠭᠡᠳᠦᠢ ᠵᠢᠨ ᠬᠤᠪᠢ ᠵᠠᠶᠠᠭᠠᠨ ᠳ᠋ᠦ ᠬᠤᠯᠪᠤᠭᠳᠠᠵᠦ᠂ ᠪᠦᠬᠦ ᠤᠯᠤᠰ ᠤᠨ ᠦᠨᠳᠦᠰᠦᠳᠡᠨ ᠨᠤᠬᠦᠳ ᠤᠨ ᠠᠷᠠᠳ ᠲᠦᠮᠡᠨ ᠤ ᠦᠨᠳᠤᠰᠦᠨ ᠠᠰᠢᠭ ᠲᠤᠰᠠ ᠳ᠋ᠦ ᠬᠤᠯᠪᠤᠭᠳᠠᠨ᠎ᠠ᠃ ᠲᠡᠷᠡᠴᠢᠯᠡᠨ ᠨᠠᠮ᠋ ᠤᠨ ᠳᠤᠳᠤᠭᠠᠳᠤᠬᠢ ᠤᠯᠤᠰ ᠲᠦᠷᠦ ᠵᠢᠨ ᠠᠮᠢᠳᠤᠷᠠᠯ ᠢ ᠴᠢᠩᠭᠠᠳᠬᠠᠵᠤ ᠵᠢᠷᠤᠮᠵᠢᠭᠤᠯᠬᠤ ᠴᠢᠬᠤᠯᠠ ᠬᠠᠷᠠᠯᠳᠠ ᠮᠦᠨ᠃ ᠨᠠᠮ᠋ ᠤᠨ ᠤᠳᠤᠷᠢᠳᠤᠯᠭ᠎ᠠ ᠵᠢ ᠪᠠᠷᠢᠮᠳᠠᠯᠠᠬᠤ ᠳ᠋ᠤ᠂ ᠡᠩ᠋ ᠲᠡᠷᠢᠬᠦᠨ ᠳ᠋ᠦ ᠨᠠᠮ᠋ ᠤᠨ ᠲᠦᠪ ᠬᠤᠷᠢᠶᠠᠨ ᠤ ᠲᠦᠪᠯᠡᠷᠡᠩᠬᠦᠢ ᠨᠢᠭᠡᠳᠦᠯᠳᠠᠢ ᠤᠳᠤᠷᠢᠳᠤᠯᠭ᠎ᠠ ᠵᠢ ᠪᠠᠷᠢᠮᠳᠠᠯᠠᠬᠤ ᠭᠡᠷᠡᠭᠲᠡᠢ᠂ ᠨᠢᠭᠡ ᠤᠯᠤᠰ᠂ ᠨᠢᠭᠡ ᠲᠦᠷᠦ ᠵᠢᠨ ᠨᠠᠮ᠋ ᠳ᠋ᠦ ᠠᠪᠴᠦ ᠭᠡᠯᠡᠪᠡᠯ᠂ ᠤᠳᠤᠷᠢᠳᠬᠤ ᠭᠤᠤᠯᠯᠠᠭᠴᠢ ᠪᠤᠯ ᠮᠠᠰᠢ ᠴᠢᠬᠤᠯᠠ ᠪᠠᠶᠢᠭ᠎ᠠ ᠶᠤᠮ᠋᠃ ᠪᠦᠬᠦ ᠨᠠᠮ᠋ ᠵᠢᠡᠷ ᠵᠢᠡᠨ ᠡᠷᠭᠡᠪᠰᠢ ᠦᠵᠡᠯ ᠰᠠᠨᠠᠭ᠎ᠠ ᠤᠯᠤᠰ ᠲᠦᠷᠦ ᠦᠢᠯᠡ ᠠᠵᠢᠯᠯᠠᠭ᠎ᠠ ᠶᠢᠨ ᠲᠠᠯ᠎ᠠ ᠪᠡᠷ ᠰᠠᠨᠠᠭᠠᠴᠢᠯᠠᠭ᠎ᠠ ᠡᠴᠡ ᠪᠡᠨ ᠨᠠᠮ᠋ ᠤᠨ ᠲᠦᠪ ᠬᠤᠷᠢᠶ᠎ᠠ ᠲᠠᠢ ᠳᠡᠭᠡᠳᠦ ᠭᠡᠮᠵᠢᠶ᠎ᠠ ᠪᠡᠷ ᠨᠢᠭᠡᠳᠦᠯᠳᠠᠢ ᠪᠠᠶᠢᠬᠤ ᠭᠡᠷᠡᠭᠲᠡᠢ᠃ ᠨᠠᠮ᠋ ᠤᠨ ᠡᠯ᠎ᠠ ᠱᠠᠳᠤᠨ ᠤ ᠵᠤᠬᠢᠶᠠᠨ ᠪᠠᠢᠢᠭᠤᠯᠤᠯᠳᠠ᠂ ᠪᠦᠬᠦ ᠨᠠᠮ᠋ ᠤᠨ ᠭᠡᠰᠢᠬᠦᠨ ᠢᠯᠠᠩᠭᠤᠶ᠎ᠠ ᠳᠡᠭᠡᠳᠦ ᠲᠡᠰ ᠤᠨ ᠺᠠᠳ᠋ᠷ ᠴᠦᠮ᠋ ᠨᠠᠮ᠋ ᠤᠨ ᠲᠦᠪ ᠬᠤᠷᠢᠶ᠎ᠠ ᠲᠠᠢ ᠨᠢᠭᠡᠳᠦᠯᠳᠠᠢ ᠪᠠᠶᠢᠬᠤ ᠬᠡᠷᠡᠭᠳᠠᠢ᠂ ᠨᠠᠮ᠋ ᠤᠨ ᠤᠨᠤᠯ ᠪᠠ ᠱᠤᠭᠤᠮ᠋ ᠴᠢᠭᠯᠡᠯᠳᠠ ᠲᠦᠷᠦ ᠵᠢᠨ ᠪᠤᠳᠤᠯᠭ᠎ᠠ ᠲᠠᠢ ᠨᠢᠭᠡᠳᠦᠯᠳᠠᠢ ᠪᠠᠢᠬᠤ ᠬᠡᠷᠡᠭᠳᠠᠢ᠂ ᠨᠠᠮ᠋ ᠤᠨ ᠲᠦᠪ ᠬᠤᠷᠢᠶᠠᠨ ᠤ ᠰᠢᠢᠳᠪᠤᠷᠢᠳᠦ ᠪᠤᠳᠤᠯᠭ᠎ᠠ ᠪᠠᠢᠷᠢᠯᠠᠭᠤᠯᠤᠯᠳᠠ ᠲᠠᠢ ᠨᠢᠭᠡᠳᠦᠯᠳᠠᠢ ᠪᠠᠶᠢᠬᠤ ᠬᠡᠷᠡᠭᠳᠠᠢ᠂ ᠨᠠᠮ᠋ ᠤᠨ ᠲᠦᠪ ᠬᠤᠷᠢᠶᠠᠨ ᠤ ᠰᠠᠨᠠᠭᠠᠴᠢᠯᠠᠭ᠎ᠠ ᠵᠢ ᠡᠷᠡᠰ ᠴᠤᠤᠷᠢᠶᠠᠳᠤᠨ ᠳᠠᠭᠠᠵᠦ᠂ ᠨᠠᠮ᠋ ᠤᠨ ᠲᠦᠪ ᠬᠤᠷᠢᠶᠠᠨ ᠤ ᠳᠤᠭᠳᠠᠭᠠᠯ ᠢ ᠡᠷᠡᠰ ᠭᠡᠷᠡᠭᠵᠢᠬᠦᠯᠵᠦ᠂ ᠨᠠᠮ᠋ ᠤᠨ ᠲᠦᠪ ᠬᠤᠷᠢᠶᠠᠨ ᠤ ᠴᠠᠭᠠᠵᠠᠯᠠᠬᠠᠰᠠᠨ ᠵᠦᠢᠯ ᠢ ᠤᠭᠳᠤ ᠬᠢᠬᠦ ᠦᠭᠡᠢ ᠪᠠᠶᠢᠬᠤ ᠬᠡᠷᠡᠭᠳᠠᠢ ᠭᠡᠵᠦ ᠳᠤᠷᠠᠳᠴᠠᠢ᠃

    ᠪᠦᠬᠦᠳᠠ ᠬᠤᠷᠠᠯ ᠡᠴᠡ᠂ ᠰᠠᠬᠢᠯᠭ᠎ᠠ ᠪᠠᠳᠤ ᠢᠢ ᠴᠢᠩᠭ᠎ᠠ ᠪᠠᠶᠢᠯᠭᠠᠬᠤ ᠪᠤᠯ ᠪᠦᠬᠦ ᠨᠠᠮ᠋ ᠤᠨ ᠨᠢᠭᠡᠳᠦᠯᠳᠠᠢ ᠵᠤᠷᠢᠯᠳᠠ᠂ ᠨᠢᠭᠡᠳᠦᠯᠳᠠᠢ ᠠᠵᠢᠯᠯᠠᠭ᠎ᠠ᠂ ᠠᠯᠬᠤᠮ᠋ ᠢᠶᠡᠨ ᠨᠢᠭᠡᠳᠭᠡᠵᠤ ᠤᠷᠤᠭᠰᠢᠯᠠᠬᠤ ᠵᠢᠨ ᠴᠢᠬᠤᠯᠠ ᠪᠠᠳᠤᠯᠠᠭ᠎ᠠ ᠮᠦᠨ᠂ ᠨᠠᠮ᠋ ᠤᠨ ᠳᠤᠳᠤᠭᠠᠳᠤᠬᠢ ᠤᠯᠤᠰ ᠲᠦᠷᠦ ᠵᠢᠨ ᠠᠮᠢᠳᠤᠷᠠᠯ ᠤᠨ ᠴᠢᠬᠤᠯᠠ ᠠᠭᠤᠯᠭ᠎ᠠ ᠮᠦᠨ᠃ ᠡᠷᠭᠡᠪᠰᠢ ᠨᠠᠮ᠋ ᠤᠨ ᠰᠠᠬᠢᠯᠭ᠎ᠠ ᠪᠠᠳᠤ ᠵᠢ ᠴᠢᠩᠭᠠᠳᠬᠠᠵᠤ᠂ ᠰᠠᠬᠢᠯᠭ᠎ᠠ ᠪᠠᠳᠤ ᠵᠢ ᠲᠦᠷᠦᠭᠦᠨ ᠳᠤ ᠲᠠᠯᠪᠢᠵᠦ᠂ ᠪᠠᠳᠤ ᠴᠢᠩᠭ᠎ᠠ ᠰᠠᠬᠢᠯᠭ᠎ᠠ ᠪᠠᠳᠤ ᠪᠡᠷ ᠨᠠᠮ᠋ ᠢ ᠴᠢᠩᠭ᠎ᠠ ᠵᠠᠰᠠᠬᠤ ᠭᠡᠷᠡᠭᠲᠡᠢ᠃ ᠰᠠᠬᠢᠯᠭ᠎ᠠ ᠪᠠᠳᠤ ᠵᠢ ᠨᠡᠮ ᠦᠨ ᠬᠦᠮᠦᠨ ᠪᠦᠬᠦᠨ ᠡᠷᠭᠡ ᠲᠡᠭᠰᠢ ᠪᠠᠶᠢᠬᠤ ᠵᠢ ᠪᠠᠷᠢᠮᠳᠠᠯᠠᠬᠤ ᠬᠡᠷᠡᠭᠳᠠᠢ᠂ ᠰᠠᠬᠢᠯᠭ᠎ᠠ ᠪᠠᠳᠤ ᠵᠢ ᠰᠠᠬᠢᠨ ᠵᠢᠷᠤᠮᠯᠠᠬᠤ ᠳ᠋ᠦ ᠤᠨᠴᠠ ᠡᠷᠭᠡ ᠪᠠᠶᠢᠬᠤ ᠦᠭᠡᠢ᠂ ᠰᠠᠬᠢᠯᠭ᠎ᠠ ᠪᠠᠳᠤ ᠵᠢ ᠭᠡᠷᠡᠭᠵᠢᠬᠦᠯᠬᠦ ᠳ᠋ᠦ ᠤᠨᠴᠠ ᠶᠠᠪᠤᠳᠠᠯ ᠪᠠᠶᠢᠬᠤ ᠦᠭᠡᠢ᠂ ᠨᠠᠮ᠋ ᠤᠨ ᠳᠤᠳᠤᠭᠠᠳᠦ ᠳ᠋ᠦ ᠰᠠᠬᠢᠯᠭ᠎ᠠ ᠪᠠᠳᠤ ᠵᠢᠨ ᠬᠢᠵᠠᠭᠠᠷᠯᠠᠯ ᠢ ᠬᠦᠯᠢᠶᠡᠬᠦ ᠦᠭᠡᠢ ᠤᠴᠠᠭᠠᠢ ᠵᠤᠬᠢᠶᠠᠨ ᠪᠠᠢᠢᠭᠤᠯᠤᠯᠳᠠ ᠪᠠ ᠤᠨᠴᠠᠭᠠᠢ ᠨᠠᠮ᠋ ᠤᠨ ᠭᠡᠰᠢᠬᠦᠨ ᠪᠠᠶᠢᠬᠤ ᠢᠢ ᠤᠬᠳᠤ ᠵᠦᠪᠰᠢᠶᠡᠷᠡᠬᠦ ᠦᠭᠡᠢ᠃ ᠨᠠᠮ᠋ ᠤᠨ ᠡᠯ᠎ᠠ ᠱᠠᠳᠤᠨ ᠤ ᠵᠤᠬᠢᠶᠠᠨ ᠪᠠᠶᠢᠭᠤᠯᠤᠯᠳᠠ ᠪᠠ ᠨᠠᠮ᠋ ᠤᠨ ᠭᠡᠰᠢᠬᠦᠨ ᠡᠷᠭᠡᠪᠰᠢ ᠨᠠᠮ᠋ ᠳ᠋ᠠᠭᠠᠨ ᠦᠨᠡᠨᠴᠢ ᠰᠢᠳᠤᠷᠭᠤ᠂ ᠲᠦᠪ ᠴᠢᠬᠡᠴᠢ᠂ ᠦᠨᠡᠨ ᠦᠭᠡ ᠶᠠᠷᠢᠵᠦ᠂ ᠰᠢᠷᠭᠠᠭᠤ ᠠᠵᠢᠯᠯᠠᠵᠤ᠂ ᠦᠨᠡᠨᠴᠢ ᠬᠦᠮᠦᠨ ᠪᠤᠯᠵᠦ᠂ ᠪᠠᠶᠢᠳᠠᠯ ᠵᠢᠡᠨ ᠨᠠᠮ᠋ ᠳ᠋ᠦ ᠦᠨᠡᠨᠴᠢ ᠪᠡᠷ ᠲᠤᠰᠬᠠᠨ ᠮᠡᠳᠡᠬᠦᠯᠵᠦ᠂ ᠬᠤᠶᠠᠷ ᠨᠢᠭᠤᠷᠳᠠᠨ ᠤ ᠪᠦᠯᠦᠭᠳᠡᠨ ᠪᠤᠯᠵᠤ᠂《ᠬᠤᠶᠠᠷ ᠨᠢᠭᠤᠷᠳᠡᠨ》ᠪᠤᠯᠬᠤ ᠵᠢ ᠡᠰᠡᠷᠬᠦᠴᠡᠵᠦ᠂ ᠬᠤᠳᠠᠯ ᠬᠡᠯᠡᠵᠤ ᠬᠤᠯᠤ ᠲᠠᠷᠢᠬᠤ᠂ ᠬᠤᠳᠠᠯ ᠵᠢᠡᠷ ᠮᠡᠳᠡᠬᠦᠯᠵᠦ ᠭᠡᠳᠦᠷᠡᠳᠡᠯ᠎ᠠ ᠮᠠᠭᠳᠠᠬᠤ ᠵᠢ ᠡᠰᠡᠷᠬᠦᠴᠡᠵᠦ᠂ ᠪᠤᠳᠠᠳᠤ ᠪᠠᠢᠳᠠᠯ ᠵᠢᠡᠨ ᠨᠢᠭᠤᠬᠤ᠂ ᠰᠠᠶᠢᠨ ᠢ ᠨᠢ ᠮᠡᠳᠡᠬᠦᠯᠦᠭᠡᠳ ᠮᠠᠭᠤ ᠵᠢ ᠳᠠᠯᠳᠠᠯᠠᠬᠤ ᠵᠢ ᠡᠰᠡᠷᠬᠦᠴᠡᠬᠦ ᠭᠡᠷᠡᠭᠲᠡᠢ᠃ ᠤᠳᠤᠷᠢᠳᠬᠤ ᠪᠠᠶᠢᠭᠤᠯᠭ᠎ᠠ ᠪᠠ ᠤᠳᠤᠷᠢᠳᠬᠤ ᠺᠠᠳ᠋ᠷ ᠶᠠᠮᠠᠷᠪᠠ ᠰᠢᠯᠳᠠᠭᠠᠨ ᠪᠠ ᠨᠡᠷ᠎ᠠ ᠪᠡᠷ ᠳᠤᠤᠷᠠᠳᠦ ᠱᠠᠳᠤᠨ ᠤ ᠬᠢ ᠪᠡᠨ ᠬᠠᠭᠤᠷᠮᠠᠬᠯᠠᠨ ᠭᠡᠯᠡᠬᠦ ᠵᠢ ᠲᠤᠷ᠎᠎ᠠ ᠪᠡᠷ ᠲᠠᠯᠪᠢᠵᠦ᠂ ᠦᠳᠦᠭᠡᠵᠦ᠂ ᠪᠢᠳᠡᠬᠦᠦ ᠪᠡᠷ ᠵᠢᠭᠠᠬᠤ ᠪᠤᠶᠤ ᠠᠯᠪᠠᠳᠠᠵᠦ ᠪᠤᠯᠬᠤ ᠦᠭᠡᠢ᠃ ᠨᠠᠮ᠋ ᠤᠨ ᠳᠤᠳᠤᠭᠠᠳᠦ ᠳ᠋ᠦ ᠰᠦᠯᠪᠡᠭᠡᠯᠡᠨ ᠲᠠᠳᠠᠯᠴᠠᠬᠤ᠂ ᠡᠷᠭᠦᠨ ᠮᠠᠬᠳᠠᠬᠤ᠂ ᠵᠢᠰᠤᠷᠳᠠᠨ ᠪᠢᠯᠳᠠᠤᠴᠢᠯᠠᠬᠤ ᠮᠡᠳᠦ ᠶᠢᠨ ᠠᠵᠢᠯᠯᠠᠭ᠎ᠠ ᠢᠢ ᠬᠢᠵᠤ ᠪᠤᠯᠬᠤ ᠦᠭᠡᠢ᠃ ᠤᠳᠤᠷᠢᠳᠤᠯᠭ᠎ᠠ ᠢᠢ ᠤᠬᠠᠭᠤᠯᠬᠤ ᠳᠠᠭᠠᠨ ᠦᠨᠡᠨ ᠢᠶᠡᠷ ᠨᠢ ᠮᠡᠳᠡᠭᠡᠯᠡᠬᠦ ᠬᠡᠷᠡᠭᠳᠠᠢ᠂ ᠡᠷᠬᠦᠨ ᠮᠠᠭᠳᠠᠵᠦ ᠪᠤᠯᠬᠤ ᠦᠭᠡᠢ᠃ ᠨᠠᠮ᠋ ᠤᠨ ᠡᠯ᠎ᠠ ᠱᠠᠳᠤᠨ ᠤ ᠵᠤᠬᠢᠶᠠᠨ ᠪᠠᠢᠢᠭᠤᠯᠤᠯᠳᠠ ᠡᠷᠭᠡᠪᠰᠢ ᠤᠯᠤᠰ ᠲᠦᠷᠦ ᠵᠢᠨ ᠰᠠᠬᠢᠯᠭ᠎ᠠ ᠪᠠᠳᠤ ᠪᠠ ᠤᠯᠤᠰ ᠲᠦᠷᠦ ᠵᠢᠨ ᠲᠦᠷᠢᠮ᠋ ᠲᠤᠭᠳᠠᠭᠠᠯ ᠢ ᠭᠡᠷᠡᠭᠵᠢᠬᠦᠯᠵᠤ ᠬᠠᠮᠠᠭᠠᠯᠠᠬᠤ ᠬᠠᠷᠢᠭᠤᠴᠠᠯᠭ᠎ᠠ ᠵᠢ ᠡᠬᠦᠷᠭᠡᠯᠡᠵᠦ᠂ ᠰᠠᠬᠢᠯᠭ᠎ᠠ ᠪᠠᠳᠤ ᠢᠢ ᠭᠡᠷᠡᠭᠵᠢᠬᠦᠯᠬᠦ ᠳᠤ ᠰᠤᠯᠠ ᠵᠠᠳᠠᠭᠠᠢ ᠪᠠᠢᠬᠤ ᠠᠰᠠᠭᠤᠳᠠᠯ ᠢ ᠡᠷᠡᠰ ᠬᠤᠷᠢᠬᠯᠠᠨ ᠵᠠᠯᠠᠷᠠᠭᠤᠯᠬᠤ ᠭᠡᠷᠡᠭᠲᠡᠢ ᠭᠡᠵᠦ ᠳᠤᠷᠠᠳᠪᠠ᠃

    ᠪᠦᠬᠦᠳᠠ ᠬᠤᠷᠠᠯ ᠡᠴᠡ᠂ ᠮᠠᠨ ᠤ ᠨᠠᠮ᠋ ᠪᠤᠯ ᠠᠷᠠᠳ ᠲᠦᠮᠡᠨ ᠡᠴᠡ ᠢᠷᠡᠯᠳᠠ ᠲᠠᠢ ᠶᠤᠮ᠋᠂ ᠠᠷᠠᠳ ᠲᠦᠮᠡᠨ ᠤ ᠬᠦᠷᠢᠶᠡᠯᠡᠯ ᠳᠡᠮᠵᠢᠯᠭᠡ ᠵᠢ ᠠᠯᠳᠠᠪᠠᠯ᠂ ᠨᠠᠮ᠋ ᠦᠨᠳᠤᠰᠤ ᠰᠠᠭᠤᠷᠢ ᠪᠡᠨ ᠠᠯᠳᠠᠨ᠎ᠠ᠃ ᠡᠷᠭᠡᠪᠰᠢ ᠪᠦᠬᠦ ᠰᠡᠳᠬᠢᠯ ᠪᠦᠬᠦ ᠵᠤᠷᠢᠭ ᠵᠢᠡᠷ ᠵᠢᠡᠨ ᠠᠷᠠᠳ ᠲᠦᠮᠡᠨ ᠳᠤ ᠦᠢᠯᠡᠴᠢᠯᠡᠬᠦ ᠦᠨᠳᠦᠰᠦᠨ ᠵᠤᠷᠢᠯᠳᠠ ᠵᠢ ᠪᠠᠷᠢᠮᠳᠠᠯᠠᠬᠤ᠂ ᠨᠠᠮ᠋ ᠤᠨ ᠠᠷᠠᠳ ᠤᠯᠠᠨ ᠯᠤᠭ᠎ᠠ ᠵᠢᠨ ᠮᠢᠬ᠎ᠠ ᠴᠢᠰᠤᠨ ᠤ ᠬᠠᠷᠢᠴᠠᠭ᠎ᠠ ᠵᠢ ᠪᠠᠳᠤᠯᠠᠬᠤ ᠪᠡᠷ ᠨᠠᠮ᠋ ᠤᠨ ᠳᠤᠳᠤᠭᠠᠳᠤᠬᠢ ᠤᠯᠤᠰ ᠲᠦᠷᠦ ᠵᠢᠨ ᠠᠮᠢᠳᠤᠷᠠᠯ ᠢ ᠴᠢᠩᠭᠠᠳᠬᠠᠵᠤ ᠵᠢᠷᠤᠮᠵᠢᠭᠤᠯᠬᠤ ᠦᠨᠳᠦᠰᠦᠨ ᠱᠠᠭᠠᠷᠳᠠᠯᠭ᠎ᠠ ᠪᠤᠯᠭᠠᠬᠤ ᠭᠡᠷᠡᠭᠲᠡᠢ᠃ ᠪᠦᠬᠦ ᠨᠠᠮ᠋ ᠵᠢᠡᠷ ᠵᠢᠡᠨ ᠡᠷᠭᠡᠪᠰᠢ ᠨᠠᠮ᠋ ᠤᠨ ᠤᠯᠠᠨ ᠲᠦᠮᠡᠨᠴᠢ ᠱᠤᠭᠤᠮ᠋ ᠢ ᠲᠤᠤᠱᠯᠠᠭᠤᠯᠵᠦ᠂ ᠤᠯᠠᠨ ᠲᠦᠮᠡᠨ ᠳ᠋ᠦ ᠦᠨᠡᠨᠬᠦ ᠪᠤᠳᠠᠳᠠᠢ ᠠᠵᠢᠯ ᠬᠢᠵᠦ ᠦᠭᠬᠦᠨ᠂ ᠬᠦᠴᠢᠷᠳᠡᠯ ᠢ ᠨᠢ ᠰᠢᠢᠳᠪᠤᠷᠢᠯᠡᠨ ᠦᠭᠴᠦ᠂ ᠠᠷᠠᠳ ᠲᠦᠮᠡᠨ ᠤ ᠰᠠᠶᠢᠨ ᠠᠯᠪᠡᠨ ᠵᠠᠷᠤᠴᠠ ᠪᠤᠯᠬᠤ ᠭᠡᠷᠡᠭᠲᠡᠢ᠃ ᠵᠠᠰᠠᠬ ᠤᠨ ᠶᠠᠪᠤᠳᠠᠯ ᠢ ᠠᠷᠠᠳ ᠡᠴᠡ ᠠᠰᠠᠭᠤᠵᠤ᠂ ᠬᠡᠷᠡᠭᠴᠡᠭᠡ ᠱᠠᠭᠠᠷᠳᠠᠯᠭ᠎ᠠ ᠢᠢ ᠠᠷᠠᠳ ᠡᠴᠡ ᠠᠰᠠᠭᠤᠵᠤ᠂ ᠠᠷᠭ᠎ᠠ ᠪᠤᠳᠤᠯᠭ᠎ᠠ ᠢᠢ ᠠᠷᠠᠳ ᠡᠴᠡ ᠠᠰᠠᠭᠤᠬᠤ ᠬᠡᠷᠡᠭᠳᠠᠢ᠂ ᠤᠮᠤᠬ ᠰᠦᠷ ᠵᠢᠡᠷ ᠬᠦᠮᠦᠨ ᠢ ᠰᠦᠷᠳᠡᠬᠦᠯᠬᠦ ᠵᠢ ᠤᠭᠳᠤ ᠵᠦᠪᠰᠢᠶᠡᠷᠡᠬᠦ ᠦᠭᠡᠢ᠂ ᠨᠤᠶᠠᠨ ᠪᠤᠯᠤᠭᠠᠳ ᠭᠡᠳᠡᠢᠢᠵᠦ ᠰᠠᠭᠤᠬᠤ᠂ ᠤᠯᠠᠨ ᠲᠦᠮᠡᠨ ᠤ ᠬᠦᠴᠢᠷ ᠵᠤᠪᠠᠯᠠᠩ᠋ ᠢ ᠬᠠᠶᠢᠬᠤᠷᠬᠤ ᠦᠭᠡᠢ ᠪᠠᠶᠢᠬᠤ ᠵᠢ ᠤᠭᠳᠤ ᠵᠦᠪᠰᠢᠶᠡᠷᠡᠬᠦ ᠦᠭᠡᠢ᠂ ᠤᠯᠠᠨ ᠲᠦᠮᠡᠨ ᠢ ᠳᠠᠷᠤᠯᠠᠵᠦ᠂ ᠤᠯᠠᠨ ᠲᠦᠮᠡᠨ ᠤ ᠠᠰᠢᠭ ᠲᠤᠰᠠ ᠵᠢ ᠬᠤᠬᠢᠷᠠᠭᠤᠯᠵᠤ ᠡᠵᠡᠯᠡᠬᠦ ᠵᠢ ᠨᠡᠩ᠋ ᠴᠦ ᠵᠦᠪᠰᠢᠶᠡᠷᠡᠬᠦ ᠦᠭᠡᠢ᠃ ᠭᠡᠯᠪᠡᠷᠢᠴᠢ ᠦᠵᠡᠯ᠂ ᠨᠤᠶᠠᠨᠴᠢ ᠰᠤᠷᠳᠠᠯ᠂ ᠵᠢᠷᠭᠠᠵᠤ ᠴᠡᠨᠭᠬᠡᠬᠦ ᠦᠵᠡᠯ ᠪᠠ ᠱᠠᠯᠢᠨ ᠪᠦᠷᠢᠯᠭᠡᠬᠦ ᠰᠤᠷᠳᠠᠯ ᠢ ᠡᠷᠭᠡᠪᠰᠢ ᠡᠷᠡᠰ ᠡᠰᠡᠷᠬᠦᠴᠡᠬᠦ ᠭᠡᠷᠡᠭᠲᠡᠢ᠃ ᠡᠯ᠎ᠠ ᠱᠠᠳᠤᠨ ᠤ ᠤᠳᠤᠷᠢᠳᠬᠤ ᠺᠠᠳ᠋ᠷ ᠡᠷᠭᠡᠪᠰᠢ ᠪᠤᠳᠠᠳᠤ ᠪᠠᠶᠢᠳᠠᠯ ᠳ᠋ᠦ ᠬᠦᠨᠵᠡᠭᠡᠢᠢᠷᠡᠵᠦ᠂ ᠦᠨᠳᠦᠰᠦᠨ ᠱᠠᠳᠤᠨ ᠳ᠋ᠦ ᠬᠦᠨᠵᠡᠭᠡᠢᠢᠷᠡᠵᠦ᠂ ᠤᠯᠠᠨ ᠲᠦᠮᠡᠨ ᠤ ᠳᠤᠮᠳᠠ ᠬᠦᠨᠵᠡᠭᠡᠢᠢᠷᠡᠵᠦ᠂ ᠨᠦᠬᠦᠴᠡᠯ ᠬᠠᠳᠠᠭᠤᠵᠢᠯᠳᠠᠢ᠂ ᠪᠠᠶᠢᠳᠠᠯ ᠪᠤᠳᠤᠯᠢᠶᠠᠨᠳᠠᠢ᠂ ᠵᠦᠷᠢᠴᠡᠯ ᠲᠤᠪᠤᠢᠮ᠎ᠠ ᠪᠠᠶᠢᠬᠤ ᠭᠠᠵᠠᠷ ᠤᠷᠤᠨ ᠵᠢᠡᠷ ᠤᠯᠠᠨᠳᠠ ᠬᠦᠷᠴᠦ ᠠᠰᠠᠭᠤᠳᠠᠯ ᠢ ᠰᠢᠢᠳᠪᠤᠷᠢᠯᠡᠨ᠂ ᠠᠷᠭ᠎ᠠ ᠪᠦᠬᠦᠨ ᠢ ᠰᠦᠪᠡᠭᠴᠢᠯᠡᠵᠦ ᠤᠯᠠᠨ ᠲᠦᠮᠡᠨ ᠤ ᠬᠦᠴᠢᠷᠳᠠᠯ ᠢ ᠰᠢᠢᠳᠪᠤᠷᠢᠯᠡᠵᠤ ᠦᠭᠬᠦ ᠭᠡᠷᠡᠭᠲᠡᠢ᠃ ᠶᠠᠮᠠᠷᠪᠠ ᠭᠡᠯᠪᠡᠷᠢ ᠵᠢᠨ ᠠᠷᠠᠳ ᠢ ᠵᠦᠳᠡᠭᠡᠵᠦ ᠬᠦᠷᠦᠩᠭᠡ ᠪᠡᠨ ᠪᠠᠷᠠᠬᠤ《ᠲᠦᠷᠢ ᠲᠦᠷᠬᠦ ᠵᠢᠨ ᠢᠨᠵᠸᠨ᠋ᠸᠷᠢᠩ᠋》ᠪᠠ 《ᠠᠵᠢᠯ ᠤᠨ ᠠᠮᠵᠢᠯᠳᠠ ᠵᠢᠨ ᠢᠨᠵᠸᠨ᠋ᠸᠷᠢᠩ᠋》 ᠢ᠋ ᠬᠢᠬᠦ ᠠᠵᠢᠯᠯᠠᠭ᠎ᠠ ᠡᠴᠡ ᠲᠦᠪ ᠴᠢᠩᠭ᠎ᠠ ᠪᠡᠷ ᠬᠠᠷᠢᠭᠤᠴᠠᠯᠭ᠎ᠠ ᠨᠡᠭᠡᠮᠵᠢᠯᠡᠵᠦ᠂ ᠰᠠᠬᠢᠯᠭ᠎ᠠ ᠪᠠᠳᠤ ᠬᠠᠤᠯᠢ ᠶᠤᠰᠤᠭᠠᠷ ᠰᠢᠢᠳᠪᠤᠷᠢᠯᠡᠬᠦ ᠭᠡᠷᠡᠭᠲᠡᠢ ᠭᠡᠵᠦ ᠳᠤᠷᠠᠳᠴᠠᠢ᠃

    ᠪᠦᠭᠦᠳᠡ ᠬᠤᠷᠠᠯ ᠡᠴᠡ᠂ ᠠᠷᠠᠳᠴᠢᠯᠡᠯ ᠲᠦᠪᠯᠡᠷᠡᠯ ᠤᠨ ᠶᠤᠰᠤ ᠪᠤᠯ ᠨᠠᠮ᠋ ᠤᠨ ᠦᠨᠳᠤᠰᠤᠨ ᠵᠤᠬᠢᠶᠠᠨ ᠪᠠᠢᠭᠤᠯᠤᠯᠳᠡ ᠵᠢᠨ ᠵᠠᠷᠴᠢᠮ᠋᠂ ᠨᠠᠮ᠋ ᠤᠨ ᠲᠤᠳᠤᠭᠠᠳᠤᠬᠢ ᠤᠯᠤᠰ ᠲᠦᠷᠦ ᠵᠢᠨ ᠠᠮᠢᠳᠤᠷᠠᠯ ᠬᠡᠪ ᠵᠢᠨᠷ ᠶᠠᠪᠤᠬᠳᠠᠬᠤ ᠵᠢᠨ ᠴᠢᠬᠤᠯᠠ ᠲᠦᠷᠢᠮ᠋ ᠤᠨ ᠪᠠᠳᠤᠯᠠᠭ᠎ᠠ ᠮᠦᠨ᠃ ᠬᠠᠮᠳᠤ ᠵᠢᠨ ᠤᠳᠤᠷᠢᠳᠤᠯᠭ᠎ᠠ ᠪᠡ ᠬᠤᠪᠢ ᠬᠦᠮᠤᠨ ᠬᠤᠪᠢᠶᠠᠷᠢᠯᠡᠨ ᠬᠠᠷᠢᠭᠤᠴᠠᠬᠤ ᠵᠢ ᠤᠶᠠᠯᠳᠤᠭᠤᠯᠬᠤ ᠵᠢ ᠭᠡᠷᠡᠭᠵᠢᠭᠦᠯᠭᠦ ᠪᠤᠯ᠂ ᠠᠷᠠᠳᠴᠢᠯᠡᠯ ᠲᠦᠪᠯᠡᠷᠡᠯ ᠤᠨ ᠶᠤᠰᠤᠨ ᠤ ᠴᠢᠬᠤᠯᠡ ᠪᠦᠷᠢᠯᠳᠦᠭᠦᠨ ᠭᠡᠰᠡᠭ ᠮᠦᠨ᠂ ᠡᠷᠭᠡᠪᠰᠢ ᠢᠮᠠᠬᠳᠡ ᠪᠠᠷᠢᠮᠳᠠᠯᠠᠬᠤ ᠬᠡᠷᠡᠭᠳᠠᠢ᠂ ᠶᠠᠮᠠᠷᠪᠡ ᠵᠤᠬᠢᠶᠡᠨ ᠪᠠᠢᠭᠤᠯᠤᠯᠳᠡ ᠪᠡ ᠬᠤᠪᠢ ᠬᠦᠮᠤᠨ ᠶᠠᠮᠠᠷᠪᠡ ᠪᠠᠢᠳᠡᠯ ᠲᠤᠤᠷ᠎ᠠ ᠴᠦᠮ᠋ ᠶᠠᠮᠠᠷᠪᠠ ᠰᠢᠯᠳᠠᠭ ᠵᠢᠨᠷ ᠡᠨᠡᠭᠦ ᠲᠦᠷᠢᠮ᠋ ᠡᠴᠡ ᠵᠦᠷᠢᠴᠡᠵᠤ ᠪᠤᠯᠬᠤ ᠦᠭᠡᠢ᠃ ᠡᠯ᠎ᠠ ᠱᠠᠳᠤᠨ ᠤ ᠨᠠᠮ᠋ ᠤᠨ ᠬᠤᠷᠢᠶ᠎ᠠ(ᠨᠠᠮ᠋ ᠤᠨ ᠤᠳᠤᠷᠢᠳᠬᠤ ᠲᠤᠭᠤᠢᠯᠠᠩ᠋)ᠡᠷᠭᠡᠪᠰᠢ ᠬᠠᠮᠳᠤ ᠵᠢᠨ ᠤᠳᠤᠷᠢᠳᠤᠯᠭ᠎ᠠ ᠵᠢᠨ ᠲᠦᠷᠢᠮ᠋ ᠢ ᠪᠠᠷᠢᠮᠳᠠᠯᠠᠵᠤ᠂ ᠤᠳᠤᠷᠢᠳᠬᠤ ᠪᠠᠭ ᠤᠨ ᠪᠦᠷᠢᠯᠳᠦᠬᠦᠨ ᠡᠷᠬᠡᠪᠰᠢ ᠪᠦᠭᠦ ᠲᠠᠯ᠎ᠠ ᠵᠢᠨ ᠦᠵᠡᠯᠳᠡ ᠪᠡ ᠬᠠᠷᠢᠭᠤᠴᠠᠯᠭ᠎ᠠ ᠵᠢᠨ ᠤᠬᠠᠮᠰᠠᠷ ᠵᠢᠨᠨ ᠴᠢᠩᠭᠠᠳᠬᠠᠵᠤ᠂ ᠨᠠᠮ᠋ ᠤᠨ ᠬᠤᠷᠢᠶ᠎ᠠ(ᠨᠠᠮ᠋ ᠤᠨ ᠤᠳᠤᠷᠢᠳᠬᠤ ᠲᠤᠭᠤᠢᠯᠠᠩ᠋) ᠶ᠋ᠢᠨ ᠭᠤᠤᠯ ᠬᠠᠷᠢᠭᠤᠴᠠᠯᠭᠠᠳᠠᠨ ᠨᠦᠭᠦᠳ ᠡᠷᠭᠡᠪᠰᠢ ᠠᠷᠠᠳᠴᠢᠯᠡᠯ ᠢ ᠪᠠᠳᠠᠷᠠᠭᠤᠯᠵᠤ᠂ ᠲᠦᠪᠯᠡᠷᠡᠬᠦᠯᠬᠦ ᠳᠤ ᠴᠢᠳᠠᠮᠠᠭᠠᠢ ᠪᠠᠶᠢᠵᠤ᠂ ᠵᠤᠷᠢᠭᠲᠠᠢ ᠪᠡᠷ ᠬᠠᠷᠢᠭᠤᠴᠠᠯᠭ᠎ᠠ ᠡᠭᠦᠷᠭᠡᠯᠡᠬᠦ ᠬᠡᠷᠡᠭᠳᠠᠢ᠂ ᠤᠳᠤᠷᠢᠳᠬᠤ ᠪᠠᠭ ᠤᠨ ᠪᠦᠷᠢᠯᠳᠦᠬᠦᠨ ᠨᠠᠮ᠋ ᠤᠨ ᠵᠤᠬᠢᠶᠡᠡ ᠪᠠᠶᠢᠭᠤᠯᠤᠯᠳᠡ ᠵᠢᠨ ᠲᠤᠭᠳᠠᠭᠠᠯ ᠢ ᠡᠷᠭᠡᠪᠰᠢ ᠡᠷᠡᠰ ᠭᠡᠷᠡᠭᠵᠢᠭᠦᠯᠭᠦ ᠭᠡᠷᠡᠭᠲᠡᠢ ᠭᠡᠵᠤ ᠲᠤᠷᠠᠳᠪᠠ᠃

    ᠪᠦᠭᠦᠳᠡ ᠬᠤᠷᠠᠯ ᠡᠴᠡ᠂ ᠨᠠᠮ᠋ ᠤᠨ ᠲᠤᠳᠤᠭᠠᠳᠤᠬᠢ ᠠᠷᠠᠳᠴᠢᠯᠡᠯ ᠪᠤᠯ ᠨᠠᠮ᠋ ᠤᠨ ᠠᠮᠢ ᠨᠠᠰᠤ᠂ ᠨᠠᠮ᠋ ᠤᠨ ᠲᠤᠳᠤᠭᠠᠳᠤᠬᠢ ᠤᠯᠤᠰ ᠲᠦᠷᠦ ᠵᠢᠨ ᠠᠮᠢᠳᠤᠷᠠᠯ ᠢ ᠢᠳᠡᠪᠬᠢᠳᠡᠢ ᠡᠷᠡᠭᠦᠯ ᠪᠤᠯᠭᠠᠬᠤ ᠴᠢᠬᠤᠯᠡ ᠰᠠᠭᠤᠷᠢ ᠮᠦᠨ᠃ ᠨᠠᠮ᠋ ᠤᠨ ᠳᠤᠳᠤᠭᠠᠳᠦ ᠳᠤ ᠰᠢᠢᠳᠪᠤᠷᠢᠳᠦ ᠪᠤᠳᠤᠯᠭ᠎ᠠ ᠲᠤᠭᠳᠠᠭᠠᠬᠤ᠂ ᠬᠡᠷᠡᠭᠵᠢᠭᠦᠯᠬᠦ᠂ ᠬᠢᠨᠡᠯᠳᠡ ᠲᠠᠯᠪᠢᠬᠤ ᠵᠡᠷᠭᠡ ᠠᠵᠢᠯ ᠢ ᠡᠷᠭᠡᠪᠰᠢ ᠨᠠᠮ᠋ ᠤᠨ ᠲᠦᠷᠢᠮ᠋ ᠲᠤᠭᠳᠠᠭᠠᠯ ᠳᠤ ᠲᠤᠭᠳᠠᠭᠠᠬᠰᠡᠨ ᠠᠷᠠᠳᠴᠢᠯᠡᠯ ᠤᠨ ᠵᠠᠷᠴᠢᠮ᠋ ᠪᠡ ᠲᠡᠰ ᠲᠠᠷᠠᠭᠠᠯᠠᠯ ᠢᠶᠡᠷ ᠭᠦᠢᠴᠡᠳᠭᠡᠬᠦ ᠬᠡᠷᠡᠭᠳᠠᠢ᠂ ᠶᠠᠮᠠᠷᠪᠡ ᠨᠠᠮ᠋ ᠤᠨ ᠵᠤᠬᠢᠶᠠᠨ ᠪᠠᠶᠢᠭᠤᠯᠤᠯᠳᠠ ᠪᠡ ᠬᠤᠪᠢ ᠬᠦᠮᠤᠨ ᠴᠦᠮ᠋ ᠨᠠᠮ᠋ ᠤᠨ ᠲᠤᠳᠤᠭᠠᠳᠤᠬᠢ ᠠᠷᠠᠳᠴᠢᠯᠡᠯ ᠢ ᠲᠠᠷᠤᠵᠦ᠂ ᠨᠠᠮ᠋ ᠤᠨ ᠲᠤᠳᠤᠭᠠᠳᠤᠬᠢ ᠠᠷᠠᠳᠴᠢᠯᠡᠯ ᠢ ᠡᠪᠳᠡᠵᠤ ᠪᠤᠯᠬᠤ ᠦᠭᠡᠢ᠃ ᠨᠠᠮ᠋ ᠤᠨ ᠲᠦᠪ ᠬᠤᠷᠢᠶ᠎ᠠ᠂ ᠲᠦᠪ ᠬᠤᠷᠢᠶᠠᠨ ᠤ ᠤᠯᠤᠰ ᠲᠦᠷᠦ ᠵᠢᠨ ᠲᠤᠪᠴᠢᠶ᠎ᠠ᠂ ᠲᠦᠪ ᠬᠤᠷᠢᠶᠠᠨ ᠤ ᠤᠯᠤᠰ ᠲᠦᠷᠦ ᠵᠢᠨ ᠲᠤᠪᠴᠢᠶᠡᠨ ᠤ ᠪᠠᠶᠢᠩᠭᠤ ᠵᠢᠨ ᠬᠤᠷᠢᠶ᠎ᠠ ᠪᠡ ᠨᠠᠮ᠋ ᠤᠨ ᠡᠯ᠎ᠠ ᠱᠠᠳᠤᠨ ᠤ ᠬᠤᠷᠢᠶ᠎ᠠ ᠴᠢᠬᠤᠯᠡ ᠶᠡᠭᠡ ᠰᠢᠢᠳᠪᠦᠷᠢᠳᠤ ᠪᠤᠳᠤᠯᠭ᠎ᠠ ᠪᠠᠶᠢᠷᠢᠯᠠᠭᠤᠯᠤᠯᠳᠡ ᠬᠢᠬᠦ ᠳ᠋ᠤ ᠡᠷᠭᠡᠪᠰᠢ ᠭᠦᠨᠵᠡᠭᠡᠢ ᠪᠠᠶᠢᠴᠠᠭᠠᠨ ᠰᠤᠳᠤᠯᠤᠯᠳᠡ ᠬᠢᠵᠤ᠂ ᠡᠯ᠎ᠠ ᠲᠠᠯ᠎ᠠ ᠵᠢᠨ ᠰᠠᠨᠠᠯ ᠰᠠᠨᠠᠭᠤᠯᠭ᠎ᠠ ᠵᠢ ᠦᠷᠭᠡᠨ ᠢᠶᠡᠷ ᠰᠤᠨᠤᠰᠬᠤ ᠭᠡᠷᠡᠭᠲᠠᠢ᠃ ᠨᠠᠮ᠋ ᠤᠨ ᠭᠡᠰᠢᠭᠦᠨ ᠤ ᠭᠤᠤᠯ ᠴᠤᠬᠴᠠ ᠵᠢᠨ ᠪᠠᠶᠢᠷᠢ ᠰᠠᠭᠤᠷᠢ ᠵᠢ ᠡᠷᠭᠡᠪᠰᠢ ᠭᠦᠨᠳᠤᠳᠭᠡᠵᠤ᠂ ᠨᠠᠮ᠋ ᠤᠨ ᠭᠡᠰᠢᠭᠦᠨ ᠤ ᠠᠷᠠᠳᠴᠢᠯᠡᠯ ᠤᠨ ᠡᠷᠭᠡ ᠵᠢ ᠪᠠᠳᠤᠯᠠᠵᠤ᠂ ᠨᠠᠮ᠋ ᠤᠨ ᠭᠡᠰᠢᠭᠦᠨ ᠤ ᠪᠠᠶᠢᠳᠠᠯ ᠢ ᠦᠢᠯᠠᠭᠠᠬᠤ ᠡᠷᠭᠡ᠂ ᠤᠷᠤᠯᠴᠠᠬᠤ ᠡᠷᠭᠡ᠂ ᠰᠤᠩᠭᠤᠬᠤ ᠡᠷᠭᠡ᠂ ᠬᠢᠨᠡᠯᠳᠡ ᠲᠠᠯᠪᠢᠬᠤ ᠡᠷᠭᠡ ᠵᠢ ᠨᠠᠶᠢᠳᠠᠪᠦᠷᠢᠵᠢᠭᠤᠯᠵᠤ᠂ ᠨᠠᠮ᠋ ᠤᠨ ᠲᠦᠷᠢᠮ᠋ ᠳ᠋ᠦ ᠲᠤᠭᠳᠠᠭᠠᠬᠰᠡᠨ ᠨᠠᠮ᠋ ᠤᠨ ᠭᠡᠰᠢᠭᠦᠨ ᠤ ᠡᠷᠭᠡ ᠵᠢ ᠪᠦᠭᠦ ᠨᠠᠮ᠋ ᠤᠨ ᠭᠡᠰᠢᠭᠦᠨ ᠡᠷᠭᠡ ᠲᠡᠭᠰᠢ ᠪᠡᠷ ᠡᠳ᠋ᠯᠡᠬᠦ ᠵᠢ ᠪᠠᠳᠤᠯᠠᠵᠤ᠂ ᠨᠠᠮ᠋ ᠤᠨ ᠲᠦᠷᠢᠮ᠋ ᠳ᠋ᠦ ᠲᠤᠭᠳᠠᠭᠠᠬᠰᠡᠨ ᠨᠠᠮ᠋ ᠤᠨ ᠭᠡᠰᠢᠭᠦᠨ ᠤ ᠡᠭᠦᠷᠭᠡ ᠵᠢ ᠭᠦᠢᠴᠡᠳᠭᠡᠵᠤ᠂ ᠨᠠᠮ᠋ ᠤᠨ ᠲᠤᠳᠤᠭᠠᠳᠤᠬᠢ ᠠᠷᠠᠳᠴᠢᠯᠡᠯ ᠲᠠᠢ ᠡᠷᠭᠡ ᠲᠡᠭᠰᠢ ᠪᠠᠢᠬᠤ ᠨᠦᠭᠦᠳ ᠵᠠᠭᠤᠷ᠎ᠠ ᠶᠢᠨ ᠬᠤᠭᠤᠷᠤᠨᠳᠤᠬᠢ ᠬᠠᠷᠢᠴᠠᠭ᠎ᠠ ᠵᠢ ᠪᠠᠷᠢᠮᠳᠠᠯᠠᠬᠤ ᠬᠡᠷᠡᠭᠳᠠᠢ᠂ ᠶᠠᠮᠠᠷᠪᠡ ᠨᠠᠮ᠋ ᠤᠨ ᠵᠤᠬᠢᠶᠡᠨ ᠪᠠᠶᠢᠭᠤᠯᠤᠯᠳᠡ ᠪᠡ ᠨᠠᠮ᠋ ᠤᠨ ᠭᠡᠰᠢᠭᠦᠨ ᠨᠠᠮ᠋ ᠤᠨ ᠭᠡᠰᠢᠭᠦᠨ ᠤ ᠠᠷᠠᠳᠴᠢᠯᠡᠯ ᠤᠨ ᠡᠷᠭᠡ ᠲᠠᠢ ᠬᠠᠯᠳᠠᠵᠤ ᠪᠤᠯᠬᠤ ᠦᠭᠡᠢ᠃ ᠨᠠᠮ᠋ ᠤᠨ ᠭᠡᠰᠢᠭᠦᠨ ᠤ ᠨᠠᠮ᠋ ᠤᠨ ᠲᠤᠳᠤᠭᠠᠳᠤᠬᠢ ᠤᠴᠢᠷ ᠶᠠᠪᠤᠳᠠᠯ ᠤᠳ ᠢ ᠶᠠᠷᠢᠯᠴᠠᠬᠤ ᠳ᠋ᠤ ᠤᠷᠤᠯᠴᠠᠬᠤ ᠠᠷᠭ᠎ᠠ ᠵᠠᠮ᠋ ᠢ ᠰᠠᠭᠠᠳ ᠦᠭᠡᠢ ᠨᠡᠪᠳᠡᠷᠡᠭᠦᠯᠵᠤ᠂ ᠨᠠᠮ᠋ ᠤᠨ ᠭᠡᠰᠢᠭᠦᠨ ᠤ ᠰᠠᠨᠠᠯ ᠢᠶᠡᠨ ᠢᠯᠡᠳᠭᠡᠭᠦ ᠠᠷᠭ᠎ᠠ ᠵᠠᠮ᠋ ᠢ ᠦᠷᠭᠡᠳᠭᠡᠵᠤ᠂ ᠨᠠᠮ᠋ ᠤᠨ ᠲᠤᠳᠤᠭᠠᠳᠤᠬᠢ ᠠᠷᠠᠳᠴᠢᠯᠡᠯ ᠵᠢᠨᠷ ᠶᠠᠷᠢᠯᠴᠠᠬᠤ ᠤᠯᠤᠰ ᠲᠦᠷᠦ ᠵᠢᠨ ᠪᠠᠶᠢᠳᠠᠯ ᠢ ᠪᠤᠢ ᠪᠤᠯᠭᠠᠬᠤ ᠭᠡᠷᠡᠭᠲᠠᠢ᠃ ᠨᠠᠮ᠋ ᠤᠨ ᠭᠡᠰᠢᠭᠦᠨ ᠶᠠᠮᠠᠷᠪᠡ ᠵᠤᠬᠢᠶᠡᠨ ᠪᠠᠶᠢᠭᠤᠯᠤᠯᠳᠡ ᠪᠡ ᠶᠠᠮᠠᠷᠪᠡ ᠨᠠᠮ᠋ ᠤᠨ ᠭᠡᠰᠢᠭᠦᠨ ᠤ ᠰᠠᠬᠢᠯᠭ᠎ᠠ ᠪᠠᠳᠤ ᠬᠠᠤᠯᠢ ᠴᠠᠭᠠᠵᠠ ᠡᠴᠡ ᠵᠦᠷᠢᠴᠡᠭᠰᠡᠨ ᠪᠤᠳᠠᠳᠦ ᠶᠠᠪᠤᠳᠠᠯ ᠢ ᠬᠠᠷᠢᠴᠠᠭᠤᠯᠭ᠎ᠠ ᠲᠠᠢ ᠪᠡᠷ ᠨᠠᠮ᠋ ᠳ᠋ᠤ ᠢᠯᠠᠴᠢᠯᠡᠵᠤ ᠵᠠᠭᠠᠯᠳᠤᠬᠤ ᠡᠷᠭᠡ ᠲᠠᠢ᠂ ᠦᠨᠡᠨ ᠨᠡᠷ᠎ᠠ᠎ ᠪᠡᠷ ᠢᠯᠡᠴᠢᠯᠡᠭᠦ ᠵᠢ ᠰᠠᠨᠠᠭᠠᠴᠢᠯᠠᠨ᠎ᠠ ᠭᠡᠵᠤ ᠲᠤᠷᠠᠳᠴᠠᠢ᠃

    ᠪᠦᠬᠦᠳᠠ ᠬᠤᠷᠠᠯ ᠡᠴᠡ᠂ ᠬᠦᠮᠦᠠ ᠢ ᠵᠦᠪ ᠰᠤᠩᠭᠤᠵᠤ ᠬᠡᠷᠡᠭᠯᠡᠬᠦ ᠤᠳᠦᠷᠢᠳᠤᠮᠵᠢ ᠵᠢ ᠪᠠᠷᠢᠮᠳᠠᠯᠠᠬᠤ ᠪᠤᠯ ᠨᠠᠮ᠋ ᠤᠨ ᠳᠤᠳᠤᠭᠠᠳᠦᠬᠢ ᠤᠯᠤᠰ ᠳᠦᠷᠦ ᠵᠢᠡ ᠠᠮᠢᠳᠦᠷᠠᠯ ᠢ ᠴᠢᠩᠭᠠᠳᠬᠠᠬᠤ ᠵᠤᠬᠢᠶᠠᠠ ᠪᠠᠶᠢᠭᠤᠯᠤᠯᠳᠠ ᠵᠢᠡ ᠪᠠᠳᠦᠯᠠᠭ᠎ᠠ ᠮᠦᠠ᠃ ᠺᠡᠳ᠋ᠷ ᠢ ᠰᠤᠩᠭᠤᠠ ᠳᠠᠪᠰᠢᠬᠦᠯᠵᠤ ᠬᠡᠷᠡᠭᠯᠡᠬᠦ ᠳ᠋ᠦ ᠡᠷᠬᠡᠪᠰᠢ ᠮᠤᠷᠠᠯ ᠴᠢᠳᠠᠪᠤᠷᠢ ᠬᠤᠤᠰᠯᠠᠬᠰᠠᠠ᠂ ᠮᠤᠷᠠᠯ ᠢ ᠲᠡᠷᠢᠭᠦᠨ ᠳᠤ ᠲᠠᠯᠪᠢᠬᠤ ᠶᠢ ᠪᠠᠷᠢᠮᠳᠠᠯᠠᠵᠦ᠂ ᠳᠦᠷᠪᠡᠡ ᠵᠦᠭ ᠨᠠᠶ᠋ᠮᠠᠠ ᠵᠤᠪᠬᠢᠰ ᠤᠨ ᠡᠷᠳᠡᠮᠳᠡᠡ ᠮᠡᠷᠬᠡᠳ ᠢ ᠬᠡᠷᠡᠭᠯᠡᠬᠦ ᠵᠢ ᠪᠠᠷᠢᠮᠳᠠᠯᠠᠵᠦ᠂ ᠢᠳᠠᠬᠡᠯ ᠪᠢᠰᠢᠷᠡᠯ ᠪᠠᠳᠦ᠂ ᠠᠷᠠᠳ ᠳᠦᠮᠡᠡ ᠳ᠋ᠦ ᠦᠢᠯᠡᠴᠢᠯᠡᠬᠦ᠂ ᠠᠵᠢᠯᠴᠢ ᠬᠢᠴᠢᠶᠠᠩᠬᠦᠢ᠂ ᠵᠤᠷᠢᠬᠳᠠᠢ ᠪᠠᠷ ᠬᠠᠷᠢᠭᠤᠴᠠᠯᠭ᠎ᠠ ᠡᠬᠦᠷᠬᠡᠯᠡᠬᠦ᠂ ᠳᠦᠪ ᠴᠢᠬᠡᠴᠢ ᠪᠠᠶᠢᠬᠤ ᠺᠡᠳ᠋ᠷ ᠤᠨ ᠪᠠᠷᠢᠮᠵᠢᠶ᠎ᠠ ᠵᠢ ᠪᠠᠷᠢᠮᠳᠠᠯᠠᠬᠤ ᠬᠡᠷᠡᠭᠳᠡᠢ᠃ ᠨᠠᠮ᠋ ᠤᠨ ᠡᠯ᠎ᠠ ᠱᠠᠳᠦᠠ ᠪ ᠵᠤᠬᠢᠶᠠᠠ ᠪᠠᠶᠢᠭᠤᠯᠤᠯᠳᠠ ᠡᠷᠬᠡᠪᠰᠢ ᠬᠦᠮᠦᠠ ᠬᠡᠷᠡᠭᠯᠡᠬᠦ ᠳᠡᠯ᠎ᠠ ᠪᠠᠷ ᠬᠢ ᠳᠦᠪ ᠪᠤᠰᠦ ᠰᠤᠷᠳᠠᠯ ᠪᠡ ᠵᠦᠢᠯ ᠪᠦᠷᠢ ᠵᠢᠡ ᠬᠡᠯᠪᠡᠷᠢᠯ ᠢ ᠤᠬᠠᠮᠰᠠᠷ ᠡᠴᠡ ᠪᠠᠠ ᠰᠠᠷᠬᠡᠢᠢᠯᠡᠵᠤ ᠵᠠᠯᠠᠷᠠᠭᠤᠯᠬᠤ ᠬᠡᠷᠡᠭᠳᠡᠢ᠃ ᠨᠠᠮ᠋ ᠤᠨ ᠡᠯ᠎ᠠ ᠱᠠᠳᠦᠡ ᠪ ᠵᠤᠬᠢᠶᠠᠠ ᠪᠠᠶᠢᠭᠤᠯᠤᠯᠳᠠ ᠳᠤᠬ ᠳᠡᠮᠳᠡᠭ ᠳᠤᠳᠤᠷᠬᠠᠢ ᠪᠠᠷ ᠵᠤᠷᠢᠬᠳᠠᠢ ᠪᠡᠷ ᠬᠠᠷᠢᠭᠤᠴᠠᠯᠭ᠎ᠠ ᠡᠭᠦᠷᠬᠡᠯᠡᠬᠦ ᠺᠡᠳ᠋ᠷ ᠤᠨ ᠳᠦᠯᠥᠭᠡ ᠬᠠᠷᠢᠭᠤᠴᠠᠯᠭ᠎ᠠ ᠡᠬᠦᠷᠬᠡᠯᠡᠬᠦ ᠬᠡᠷᠡᠭᠳᠡᠢ᠃ ᠨᠤᠶᠠᠠ ᠵᠡᠷᠭᠡ ᠬᠦᠬᠡᠬᠡᠴᠡᠯᠳᠦᠬᠦ᠂ ᠨᠤᠶᠠᠠ ᠵᠡᠷᠬᠡ ᠬᠤᠳᠠᠯᠳᠤᠠ ᠠᠪᠬᠤ ᠪᠡ ᠨᠤᠶᠠᠠ ᠵᠡᠷᠬᠡ ᠬᠤᠳᠠᠯᠳᠤᠬᠤ᠂ ᠪᠢᠯᠸᠲ ᠳᠠᠳᠠᠵᠤ ᠬᠠᠬᠤᠤᠯᠢ ᠳᠦᠯᠬᠢᠬᠦ ᠵᠡᠷᠬᠡ ᠠᠵᠢᠯᠯᠠᠭ᠎ᠠ ᠵᠢ ᠡᠷᠡᠰ ᠴᠠᠭᠠᠵᠠᠯᠠᠬᠤ ᠬᠡᠷᠡᠭᠳᠠᠢ᠂ ᠨᠠᠮ᠋ ᠡᠴᠡ ᠵᠡᠷᠬᠡ ᠳᠤᠰᠢᠶᠠᠯ ᠭᠤᠶᠤᠬᠤ᠂ ᠨᠠᠷ᠎ᠠ ᠳᠦᠷᠦ ᠭᠤᠶᠤᠬᠤ᠂ ᠬᠠᠷᠠᠮᠵᠢ ᠬᠦᠷᠳᠡᠬᠡᠮᠵᠢ ᠭᠤᠶᠤᠬᠤ ᠠᠵᠢᠯᠯᠠᠭ᠎ᠠ ᠵᠢ ᠡᠷᠡᠰ ᠴᠠᠭᠠᠵᠠᠯᠠᠵᠦ᠂ ᠨᠠᠮ᠋ ᠤᠨ ᠵᠤᠬᠢᠶᠠᠠ ᠪᠠᠶᠢᠭᠤᠯᠤᠯᠳᠠ ᠯᠤᠭ᠎ᠠ ᠦᠨ᠎ᠠ ᠬᠠᠶᠠᠯᠴᠠᠬᠤ᠂ ᠵᠤᠬᠢᠶᠠᠠ ᠪᠠᠶᠢᠭᠤᠯᠤᠯᠳᠠ ᠢᠢᠡ ᠳᠤᠬᠳᠠᠭᠠᠯ ᠢ ᠳᠠᠭᠠᠬᠤ ᠦᠬᠡᠢ ᠪᠠᠶᠢᠬᠤ ᠠᠵᠢᠯᠯᠠᠭ᠎ᠠ ᠵᠢ ᠡᠷᠡᠰ ᠴᠠᠭᠠᠵᠠᠯᠠᠬᠤ ᠬᠡᠷᠡᠭᠳᠡᠢ᠃ ᠶᠠᠮᠠᠷᠪᠡ ᠬᠦᠮᠦᠠ ᠴᠦᠮ᠋ ᠨᠠᠮ᠋ ᠤᠨ ᠺᠡᠳ᠋ᠷ ᠢ ᠬᠤᠪᠢ ᠶᠢᠨ ᠬᠢ ᠪᠠᠠ ᠬᠦᠷᠦᠩᠬᠡ ᠪᠤᠯᠭᠠᠵᠦ ᠪᠤᠯᠬᠤ ᠦᠬᠡᠢ᠂ ᠨᠠᠮ᠋ ᠤᠨ ᠳᠤᠳᠤᠭᠠᠳᠦ ᠳᠤ ᠬᠤᠪᠢ ᠵᠢᠠ ᠬᠠᠷᠢᠴᠠᠭ᠎ᠠ ᠪᠠᠢᠢᠭᠤᠯᠵᠦ ᠪᠤᠯᠬᠤ ᠦᠬᠡᠢ᠃ ᠨᠠᠮ᠋ ᠤᠨ ᠳᠤᠳᠤᠭᠠᠳᠦᠬᠢ ᠨᠦᠬᠦᠳ ᠤᠨ ᠬᠠᠷᠢᠯᠴᠠᠭ᠎ᠠ ᠶᠠᠪᠤᠯᠴᠠᠭ᠎ᠠ ᠵᠢ ᠵᠢᠷᠦᠮᠵᠢᠭᠤᠯᠤᠨ ᠴᠡᠪᠡᠷᠰᠢᠭᠦᠯᠵᠤ᠂ ᠤᠳᠦᠷᠢᠳᠬᠤ ᠺᠡᠳ᠋ᠷ ᠨᠠᠮ᠋ ᠤᠨ ᠬᠡᠰᠢᠬᠦᠡ ᠳ᠋ᠦ ᠶᠡᠬᠡᠷᠬᠡᠭ ᠵᠠᠩ᠋ ᠭᠠᠷᠭᠠᠵᠦ ᠵᠢᠭᠠᠠ ᠳᠤᠬᠢᠵᠦ ᠪᠤᠯᠬᠤ ᠦᠬᠡᠢ᠂ ᠨᠠᠮ᠋ ᠤᠨ ᠬᠡᠰᠢᠬᠦᠡ ᠤᠳᠦᠷᠢᠳᠬᠤ ᠺᠡᠳ᠋ᠷ ᠢ ᠪᠢᠯᠪᠢᠬᠦᠷᠳᠡᠡ ᠪᠢᠯᠳᠠᠤᠴᠢᠯᠠᠵᠦ ᠪᠤᠯᠬᠤ ᠦᠬᠡᠢ᠃ ᠠᠯᠳᠠᠭ᠎ᠠ ᠪᠤᠷᠤᠭᠤ ᠵᠢ ᠪᠠᠬᠳᠠᠭᠠᠬᠤ ᠪᠠ ᠵᠠᠯᠠᠷᠠᠭᠤᠯᠬᠤ ᠳᠤᠬᠳᠠᠴᠠ ᠢᠢ ᠪᠠᠢᠢᠭᠤᠯᠵᠦ᠂ ᠺᠡᠳ᠋ᠷ ᠤᠨ ᠠᠵᠢᠯ ᠳᠤᠮᠳᠠᠬᠢ ᠢᠯᠠᠩᠭᠤᠶ᠎ᠠ ᠦᠬᠡᠷᠡᠴᠢᠯᠡᠯᠳᠡ ᠬᠢᠵᠤ ᠰᠢᠨ᠎ᠠ ᠵᠢ ᠡᠬᠦᠳᠬᠦ ᠳᠤᠮᠳᠠᠬᠢ ᠠᠯᠳᠠᠭ᠎ᠠ ᠪᠤᠷᠤᠭᠤ ᠵᠢ ᠠᠭᠤᠴᠢᠯᠠᠬᠤ ᠬᠡᠷᠡᠭᠳᠡᠢ ᠬᠡᠵᠦ ᠳᠤᠷᠠᠳᠴᠠᠢ᠃

    ᠪᠦᠬᠦᠳᠠ ᠬᠤᠷᠠᠯ ᠡᠴᠡ᠂ ᠨᠠᠮ᠋ ᠤᠨ ᠵᠤᠬᠢᠶᠠᠠ ᠪᠠᠶᠢᠭᠤᠯᠤᠯᠳᠠ ᠵᠢᠡ ᠠᠮᠢᠳᠦᠷᠠᠯ ᠪᠤᠯ ᠨᠠᠮ᠋ ᠤᠨ ᠳᠤᠳᠤᠭᠠᠳᠤᠬᠢ ᠤᠯᠤᠰ ᠳᠦᠷᠦ ᠵᠢᠡ ᠠᠮᠢᠳᠦᠷᠠᠯ ᠤᠨ ᠴᠢᠬᠤᠯᠠ ᠠᠭᠤᠯᠭ᠎ᠠ ᠪᠠ ᠠᠴᠢᠶᠠᠯᠠᠪᠤᠷᠢ ᠮᠦᠠ᠂ ᠨᠠᠮ᠋ ᠤᠨ ᠵᠤᠬᠢᠶᠠᠠ ᠪᠠᠶᠢᠭᠤᠯᠤᠯᠳᠠ ᠡᠴᠡ ᠨᠠᠮ᠋ ᠤᠨ ᠬᠡᠰᠢᠬᠦᠡ ᠢ ᠬᠦᠮᠦᠵᠢᠬᠦᠯᠬᠦ ᠬᠠᠮᠢᠶᠠᠷᠬᠤ ᠬᠢᠨᠠᠯᠳᠠ ᠳᠠᠯᠪᠢᠬᠤ ᠴᠢᠬᠤᠯᠠ ᠬᠡᠯᠪᠡᠷᠢ ᠮᠦᠠ᠃ ᠡᠷᠬᠡᠪᠰᠢ ᠨᠠᠮ᠋ ᠤᠨ ᠵᠤᠬᠢᠶᠠᠠ ᠪᠠᠶᠢᠭᠤᠯᠤᠯᠳᠠ ᠵᠢᠡ ᠠᠮᠢᠳᠦᠷᠠᠯ ᠤᠨ ᠡᠯ᠎ᠠ ᠵᠦᠢᠯ ᠤᠨ ᠳᠦᠷᠢᠮ᠋ ᠢ ᠪᠠᠷᠢᠮᠳᠠᠯᠠᠵᠦ᠂ ᠠᠷᠭ᠎ᠠ ᠬᠡᠯᠪᠡᠷᠢ ᠠᠷᠭ᠎ᠠ ᠮᠠᠶ᠊ᠢᠬ ᠵᠢᠠᠠ ᠰᠢᠨᠠᠳᠬᠡᠵᠦ᠂ ᠨᠠᠮ᠋ ᠤᠨ ᠵᠤᠬᠢᠶᠠᠠ ᠪᠠᠶᠢᠭᠤᠯᠤᠯᠳᠠ ᠵᠢᠡ ᠠᠮᠢᠳᠦᠷᠠᠯ ᠤᠨ ᠠᠮᠢᠵᠢᠷᠠᠯ ᠤᠨ ᠬᠦᠴᠦᠡ ᠢ ᠴᠢᠩᠭᠠᠳᠬᠠᠬᠤ ᠬᠡᠷᠡᠭᠳᠡᠢ᠃ ᠪᠦᠬᠦ ᠨᠠᠮ᠋ ᠤᠨ ᠬᠡᠰᠢᠬᠦᠡ᠂ ᠺᠡᠳ᠋ᠷ ᠢᠯᠠᠩᠭᠤᠶ᠎ᠠ ᠳᠡᠬᠡᠳᠦ ᠵᠡᠷᠬᠡ ᠵᠢᠡ ᠺᠡᠳ᠋ᠷ ᠡᠷᠬᠡᠪᠰᠢ ᠨᠠᠮ᠋ ᠤᠨ ᠤᠬᠠᠮᠰᠠᠷ ᠵᠢᠡᠡ ᠴᠢᠩᠭᠠᠳᠬᠠᠵᠦ᠂ ᠦᠪᠡᠷ ᠤᠨ ᠨᠢᠬᠡᠳᠦᠬᠡᠷ ᠭᠠᠷᠦᠯ ᠪᠤᠯ ᠨᠠᠮ᠋ ᠤᠨ ᠬᠡᠰᠢᠬᠦᠡ ᠪᠤᠯᠬᠤ ᠬᠡᠳᠡᠭ ᠵᠢᠡᠡ ᠴᠠᠬ ᠢᠮᠠᠬᠳᠠ ᠪᠠᠳᠦ ᠴᠡᠬᠡᠵᠢᠯᠠᠬᠦ ᠬᠡᠷᠡᠭᠳᠡᠢ᠃《ᠭᠤᠷᠪᠡᠡ ᠬᠤᠷᠠᠯ ᠨᠢᠬᠡ ᠬᠢᠴᠢᠶᠡᠯ》 ᠤ᠋ᠨ ᠳᠦᠷᠢᠮ᠋ ᠢ ᠪᠠᠷᠢᠮᠳᠠᠯᠠᠵᠦ᠂ ᠠᠷᠠᠳᠴᠢᠯᠠᠯ ᠤᠨ ᠠᠮᠢᠳᠦᠷᠠᠯ ᠤᠨ ᠬᠤᠷᠠᠯ ᠪᠠ ᠵᠤᠬᠢᠶᠠᠠ ᠪᠠᠶᠢᠭᠤᠯᠤᠯᠳᠠ ᠵᠢᠡ ᠠᠮᠢᠳᠦᠷᠠᠯ ᠤᠨ ᠬᠤᠷᠠᠯ ᠤᠨ ᠳᠦᠷᠢᠮ᠋ ᠢ ᠪᠠᠷᠢᠮᠳᠠᠯᠠᠵᠦ᠂ ᠰᠠᠳᠬᠢᠯ ᠤᠨ ᠦᠬᠡ ᠪᠡᠡ ᠶᠠᠷᠢᠵᠦ ᠬᠡᠯᠡᠯᠴᠡᠬᠦ ᠳᠦᠷᠢᠮ᠋ ᠢ ᠪᠠᠷᠢᠮᠳᠠᠯᠠᠵᠦ᠂ ᠨᠠᠮ᠋ ᠤᠨ ᠬᠡᠰᠢᠬᠦᠡ ᠳ᠋ᠦ ᠠᠷᠠᠳᠴᠢᠯᠡᠯ ᠤᠨ ᠦᠨᠠᠯᠠᠯᠳᠠ ᠬᠢᠬᠦ ᠵᠢ ᠪᠠᠷᠢᠮᠳᠠᠯᠠᠬᠤ ᠬᠡᠷᠡᠭᠳᠡᠢ᠃ ᠤᠳᠦᠷᠢᠳᠬᠤ ᠺᠡᠳ᠋ᠷ ᠡᠷᠬᠡᠪᠰᠢ ᠵᠤᠬᠢᠶᠠᠠ ᠪᠠᠢᠢᠭᠤᠯᠤᠯᠳᠠ ᠵᠢᠡ ᠦᠵᠡᠯᠳᠡ ᠪᠡᠡ ᠴᠢᠩᠭᠠᠳᠬᠠᠵᠦ᠂ ᠠᠵᠢᠯ ᠳᠤᠮᠳᠠᠬᠢ ᠴᠢᠬᠤᠯᠠ ᠠᠰᠠᠭᠤᠳᠠᠯ ᠪᠠ ᠬᠤᠪᠢ ᠵᠢᠡ ᠬᠠᠮᠢᠶ᠎ᠠ ᠪᠦᠬᠦᠢ ᠶᠠᠪᠤᠳᠠᠯ ᠤᠳ ᠵᠢᠡᠡ ᠡᠷᠬᠡᠪᠰᠢ ᠳᠤᠬᠳᠠᠭᠠᠯ ᠶᠤᠰᠤᠭᠠᠷ ᠳᠠᠰ ᠳᠠᠷᠠᠭᠠᠯᠠᠯ ᠶᠤᠰᠤᠭᠠᠷ ᠵᠤᠬᠢᠶᠠᠠ ᠪᠠᠢᠢᠭᠤᠯᠤᠯᠳᠠ ᠳᠦ ᠮᠠᠳᠠᠬᠦᠯᠤᠠ ᠵᠢᠭᠠᠪᠤᠷᠢ ᠠᠪᠬᠤ ᠬᠡᠷᠡᠭᠳᠡᠢ ᠬᠡᠵᠦ ᠳᠤᠷᠠᠳᠪᠡ᠃

    ᠪᠦᠬᠦᠳᠡ ᠬᠤᠷᠠᠯ ᠡᠴᠡ᠂ ᠰᠢᠬᠦᠮᠵᠢᠯᠡᠯ ᠪᠠ ᠦᠪᠠᠷ ᠤᠨ ᠰᠢᠬᠦᠮᠵᠢᠯᠡᠯ ᠬᠢᠬᠦ ᠪᠤᠯ ᠮᠠᠠ ᠪ ᠨᠠᠮ᠋ ᠤᠨ ᠪᠡᠶ᠎ᠠ ᠪᠠᠡ ᠬᠦᠴᠦᠷᠬᠡᠭᠵᠢᠬᠦᠯᠤᠡ ᠡᠪᠡᠳᠴᠢᠡ ᠵᠢᠡᠡ ᠵᠠᠰᠠᠬᠤ᠂ ᠪᠠᠶ᠎ᠠ ᠮᠠᠬᠠᠪᠤᠳ ᠤᠨ ᠡᠷᠡᠬᠦᠯ ᠮᠠᠠᠳᠦ ᠵᠢ ᠪᠠᠳᠦᠯᠠᠬᠤ ᠵᠢᠡ ᠬᠤᠷᠴᠠ ᠵᠡᠪᠰᠡᠭ ᠮᠦᠠ᠂ ᠮᠦᠨ ᠴᠤ ᠨᠠᠮ᠋ ᠤᠨ ᠳᠤᠳᠤᠭᠠᠳᠦᠬᠢ ᠤᠯᠥᠰ ᠳᠦᠷᠦ ᠵᠢᠡ ᠠᠮᠢᠳᠦᠷᠠᠯ ᠢ ᠴᠢᠩᠭᠠᠳᠬᠠᠬᠤ ᠪᠠ ᠵᠢᠷᠦᠮᠵᠢᠭᠤᠯᠬᠤ ᠵᠢᠡ ᠴᠢᠬᠤᠯᠠ ᠠᠷᠭ᠎ᠠ ᠬᠡᠷᠡᠭᠯᠡᠬᠦᠷ ᠮᠦᠠ ᠪᠤᠯᠬᠤᠷ ᠡᠷᠬᠡᠪᠰᠢ ᠰᠢᠬᠦᠮᠵᠢᠯᠡᠯ ᠪᠠ ᠦᠪᠠᠷ ᠤᠨ ᠰᠢᠬᠦᠮᠵᠢᠯᠡᠯ ᠬᠢᠬᠦ ᠡᠨᠡᠬᠦ ᠵᠡᠪᠰᠡᠭ ᠢ ᠴᠦᠬᠦᠷᠡᠰᠢ ᠦᠬᠡᠢ ᠰᠠᠢᠢᠳᠦᠷ ᠭᠡᠷᠡᠭᠯᠡᠬᠦ ᠬᠡᠷᠡᠭᠳᠡᠢ᠃ ᠰᠢᠬᠦᠮᠵᠢᠯᠡᠯ ᠪᠠ ᠦᠪᠡᠷ ᠤᠨ ᠰᠢᠬᠦᠮᠵᠢᠯᠡᠯ ᠬᠢᠬᠦ ᠳ᠋ᠦ ᠡᠷᠬᠡᠪᠰᠢ ᠦᠨᠠᠠ ᠢ ᠪᠠᠷᠢᠮᠳᠠᠯᠠᠬᠤ ᠵᠢ ᠪᠠᠷᠢᠮᠳᠠᠯᠠᠵᠦ᠂ ᠨᠠᠮᠴᠢ ᠴᠢᠨᠠᠷ ᠢ ᠡᠷᠬᠢᠮᠯᠡᠬᠦ ᠡᠴᠡ ᠪᠢᠰᠢ ᠬᠤᠪᠢ ᠵᠢᠡ ᠨᠠᠢᠢᠷ ᠢ ᠡᠷᠬᠢᠮᠯᠡᠬᠦ ᠦᠬᠡᠢ᠂ ᠦᠨᠠᠠ ᠶᠤᠰᠤ ᠵᠢ ᠡᠷᠬᠢᠮᠯᠡᠬᠦ ᠡᠴᠡ ᠪᠢᠰᠢ ᠨᠢᠭᠤᠷ ᠳᠠᠯ᠎ᠠ ᠬᠠᠷᠠᠬᠤ ᠦᠬᠡᠢ ᠪᠠᠢᠢᠬᠤ ᠬᠡᠷᠡᠭᠳᠡᠢ᠃ ᠨᠠᠮ᠋  ᠤᠨ ᠬᠡᠰᠢᠬᠦᠡ᠂ ᠺᠡᠳ᠋ᠷ ᠡᠷᠬᠡᠪᠰᠢ ᠦᠪᠡᠷ ᠢ ᠪᠡᠡ ᠴᠢᠩᠭ᠎ᠠ ᠬᠢᠨᠠᠮᠠᠭᠠᠢ ᠵᠠᠳᠠᠯᠵᠦ᠂ ᠠᠰᠠᠭᠤᠳᠠᠯ ᠢ ᠢᠯᠡᠷᠡᠬᠦᠯᠪᠡᠯ ᠰᠢᠯᠳᠠᠭᠠᠠ ᠢ ᠨᠢ ᠬᠦᠠ ᠬᠦᠨᠵᠡᠬᠡᠢ ᠵᠠᠳᠠᠯᠵᠦ᠂ ᠨᠠᠷᠢᠨ ᠬᠢᠨᠠᠮᠠᠭᠠᠢ ᠪᠠᠷ ᠴᠡᠭᠴᠡᠯᠡᠡ ᠵᠠᠰᠠᠬᠤ ᠬᠡᠷᠡᠭᠳᠡᠢ᠃ ᠨᠠᠮ᠋ ᠤᠨ ᠤᠳᠦᠷᠢᠳᠬᠤ ᠪᠠᠢᠢᠭᠤᠯᠭ᠎ᠠ ᠪᠠ ᠤᠳᠦᠷᠢᠳᠬᠤ ᠺᠡᠳ᠋ᠷᠴᠤᠳ ᠡᠯ᠎ᠠ ᠵᠦᠢᠯ ᠤᠨ ᠠᠳᠠᠯᠢ ᠪᠤᠰᠦ ᠰᠠᠨᠠᠯ ᠢ ᠴᠦᠮ᠋ ᠡᠷᠬᠡᠪᠰᠢ ᠰᠤᠨᠤᠰᠴᠦ᠂ ᠤᠳᠦᠷᠢᠳᠬᠤ ᠺᠡᠳ᠋ᠷ ᠤᠠᠴᠠᠭᠠᠢᠢᠯᠠᠠ ᠳᠠᠬᠡᠳᠦ ᠵᠡᠷᠬᠡ ᠵᠢᠡ ᠺᠡᠳ᠋ᠷ ᠡᠷᠬᠡᠪᠰᠢ ᠳᠦᠷᠦᠬᠦᠯᠡᠡ ᠪᠤᠰᠦᠳ ᠤᠨ ᠰᠠᠨᠠᠯ ᠢ ᠪᠠᠶᠠᠷᠳᠠᠢ ᠪᠠᠷ ᠬᠦᠯᠢᠶᠠᠵᠦ᠂ ᠵᠤᠷᠢᠬᠳᠠᠢ ᠪᠠᠷ ᠰᠢᠭᠤᠤᠠ ᠰᠢᠯᠥᠭᠤᠠ ᠵᠢᠠᠷ ᠦᠭᠡ ᠬᠡᠯᠡᠬᠦ ᠬᠡᠷᠡᠭᠳᠡᠢ ᠬᠡᠵᠦ ᠳᠤᠷᠠᠳᠴᠠᠢ᠃

    ᠪᠦᠬᠦᠳᠡ ᠬᠤᠷᠠᠯ ᠡᠴᠡ᠂ ᠬᠢᠨᠠᠯᠳᠠ ᠳᠠᠯᠪᠢᠬᠤ ᠪᠤᠯ ᠡᠷᠬᠡ ᠢᠢ ᠵᠦᠪ ᠤᠨᠤᠪᠴᠢᠳᠠᠢ ᠭᠡᠷᠡᠭᠯᠡᠬᠦ ᠵᠢᠡ ᠦᠨᠳᠦᠰᠦᠠ ᠪᠠᠳᠦᠯᠠᠭ᠎ᠠ ᠮᠦᠠ᠂ ᠨᠠᠮ᠋ ᠤᠨ ᠳᠤᠳᠤᠭᠠᠳᠦᠬᠢ ᠤᠯᠤᠰ ᠳᠦᠷᠦ ᠵᠢᠡ ᠠᠮᠢᠳᠦᠷᠠᠯ ᠢ ᠴᠢᠩᠭᠠᠳᠬᠠᠬᠤ ᠪᠠ ᠵᠢᠷᠦᠮᠵᠢᠭᠤᠯᠬᠤ ᠵᠢᠡ ᠴᠢᠬᠤᠯᠠ ᠠᠷᠭ᠎ᠠ ᠬᠡᠮᠵᠢᠶ᠎ᠠ ᠮᠦᠠ᠃ ᠡᠷᠬᠡᠪᠰᠢ ᠤᠳᠦᠷᠢᠳᠬᠤ ᠺᠡᠳ᠋ᠷ ᠳᠦ ᠬᠢᠨᠠᠯᠳᠠ ᠳᠠᠯᠪᠢᠬᠤ ᠪᠠᠠ ᠴᠢᠩᠭᠠᠳᠬᠠᠬᠤ ᠬᠡᠷᠡᠭᠳᠡᠢ᠂ ᠨᠠᠮ᠋ ᠤᠨ ᠳᠤᠳᠤᠭᠠᠳᠦ ᠳ᠋ᠦ ᠬᠢᠵᠠᠭᠠᠷᠯᠠᠯ ᠬᠦᠯᠢᠶᠡᠬᠦ ᠦᠬᠡᠢ ᠡᠷᠬᠡ ᠭᠡᠵᠤ ᠪᠠᠢᠢᠵᠦ ᠪᠤᠯᠬᠤ ᠦᠬᠡᠢ᠂ ᠪᠠᠰᠠ ᠬᠢᠨᠠᠯᠳᠠ ᠳᠠᠯᠪᠢᠯᠳᠠ ᠵᠢ ᠬᠦᠯᠢᠶᠠᠬᠦ ᠦᠬᠡᠢ ᠤᠠᠴᠠᠭᠠᠢ ᠨᠠᠮ᠋ ᠤᠨ ᠬᠡᠰᠢᠬᠦᠡ ᠭᠡᠵᠤ ᠪᠠᠢᠢᠵᠦ ᠪᠤᠯᠬᠤ ᠦᠬᠡᠢ᠃ ᠡᠷᠬᠡ ᠵᠢᠡ ᠬᠡᠷᠡᠭᠯᠡᠯᠳᠡ ᠵᠢ ᠬᠢᠵᠠᠭᠠᠷᠯᠠᠬᠤ ᠪᠡ ᠬᠢᠨᠠᠯᠳᠠ ᠳᠠᠯᠪᠢᠬᠤ ᠳᠤᠬᠳᠠᠴᠠ ᠵᠢ ᠳᠠᠬᠦᠯᠳᠠᠷᠵᠢᠬᠦᠯᠵᠦ᠂ ᠡᠷᠬᠡ ᠵᠢ ᠠᠳᠬᠤᠪᠡᠯ ᠵᠡᠪᠡᠯ ᠬᠠᠷᠢᠭᠤᠴᠠᠬᠤ᠂ ᠡᠷᠬᠡ ᠵᠢ ᠬᠡᠷᠡᠭᠯᠡᠪᠡᠯ ᠵᠠᠪᠡᠯ ᠡᠬᠦᠷᠬᠡᠯᠡᠬᠦ᠂ ᠡᠷᠬᠡ ᠵᠢ ᠳᠤᠷᠠᠪᠡᠷ ᠬᠡᠷᠡᠭᠯᠡᠪᠡᠯ ᠵᠠᠪᠠᠯ ᠬᠠᠷᠢᠭᠤᠴᠠᠯᠭ᠎ᠠ ᠨᠡᠬᠡᠮᠵᠢᠯᠡᠬᠦ ᠳᠦᠷᠢᠮ᠋ ᠤᠠ ᠳᠤᠬᠢᠷᠠᠭᠤᠯᠤᠯᠳᠠ ᠵᠢ ᠪᠦᠷᠢᠯᠳᠦᠬᠦᠯᠬᠦ ᠬᠡᠷᠡᠭᠳᠡᠢ᠃ ᠨᠠᠮ᠋ ᠤᠨ ᠡᠯ᠎ᠠ ᠱᠠᠳᠤᠠ ᠪ ᠵᠤᠬᠢᠶᠠᠠ ᠪᠠᠢᠢᠭᠤᠯᠤᠯᠳᠠ ᠪᠡ ᠤᠳᠦᠷᠢᠳᠬᠤ ᠺᠡᠳ᠋ᠷ ᠡᠷᠬᠡᠪᠰᠢ ᠦᠨᠳᠦᠰᠦᠠ ᠬᠠᠤᠯᠢ ᠪᠠ ᠬᠠᠤᠯᠢ ᠴᠠᠭᠠᠵᠠ ᠵᠢᠡ ᠬᠦᠷᠢᠶ᠎ᠠ ᠬᠡᠪᠴᠢᠶᠡᠡ ᠳᠤᠳᠤᠷ᠎ᠠ ᠠᠵᠢᠯᠯᠠᠭ᠎ᠠ ᠬᠢᠬᠦ ᠬᠡᠷᠡᠭᠲᠡᠢ᠂ ᠬᠡᠷᠬᠢᠪᠡᠴᠦ ᠦᠬᠡ ᠪᠡᠷ ᠵᠢᠡᠡ ᠬᠠᠤᠯᠢ ᠵᠢ ᠤᠷᠦᠯᠠᠭᠤᠯᠬᠤ᠂ ᠡᠷᠬᠡ ᠪᠡᠷ ᠵᠢᠡᠡ ᠬᠠᠤᠯᠢ ᠵᠢ ᠳᠠᠷᠤᠬᠤ᠂ ᠬᠤᠪᠢ ᠵᠢᠠ ᠨᠠᠢᠢᠷ ᠵᠢᠠᠷ ᠬᠠᠤᠯᠢ ᠴᠠᠭᠠᠵᠠ ᠵᠢ ᠭᠠᠵᠢᠭᠤᠳᠠᠭᠤᠯᠵᠦ ᠪᠤᠯᠬᠤ ᠦᠬᠡᠢ᠃ ᠰᠠᠬᠢᠯᠭ᠎ᠠ ᠬᠠᠤᠯᠢ ᠡᠴᠡ ᠵᠦᠷᠢᠴᠡᠭᠰᠠᠠ ᠠᠵᠢᠯᠯᠠᠭ᠎ᠠ ᠵᠢᠡ ᠳᠤᠬᠠᠢ ᠢᠯᠡᠴᠢᠯᠡᠯᠳᠡ᠂ ᠨᠠᠮ᠋ ᠤᠨ ᠬᠡᠰᠢᠬᠦᠡ ᠳ᠋ᠦ ᠳᠤᠰᠬᠠᠬᠰᠠᠠ ᠠᠰᠠᠭᠤᠳᠠᠯ ᠤᠳ ᠢ ᠶᠠᠮᠠᠷᠪᠡ ᠨᠠᠮ᠋ ᠤᠨ ᠵᠤᠬᠢᠶᠠᠠ ᠪᠠᠢᠢᠭᠤᠯᠤᠯᠳᠠ ᠪᠡ ᠤᠳᠦᠷᠢᠳᠬᠤ ᠺᠡᠳ᠋ᠷ ᠴᠦᠮ᠋ ᠨᠢᠭᠤᠵᠦ ᠳᠠᠯᠳᠠᠯᠠᠭᠠᠳ ᠮᠠᠳᠠᠬᠦᠯᠬᠦ ᠦᠬᠡᠢ᠂ ᠤᠳᠠᠭᠠᠰᠢᠷᠠᠭᠤᠯᠤᠭᠠᠳ ᠰᠢᠢᠳᠪᠤᠷᠢᠯᠡᠬᠦ ᠦᠬᠡᠢ ᠪᠠᠢᠢᠵᠦ ᠪᠤᠯᠬᠤ ᠦᠬᠡᠢ᠃ ᠳᠤᠰᠬᠠᠬᠰᠠᠠ ᠠᠰᠠᠭᠤᠳᠠᠯ ᠳ᠋ᠦ ᠬᠤᠯᠪᠤᠬᠳᠠᠬᠤ ᠤᠳᠦᠷᠢᠳᠬᠤ ᠺᠡᠳ᠋ᠷ ᠨᠢ ᠵᠠᠢᠢᠯᠠᠰᠬᠢᠬᠥ ᠬᠡᠷᠡᠭᠲᠡᠢ᠂ ᠬᠠᠷᠢᠨ ᠵᠤᠬᠢᠶᠠᠠ ᠪᠠᠢᠢᠭᠤᠯᠤᠯᠳᠠ ᠵᠢᠡ ᠪᠠᠢᠢᠴᠠᠭᠠᠯᠳᠠ ᠵᠢ ᠬᠠᠷᠰᠢᠯᠠᠬᠤ ᠪᠡ ᠭᠠᠷ ᠳᠦᠷᠦᠵᠦ ᠪᠤᠯᠬᠤ ᠦᠬᠡᠢ ᠬᠡᠵᠦ ᠳᠤᠷᠠᠳᠪᠡ᠃

    ᠪᠦᠬᠦᠲᠠ ᠬᠤᠷᠠᠯ ᠡᠴᠡ᠂ ᠠᠷᠢᠭᠤᠨ ᠴᠡᠭᠡᠴᠢ ᠤᠯᠤᠰ ᠲᠦᠷᠦ ᠢᠢ ᠪᠦᠲᠦᠭᠡᠡ ᠪᠠᠢᠢᠭᠤᠯᠵᠦ᠂ ᠢᠯᠵᠢᠷᠠᠯ ᠢ ᠡᠷᠡᠰ ᠡᠰᠡᠷᠭᠦᠴᠡᠬᠦ ᠢᠢ ᠪᠠᠷᠢᠮᠲᠠᠯᠠᠬᠤ ᠪᠤᠯ ᠨᠠᠮ᠋ ᠤᠨ ᠲᠤᠲᠤᠭᠠᠲᠤᠬᠢ ᠤᠯᠤᠰ ᠲᠦᠷᠦ ᠢᠢᠨ ᠠᠮᠢᠲᠤᠷᠠᠯ ᠢ ᠴᠢᠩᠭᠠᠳᠬᠠᠠ ᠲᠦᠷᠢᠮᠵᠢᠬᠦᠯᠬᠦ ᠴᠢᠬᠤᠯᠠ ᠡᠬᠦᠷᠭᠡ ᠪᠤᠯᠤᠨ᠎ᠠ᠃ ᠡᠷᠬᠡᠪᠰᠢ ᠢᠯᠵᠢᠷᠠᠬᠤ ᠢᠢ ᠲᠡᠪᠴᠢᠵᠦ ᠴᠢᠨᠠᠷ ᠬᠤᠪᠢᠷᠠᠬᠤ ᠢᠢ ᠰᠡᠷᠭᠡᠢᠢᠯᠡᠬᠦ ᠦᠵᠡᠯ ᠰᠠᠨᠠᠭᠠᠠ ᠤ ᠰᠡᠷᠭᠡᠢᠢᠯᠡᠯᠲᠡ ᠢᠢᠨ ᠱᠤᠭᠤᠮ᠋ ᠪᠤᠯᠤᠨ ᠲᠦᠷᠢᠮ᠋ ᠤᠨ ᠰᠡᠷᠭᠡᠢᠢᠯᠡᠯᠲᠡ ᠢᠢᠨ ᠱᠤᠭᠤᠮ᠋ ᠢ ᠪᠡᠬᠢᠯᠢᠭ ᠪᠠᠢᠢᠭᠤᠯᠵᠦ᠂ ᠢᠯᠵᠢᠷᠠᠠ ᠲᠤᠷᠤᠢᠢᠲᠠᠵᠦ ᠴᠢᠲᠠᠬᠤ ᠦᠭᠡᠢ᠂ ᠢᠯᠵᠢᠷᠠᠠ ᠲᠤᠷᠤᠢᠢᠲᠠᠵᠦ ᠪᠤᠯᠬᠤ ᠦᠭᠡᠢ᠂ ᠢᠯᠵᠢᠷᠠᠠ ᠲᠤᠷᠤᠢᠢᠲᠠᠬᠤ ᠢᠢ ᠰᠠᠨᠠᠬᠤ ᠦᠭᠡᠢ ᠪᠤᠯᠭᠠᠬᠤ ᠪᠠᠢᠢᠭᠤᠯᠤᠮᠵᠢ ᠲᠤᠭᠲᠠᠴᠠ ᠢᠢ ᠬᠦᠴᠦᠯᠡᠨ ᠪᠠᠢᠢᠭᠤᠯᠬᠤ ᠭᠡᠷᠡᠭᠲᠡᠢ᠃ ᠤᠲᠤᠷᠢᠳᠬᠤ ᠺᠠᠳ᠋ᠷ ᠢᠯᠠᠩᠭᠤᠶ᠎ᠠ ᠲᠡᠭᠡᠲᠦ ᠲᠡᠰ ᠤᠨ ᠺᠠᠳ᠋ᠷ ᠡᠷᠬᠡᠪᠰᠢ ᠨᠡᠢᠢᠭᠡᠮ᠋ ᠵᠢᠷᠤᠮ᠋ ᠤᠨ ᠭᠤᠤᠯᠯᠠᠭᠴᠢ ᠦᠷᠲᠡᠭ ᠤᠨ ᠦᠵᠡᠯᠲᠡ ᠢᠢ ᠲᠦᠷᠦᠬᠦᠯᠡᠨ ᠦᠢᠯᠡᠲᠦᠯᠭᠡᠵᠢᠭᠦᠯᠵᠦ᠂ ᠬᠡᠪ ᠪᠤᠯᠪᠠᠰᠤᠷᠠᠯ ᠢ ᠡᠷᠬᠢᠮᠯᠡᠬᠦ᠂ ᠶᠤᠰᠤ ᠰᠤᠷᠲᠠᠬᠤᠨ ᠢ ᠡᠷᠬᠢᠮᠯᠡᠬᠦ᠂ ᠦᠨᠡᠡᠴᠢ ᠢᠲᠡᠭᠡᠮᠵᠢ ᠲᠠᠢ ᠪᠠᠢᠢᠬᠤ ᠢᠢ ᠡᠷᠬᠢᠮᠯᠡᠬᠦ᠂ ᠴᠡᠪᠡᠷ ᠢᠴᠢᠮᠡᠲᠡᠭᠡᠢ ᠪᠠᠢᠢᠬᠤ ᠢᠢ ᠡᠷᠬᠢᠮᠯᠡᠬᠦ ᠬᠡᠷᠡᠭᠲᠡᠢ᠃ ᠡᠯ᠎ᠠ ᠱᠠᠲᠤᠨ ᠤ ᠤᠲᠤᠷᠢᠳᠬᠤ ᠺᠠᠳ᠋ᠷ ᠪᠤᠯ ᠠᠷᠠᠳ ᠲᠦᠢᠮᠡᠨ ᠪ ᠠᠯᠪᠠᠠ ᠵᠠᠷᠤᠴᠠ ᠮᠦᠨ᠂ ᠤᠯᠠᠠ ᠡᠴᠡ ᠤᠨᠴᠠᠭᠠᠢᠢᠷᠠᠬᠤ ᠡᠷᠭᠡ ᠦᠭᠡᠢ᠂ ᠠᠷᠢᠭᠤᠠ ᠴᠢᠭᠡᠴᠢ ᠪᠠᠢᠢᠬᠤ ᠪᠠᠷ ᠪᠡᠶ᠎ᠠ ᠪᠠᠠ ᠱᠠᠭᠠᠷᠲᠠᠬᠤ ᠲᠦᠷᠢᠮ᠋ ᠢ ᠲᠦᠷᠦᠬᠦᠯᠡᠨ ᠭᠡᠷᠡᠭᠵᠢᠭᠦᠯᠵᠦ᠂ ᠤᠨᠴᠠ ᠡᠷᠭᠡ ᠡᠳ᠋ᠯᠡᠬᠦ ᠦᠵᠡᠯ ᠰᠠᠨᠠᠭ᠎ᠠ ᠪᠤᠯᠤᠨ ᠤᠨᠴᠠ ᠡᠷᠭᠡ ᠢᠢᠨ ᠦᠵᠡᠭᠲᠡᠯ ᠲᠠᠢ ᠤᠬᠠᠮᠠᠰᠠᠷ ᠡᠴᠡ ᠪᠠᠠ ᠲᠠᠮᠡᠴᠡᠯ ᠬᠢᠵᠦ᠂ ᠭᠡᠷ ᠪᠦᠯᠢ᠂ ᠭᠡᠷ ᠤᠨ ᠬᠦᠮᠦᠵᠢᠯ᠂ ᠭᠡᠷ ᠤᠨ ᠰᠤᠷᠲᠠᠯ ᠢ ᠴᠢᠬᠤᠯᠠᠴᠢᠯᠠᠠ᠂ ᠲᠦᠷᠦᠯ ᠰᠠᠲᠤᠨ ᠪᠤᠯᠤᠨ ᠲᠡᠷᠭᠡᠲᠡᠬᠢ ᠠᠵᠢᠯᠲᠠᠳ ᠢᠶᠡᠨ ᠰᠤᠷᠭᠠᠠ ᠬᠦᠮᠦᠵᠢᠭᠦᠯᠵᠦ ᠰᠠᠢᠢᠲᠤᠷ ᠬᠠᠮᠢᠶᠠᠷᠬᠤ ᠭᠡᠷᠡᠭᠲᠡᠢ᠃ ᠡᠷᠭᠡ ᠲᠤᠰᠢᠶᠠᠯ ᠪᠤᠶᠤ ᠨᠦᠯᠦᠭᠡᠯᠡᠬᠦ ᠬᠦᠴᠤᠨ ᠢᠶᠡᠨ ᠠᠰᠢᠠᠠᠯᠠᠵᠦ ᠲᠦᠷᠦᠯ ᠰᠠᠲᠤᠨ ᠲᠤᠲᠤᠨᠤ ᠨᠦᠬᠦᠳ ᠲᠡᠭᠡᠡ ᠤᠨᠴᠠ ᠡᠷᠭᠡ ᠡᠳ᠋ᠯᠡᠭᠦᠯᠦᠨ ᠬᠠᠷᠠᠭᠠᠯᠵᠠᠯ ᠬᠦᠷᠲᠡᠭᠡᠬᠦ ᠢᠢ ᠴᠠᠭᠠᠵᠠᠯᠠᠵᠦ᠂ ᠤᠲᠤᠷᠢᠳᠬᠤ ᠺᠠᠳ᠋ᠷ ᠤᠨ ᠲᠦᠷᠦᠯ ᠰᠠᠲᠤᠨ ᠲᠤᠲᠤᠨᠤ ᠨᠦᠬᠦᠳ ᠨᠢ ᠤᠲᠤᠷᠢᠳᠬᠤ ᠺᠠᠳ᠋ᠷ ᠤᠨ ᠡᠷᠭᠡ ᠲᠤᠰᠢᠶᠠᠯ ᠤᠨ ᠬᠦᠷᠢᠶ᠎ᠠ ᠬᠡᠪᠴᠢᠶᠡᠡ ᠳ᠋ᠡᠬᠢ ᠠᠵᠢᠯ ᠳ᠋ᠤ ᠭᠠᠷ ᠲᠦᠷᠦᠬᠦ᠂ ᠠᠵᠢᠯᠲᠠᠠ ᠤ ᠶᠠᠪᠤᠲᠠᠯ ᠤᠨ ᠲᠤᠬᠢᠷᠠᠭᠤᠯᠤᠯᠲᠠ ᠳ᠋ᠤ ᠭᠠᠷ ᠲᠦᠷᠦᠬᠦ ᠢᠢ ᠴᠠᠭᠠᠵᠠᠯᠠᠬᠤ ᠭᠡᠷᠡᠭᠲᠡᠢ᠃ ᠢᠯᠵᠢᠷᠠᠠ ᠲᠤᠷᠤᠢᠢᠲᠠᠪᠠᠯ ᠵᠠᠪᠠᠯ ᠡᠰᠡᠷᠭᠦᠴᠡᠬᠦ᠂ ᠱᠠᠮᠰᠢᠨ ᠵᠠᠯᠬᠢᠪᠠᠯ ᠵᠠᠪᠠᠯ ᠴᠡᠪᠡᠷᠯᠡᠡ ᠠᠷᠢᠯᠭᠠᠬᠤ ᠢᠢ ᠪᠠᠷᠢᠮᠲᠠᠯᠠᠵᠦ᠂ ᠬᠤᠷᠢᠭᠠᠲᠦ ᠤᠷᠤᠠ ᠦᠭᠡᠢ᠂ ᠪᠦᠬᠦᠨ ᠢ ᠪᠦᠷᠭᠦᠬᠦᠯᠬᠦ᠂ ᠤᠭᠲᠤ ᠦᠯᠦ ᠠᠭᠤᠴᠢᠯᠠᠬᠤ ᠢᠢ ᠪᠠᠷᠢᠮᠲᠠᠯᠠᠵᠦ᠂ ᠨᠠᠮ᠋ ᠤᠨ ᠲᠤᠲᠤᠭᠠᠲᠤ ᠳ᠋ᠤ ᠢᠯᠵᠢᠷᠠᠠ ᠲᠤᠷᠤᠢᠢᠲᠠᠬᠰᠠᠳ ᠪᠡᠶ᠎ᠠ ᠲᠠᠯᠲᠠᠯᠠᠬᠤ ᠭᠠᠵᠠᠷ ᠲᠠᠢ ᠪᠤᠯᠬᠤ ᠢᠢ ᠤᠭᠲᠤ ᠵᠦᠪᠰᠢᠶᠡᠷᠡᠬᠦ ᠦᠭᠡᠢ ᠭᠡᠵᠦ ᠵᠢᠭᠠᠵᠦ ᠭᠠᠷᠭᠠᠪᠠ᠃

    ᠪᠦᠬᠦᠲᠠ ᠬᠤᠷᠠᠯ ᠡᠴᠡ᠂ ᠨᠠᠮ᠋ ᠤᠨ ᠲᠤᠲᠤᠭᠠᠲᠦ ᠳ᠋ᠦ ᠬᠢᠨᠠᠯᠳᠠ ᠲᠠᠯᠪᠢᠬᠤ ᠳ᠋ᠦ ᠮᠠᠷᠺᠰ ᠯᠸᠨᠢᠨ ᠤ ᠦᠵᠡᠯ᠂ ᠮᠠᠤ ᠽᠸ ᠳ᠋ᠦᠩ᠋ ᠤᠨ ᠦᠵᠡᠯ ᠰᠠᠨᠠᠭ᠎ᠠ᠂ ᠳ᠋ᠸᠩ᠋ ᠰᠢᠶᠤᠤ ᠫᠢᠩ᠋ ᠤᠨ ᠤᠨᠤᠯ᠂《ᠭᠤᠷᠪᠠ ᠢᠢ ᠲᠦᠯᠦᠭᠡᠯᠡᠬᠦ》ᠴᠢᠬᠤᠯᠠ ᠦᠵᠡᠯ ᠰᠠᠨᠠᠭ᠎ᠠ᠂ ᠰᠢᠨᠵᠢᠯᠡᠬᠦ ᠤᠬᠠᠭᠠᠠᠴᠢ ᠬᠦᠭᠵᠢᠯᠲᠠ ᠢᠢᠨ ᠦᠵᠡᠯᠲᠠ ᠪᠠᠷ ᠵᠢᠯᠤᠭᠤᠲᠤᠯᠭ᠎ᠠ ᠪᠤᠯᠭᠠᠠ᠂ ᠶᠡᠷᠦᠩᠭᠡᠢ ᠱᠦᠵᠢ ᠰᠢ ᠵᠢᠨ ᠫᠢᠩ᠋ ᠤᠨ ᠰᠢᠷᠢᠰ ᠴᠢᠬᠤᠯᠠ ᠶᠠᠷᠢᠶᠠᠠ ᠤ ᠵᠤᠷᠢᠭ ᠰᠠᠨᠠᠭ᠎ᠠ ᠢᠢ ᠬᠦᠨᠵᠡᠭᠡᠢ ᠲᠤᠤᠱᠯᠠᠭᠤᠯᠤᠨ᠂ 《ᠲᠠᠪᠤ ᠢᠢ ᠨᠢᠭᠡ ᠴᠤᠭᠴᠠᠵᠢᠭᠤᠯᠬᠤ》ᠶᠡᠷᠦᠩᠭᠡᠢ ᠪᠠᠢᠢᠷᠢᠰᠢᠭᠤᠯᠤᠯᠳᠠ ᠵᠢ ᠨᠢᠭᠡᠲᠦᠯᠲᠡᠢ ᠲᠦᠯᠦᠪᠵᠢᠭᠦᠯᠦᠨ ᠠᠬᠢᠭᠤᠯᠬᠤ ᠪᠠ《ᠲᠦᠷᠪᠡᠡ ᠪᠦᠬᠦ ᠲᠠᠯ᠎ᠠ》 ᠶ᠋ᠢᠨ ᠪᠠᠢᠢᠯᠲᠤᠬᠤ ᠪᠤᠲᠤᠯᠭ᠎ᠠ ᠢᠢᠨ ᠪᠠᠢᠢᠷᠢᠰᠢᠭᠤᠯᠤᠯᠳᠠ ᠵᠢ ᠵᠤᠬᠢᠴᠠᠭᠤᠯᠤᠨ ᠠᠬᠢᠭᠤᠯᠬᠤ ᠵᠢᠨ ᠲᠤᠭᠤᠷᠢᠨ ᠳ᠋ᠦ᠂ ᠨᠠᠮ᠋ ᠤᠨ ᠲᠦᠷᠢᠮ᠋ ᠢ ᠬᠦᠨᠲᠦᠳᠭᠡᠡ᠂ ᠲᠦᠷᠢᠮ᠋ ᠲᠤᠭᠲᠠᠭᠠᠯ ᠶᠤᠰᠤᠭᠠᠷ ᠨᠠᠮ᠋ ᠢ ᠵᠠᠰᠠᠵᠦ᠂ ᠨᠠᠮ᠋ ᠤᠨ ᠲᠤᠲᠤᠭᠠᠲᠤ ᠢᠢᠨ ᠬᠢᠨᠠᠯᠲᠠ ᠲᠠᠯᠪᠢᠯᠲᠠ ᠪᠤᠯᠤᠨ ᠠᠷᠠᠳ ᠲᠦᠮᠡᠡ ᠤ ᠬᠢᠨᠠᠯᠲᠠ ᠲᠠᠯᠪᠢᠯᠲᠠ ᠢᠢ ᠬᠠᠷᠢᠯᠴᠠᠠ ᠤᠶᠠᠯᠲᠤᠭᠤᠯᠬᠤ ᠢᠢ ᠪᠠᠷᠢᠮᠲᠠᠯᠠᠵᠦ᠂ ᠨᠠᠮ᠋ ᠤᠨ ᠤᠷᠲᠤ ᠬᠤᠭᠤᠴᠠᠭ᠎ᠠ ᠲᠦᠷᠦ ᠪᠠᠷᠢᠬᠤ ᠨᠦᠬᠦᠴᠡᠯ ᠲᠤᠤᠷ᠎ᠠ ᠦᠪᠡᠷ ᠢ ᠪᠠᠠ ᠴᠡᠪᠡᠷᠰᠢᠭᠦᠯᠬᠦ᠂ ᠦᠪᠡᠷ ᠢ ᠪᠠᠠ ᠲᠡᠭᠦᠯᠲᠡᠷᠵᠢᠭᠦᠯᠬᠦ᠂ ᠦᠪᠡᠷ ᠢ ᠪᠠᠠ ᠰᠢᠨᠡᠴᠢᠯᠡᠬᠦ᠂ ᠦᠪᠡᠷ ᠢ ᠪᠠᠠ ᠲᠡᠭᠡᠭᠰᠢᠯᠡᠭᠦᠯᠬᠦ ᠴᠢᠲᠠᠪᠤᠷᠢ ᠢᠢ ᠴᠢᠩᠭᠠᠳᠬᠠᠬᠤ ᠭᠡᠷᠡᠭᠲᠡᠢ ᠭᠡᠵᠦ ᠴᠢᠬᠤᠯᠠᠴᠢᠯᠠᠵᠠᠢ᠃

    ᠪᠦᠬᠦᠲᠠ ᠬᠤᠷᠠᠯ ᠡᠴᠡ᠂ ᠨᠠᠮ᠋ ᠤᠨ ᠲᠤᠲᠤᠭᠠᠲᠤᠬᠢ ᠬᠢᠨᠠᠯᠲᠠ ᠲᠠᠯᠪᠢᠯᠲᠠ ᠳ᠋ᠤ ᠬᠤᠷᠢᠭᠠᠲᠤ ᠤᠷᠤᠨ ᠭᠡᠵᠦ ᠦᠭᠡᠢ᠂ ᠲᠦᠷᠢᠮ᠋ ᠡᠴᠡ ᠭᠠᠲᠠᠭᠤᠷ ᠭᠡᠰᠡᠠ ᠶᠠᠪᠤᠲᠠᠯ ᠦᠭᠡᠢ᠃ ᠡᠯ᠎ᠠ ᠱᠠᠲᠤᠨ ᠤ ᠨᠠᠮ᠋ ᠤᠨ ᠵᠤᠬᠢᠶᠠᠠ ᠪᠠᠢᠢᠭᠤᠯᠤᠯᠲᠠ ᠢ ᠲᠡᠭᠡᠵᠦ ᠤᠷᠮᠠᠰᠢᠭᠤᠯᠤᠨ ᠵᠤᠷᠢᠠᠠᠵᠢᠭᠤᠯᠬᠤ ᠢᠢ ᠴᠢᠩᠭ᠎ᠠ ᠬᠢᠨᠠᠯᠲᠠ ᠲᠠᠯᠪᠢᠬᠤ ᠲᠠᠢ ᠤᠶᠠᠯᠲᠤᠭᠤᠯᠵᠦ᠂ ᠨᠠᠮ᠋ ᠤᠨ ᠤᠲᠤᠷᠢᠳᠬᠤ ᠺᠠᠳ᠋ᠷ ᠢ ᠡᠷᠬᠡ ᠶᠢ ᠠᠳᠬᠤᠪᠠᠯ ᠵᠠᠪᠠᠯ ᠬᠠᠷᠢᠭᠤᠴᠠᠬᠤ ᠂ ᠬᠠᠷᠢᠭᠤᠴᠠᠪᠠᠯ ᠡᠬᠦᠷᠭᠡᠯᠡᠯ ᠲᠠᠢ ᠪᠤᠯᠭᠠᠵᠦ᠂ ᠡᠷᠭᠡ ᠪᠠᠠ ᠬᠡᠷᠡᠭᠯᠡᠬᠦ ᠳ᠋ᠡᠭᠡᠡ ᠬᠢᠨᠠᠯᠲᠠ ᠢᠢ ᠬᠦᠯᠢᠶᠡᠵᠦ᠂ ᠬᠠᠷᠢᠭᠤᠴᠠᠯᠭ᠎ᠠ ᠳ᠋ᠠᠭᠠᠠ ᠤᠰᠤᠯᠲᠠᠪᠠᠯ ᠵᠠᠪᠠᠯ ᠬᠠᠷᠢᠭᠤᠴᠠᠯᠭ᠎ᠠ ᠨᠡᠬᠡᠮᠵᠢᠯᠡᠬᠦ ᠭᠡᠷᠡᠭᠲᠡᠢ᠃ ᠨᠠᠮ᠋ ᠤᠨ ᠲᠤᠲᠤᠭᠠᠲᠤ ᠢᠢᠨ ᠬᠢᠨᠠᠯᠲᠠ ᠳ᠋ᠦ ᠠᠷᠠᠳᠴᠢᠯᠠᠯ ᠲᠦᠪᠯᠡᠷᠡᠯ ᠤᠨ ᠶᠤᠰᠤ ᠢᠢ ᠲᠤᠤᠱᠯᠠᠭᠤᠯᠵᠦ᠂ ᠲᠦᠷᠢᠮ᠋ ᠲᠤᠭᠲᠠᠭᠠᠯ ᠰᠠᠬᠢᠯᠭ᠎ᠠ ᠪᠠᠲᠤ ᠶᠤᠰᠤᠭᠠᠷ ᠶᠠᠪᠤᠭᠳᠠᠭᠤᠯᠵᠤ᠂ ᠵᠤᠬᠢᠶᠠᠠ ᠪᠠᠢᠢᠭᠤᠯᠤᠯᠲᠠ ᠢᠢᠨ ᠲᠡᠭᠡᠷ᠎ᠠ ᠡᠴᠡ ᠲᠤᠷᠤᠭᠰᠢ ᠶᠠᠪᠤᠭᠳᠠᠭᠤᠯᠬᠤ ᠬᠢᠨᠠᠯᠲᠠ ᠲᠠᠯᠪᠢᠯᠲᠠ ᠢᠢ ᠴᠢᠩᠭᠠᠳᠬᠠᠠ᠂ ᠲᠤᠤᠷ᠎ᠠ ᠡᠴᠡ ᠲᠡᠭᠡᠭᠰᠢ ᠶᠠᠪᠤᠭᠳᠠᠭᠤᠯᠬᠤ ᠠᠷᠠᠳᠴᠢᠯᠠᠯ ᠤᠨ ᠬᠢᠨᠠᠯᠲᠠ ᠲᠠᠯᠪᠢᠯᠲᠠ ᠢᠢ ᠰᠠᠢᠢᠵᠢᠷᠠᠭᠤᠯᠤᠨ᠂ ᠠᠲᠠᠯᠢ ᠱᠠᠲᠤᠨ ᠤ ᠬᠤᠭᠤᠷᠤᠨᠲᠤ ᠪᠠᠠ ᠬᠠᠷᠢᠯᠴᠠᠠ ᠬᠢᠨᠠᠯᠲᠠ ᠲᠠᠯᠪᠢᠬᠤ ᠦᠢᠯᠡᠲᠦᠯ ᠢ ᠪᠠᠲᠠᠷᠠᠭᠤᠯᠬᠤ ᠭᠡᠷᠡᠭᠲᠡᠢ ᠭᠡᠵᠦ ᠵᠢᠭᠠᠵᠦ ᠭᠠᠷᠭᠠᠪᠠ᠃

    ᠪᠦᠬᠦᠳᠡ ᠬᠤᠷᠠᠯ ᠡᠴᠡ᠂ ᠨᠠᠮ᠋ ᠤᠨ ᠲᠤᠲᠤᠭᠠᠲᠤ ᠢᠢᠨ ᠬᠢᠨᠠᠯᠲᠠ ᠲᠠᠯᠪᠢᠬᠤ ᠡᠬᠦᠷᠭᠡ ᠪᠤᠯ ᠨᠠᠮ᠋ ᠤᠨ ᠲᠦᠷᠢᠮ᠋ ᠲᠤᠭᠲᠠᠭᠠᠯ ᠨᠠᠮ᠋ ᠤᠨ ᠰᠠᠬᠢᠯᠭ᠎ᠠ ᠪᠠᠲᠤ ᠢᠢ ᠪᠦᠬᠦ ᠨᠠᠮ᠋ ᠳ᠋ᠤ ᠪᠦᠲᠦᠮᠵᠢᠲᠠᠢ ᠭᠡᠷᠡᠭᠵᠢᠭᠦᠯᠬᠦ ᠢᠢ ᠪᠠᠲᠤᠯᠠᠵᠦ᠂ ᠨᠠᠮ᠋ ᠤᠨ ᠪᠦᠯᠭᠦᠮᠲᠡᠯ ᠨᠢᠭᠡᠲᠦᠯ ᠢ ᠬᠠᠮᠠᠭᠠᠯᠠᠵᠦ᠂ ᠨᠠᠮ᠋ ᠤᠨ ᠤᠲᠤᠷᠢᠲᠤᠯᠭ᠎ᠠ ᠰᠤᠯᠠᠷᠠᠬᠤ᠂ ᠨᠠᠮ᠋ ᠤᠨ ᠪᠠᠢᠢᠭᠤᠯᠤᠯᠲᠠ ᠲᠤᠲᠠᠭᠲᠠᠬᠤ᠂ ᠨᠠᠮ᠋ ᠢ ᠪᠦᠬᠦ ᠲᠠᠯ᠎ᠠ ᠪᠡᠷ ᠴᠢᠩᠭ᠎ᠠ ᠵᠠᠰᠠᠬᠤ ᠨᠢ ᠰᠤᠯᠠ᠂ ᠨᠠᠮ᠋ ᠤᠨ ᠲᠤᠬᠠᠢ ᠦᠵᠡᠯᠲᠠ ᠪᠠᠭᠤᠷᠠᠢ᠂ ᠵᠤᠬᠢᠶᠠᠠ ᠪᠠᠢᠢᠭᠤᠯᠤᠯᠲᠠ ᠰᠤᠯᠠ ᠵᠠᠲᠠᠭᠠᠢ᠂ ᠰᠠᠬᠢᠯᠭ᠎ᠠ ᠪᠠᠲᠤ ᠰᠤᠯᠠ᠂ ᠨᠠᠮ᠋ ᠢ ᠬᠠᠮᠢᠶᠠᠷᠴᠤ ᠨᠠᠮ᠋ ᠢ ᠵᠠᠰᠠᠬᠤ ᠠᠵᠢᠯ ᠬᠦᠴᠦᠨ ᠦᠭᠡᠢ ᠪᠤᠯᠤᠭᠰᠠᠠ ᠠᠰᠠᠭᠤᠲᠠᠯ ᠢ ᠭᠤᠤᠯᠲᠠᠯᠭ᠎ᠠ ᠲᠠᠢ ᠰᠢᠢᠳᠪᠦᠷᠢᠯᠡᠵᠦ᠂ ᠨᠠᠮ᠋ ᠤᠨ ᠵᠤᠬᠢᠶᠠᠠ ᠪᠠᠢᠢᠭᠤᠯᠤᠯᠲᠠ ᠢᠢᠨ ᠡᠷᠭᠡ ᠲᠤᠰᠢᠶᠠᠯ ᠢᠶᠡᠨ ᠰᠠᠢᠢᠲᠤᠷ ᠬᠦᠢᠴᠡᠳᠭᠡᠡ᠂ ᠭᠤᠤᠯᠯᠠᠭᠴᠢ ᠦᠢᠯᠡᠲᠦᠯ ᠢᠶᠡᠨ ᠪᠠᠲᠠᠷᠠᠭᠤᠯᠬᠤ ᠢᠢ ᠪᠠᠲᠤᠯᠠᠵᠦ᠂ ᠪᠦᠬᠦ ᠨᠠᠮ᠋ ᠤᠨ ᠭᠡᠰᠢᠭᠦᠳ ᠤᠨ ᠬᠤᠰᠢᠭᠤᠴᠢ ᠵᠢᠱᠢᠶᠡᠴᠢ ᠦᠢᠯᠡᠲᠦᠯ ᠢᠶᠡᠨ ᠪᠠᠲᠠᠷᠠᠭᠤᠯᠬᠤ ᠢᠢ ᠪᠠᠲᠤᠯᠠᠵᠦ᠂ ᠨᠠᠮ᠋ ᠤᠨ ᠤᠲᠤᠷᠢᠳᠬᠤ ᠺᠠᠳ᠋ᠷ ᠤᠨ ᠦᠨᠡᠡᠴᠢ ᠰᠢᠳᠤᠷᠭᠤ ᠠᠷᠢᠭᠤᠨ ᠴᠢᠭᠡᠴᠢ ᠡᠭᠦᠷᠭᠡᠯᠡᠯ ᠲᠠᠢ ᠪᠠᠢᠢᠬᠤ ᠢᠢ ᠪᠠᠲᠤᠯᠠᠨ᠎ᠠ᠃ ᠨᠠᠮ᠋ ᠤᠨ ᠲᠤᠲᠤᠭᠠᠲᠤ ᠢᠢᠨ ᠬᠢᠨᠠᠯᠲᠠ ᠲᠠᠯᠪᠢᠬᠤ ᠭᠤᠤᠯ ᠠᠭᠤᠯᠭ᠎ᠠ ᠪᠤᠯ ᠨᠠᠮ᠋ ᠤᠨ ᠲᠦᠷᠢᠮ᠋ ᠲᠤᠭᠲᠠᠭᠠᠯ ᠪᠤᠯᠤᠨ ᠤᠯᠤᠰ ᠤᠨ ᠦᠨᠲᠦᠰᠦᠨ ᠬᠠᠤᠯᠢ ᠬᠠᠤᠯᠢ ᠴᠠᠭᠠᠵᠠ ᠢᠢ ᠵᠢᠷᠤᠮᠯᠠᠵᠦ᠂ ᠨᠠᠮ᠋ ᠤᠨ ᠲᠦᠪ ᠬᠤᠷᠢᠶ᠎ᠠ ᠢᠢᠨ ᠲᠦᠪᠯᠡᠷᠡᠩᠭᠦᠢ ᠨᠢᠭᠡᠲᠦᠯ ᠲᠠᠢ ᠤᠲᠤᠷᠢᠳᠬᠤ ᠢᠢ ᠬᠠᠮᠠᠭᠠᠯᠠᠵᠦ᠂ ᠠᠷᠠᠳᠴᠢᠯᠠᠯ ᠲᠦᠪᠯᠡᠷᠡᠯ ᠤᠨ ᠶᠤᠰᠤ ᠢᠢ ᠪᠠᠷᠢᠮᠲᠠᠯᠠᠠ᠂ ᠨᠠᠮ᠋ ᠢ ᠪᠦᠬᠦ ᠲᠠᠯ᠎ᠠ ᠪᠠᠷ ᠴᠢᠩᠭ᠎ᠠ ᠵᠠᠰᠬᠠᠤ ᠬᠠᠷᠢᠭᠤᠴᠠᠯᠭ᠎ᠠ ᠢᠢ ᠨᠠᠢᠢᠲᠠᠪᠤᠷᠢᠵᠢᠭᠤᠯᠤᠨ᠂ ᠲᠦᠪ ᠤᠨ ᠨᠠᠶ᠋ᠮᠠᠠ ᠲᠤᠭᠲᠠᠭᠠᠯ ᠤᠨ ᠵᠤᠷᠢᠭ ᠰᠠᠨᠠᠭ᠎ᠠ ᠢᠢ ᠨᠠᠢᠢᠲᠠᠪᠤᠷᠢᠵᠢᠭᠤᠯᠵᠦ᠂ ᠨᠠᠮ᠋ ᠤᠨ ᠺᠠᠳ᠋ᠷ ᠤᠨ ᠪᠠᠷᠢᠮᠵᠢᠶ᠎ᠠ ᠢᠢ ᠪᠠᠷᠢᠮᠲᠠᠯᠠᠵᠦ᠂ ᠠᠷᠢᠭᠤᠠ ᠴᠢᠭᠡᠴᠢ ᠪᠠᠢᠢᠬᠤ ᠪᠠᠷ ᠪᠡᠶ᠎ᠠ ᠪᠠᠠ ᠱᠠᠭᠠᠷᠲᠠᠬᠤ᠂ ᠭᠤᠤᠯᠴᠢ ᠪᠠᠷ ᠡᠷᠭᠡ ᠪᠠᠠ ᠭᠡᠷᠡᠭᠯᠡᠬᠦ ᠢᠢ ᠪᠠᠷᠢᠮᠲᠠᠯᠠᠵᠦ᠂ ᠨᠠᠮ᠋ ᠤᠨ ᠲᠦᠪ ᠬᠤᠷᠢᠶ᠎ᠠ ᠪᠤᠯᠤᠨ ᠲᠡᠭᠡᠲᠦ ᠱᠠᠲᠤᠨ ᠤ ᠨᠠᠮ᠋ ᠤᠨ ᠵᠤᠬᠢᠶᠠᠠ ᠪᠠᠢᠢᠭᠤᠯᠤᠯᠲᠠ ᠢᠢᠨ ᠪᠠᠢᠢᠷᠢᠯᠠᠭᠤᠯᠤᠭᠰᠠᠠ ᠡᠭᠦᠷᠭᠡ ᠢᠢ ᠪᠡᠶᠡᠯᠡᠭᠦᠯᠦᠭᠰᠡᠡ ᠵᠡᠷᠭᠡ ᠪᠠᠢᠢᠳᠠᠯ ᠪᠤᠯᠤᠨ᠎ᠠ ᠭᠡᠵᠦ ᠵᠢᠭᠠᠵᠦ ᠭᠠᠷᠭᠠᠪᠠ᠃

    ᠪᠦᠬᠦᠲᠠ ᠬᠤᠷᠠᠯ ᠡᠴᠡ᠂ ᠨᠠᠮ᠋ ᠤᠨ ᠲᠤᠲᠤᠭᠠᠲᠤ ᠳ᠋ᠤ ᠬᠢᠨᠠᠯᠲᠠ ᠲᠠᠯᠪᠢᠬᠤ ᠭᠤᠤᠯ ᠡᠲᠡᠭᠡᠳ ᠪᠤᠯ ᠨᠠᠮ᠋ ᠤᠨ ᠤᠲᠤᠷᠢᠳᠬᠤ ᠪᠠᠢᠢᠭᠤᠯᠭ᠎ᠠ ᠪᠤᠯᠤᠨ ᠤᠲᠤᠷᠢᠳᠬᠤ ᠺᠠᠳ᠋ᠷ ᠢᠯᠠᠩᠭᠤᠶ᠎ᠠ ᠭᠤᠤᠯ ᠤᠲᠤᠷᠢᠳᠬᠤ ᠺᠠᠳ᠋ᠷ ᠪᠤᠯᠤᠨ᠎ᠠ᠃ ᠨᠠᠮ᠋ ᠤᠨ ᠲᠦᠪ ᠬᠤᠷᠢᠶᠠᠠ ᠤ ᠨᠢᠭᠡᠳᠦᠯᠳᠠᠢ ᠤᠳᠤᠷᠢᠳᠴᠦ᠂ ᠨᠠᠮ᠋ ᠤᠨ ᠬᠤᠷᠢᠶ᠎ᠠ (ᠨᠠᠮ᠋ ᠤᠨ ᠤᠲᠤᠷᠢᠳᠬᠤ ᠲᠤᠭᠤᠢᠢᠯᠠᠩ᠋) ᠪᠦᠬᠦ ᠲᠠᠯ᠎ᠠ ᠪᠠᠷ ᠬᠢᠨᠠᠯᠲᠠ ᠲᠠᠯᠪᠢᠵᠦ᠂ ᠰᠠᠬᠢᠯᠭ᠎ᠠ ᠪᠠᠲᠤ ᠪᠠᠢᠢᠴᠠᠭᠠᠬᠤ ᠪᠠᠢᠢᠭᠤᠯᠭ᠎ᠠ ᠬᠢᠨᠠᠯᠲᠠ ᠲᠠᠯᠪᠢᠬᠤ ᠢᠢ ᠲᠤᠰᠬᠠᠢ ᠬᠠᠷᠢᠭᠤᠴᠠᠵᠦ᠂ ᠨᠠᠮ᠋ ᠤᠨ ᠠᠵᠢᠯ᠎ ᠤᠨ ᠰᠠᠯᠠᠭ᠎ᠠ ᠮᠦᠴᠢᠷ ᠡᠬᠦᠷᠭᠡ ᠴᠢᠲᠠᠪᠬᠢ ᠳ᠋ᠦ ᠬᠢᠨᠠᠯᠲᠠ ᠲᠠᠯᠪᠢᠠ᠂ ᠨᠠᠮ᠋ ᠤᠨ ᠦᠨᠲᠦᠰᠦᠨ ᠱᠠᠲᠤᠨ ᠤ ᠵᠤᠬᠢᠶᠠᠠ ᠪᠠᠢᠢᠭᠤᠯᠤᠯᠲᠠ ᠡᠲᠦᠷ ᠲᠤᠲᠤᠮ᠋ ᠤᠨ ᠬᠢᠨᠠᠯᠲᠠ ᠲᠠᠯᠪᠢᠵᠦ᠂ ᠨᠠᠮ᠋ ᠤᠨ ᠭᠡᠰᠢᠭᠦᠨ ᠤ ᠠᠷᠠᠳᠴᠢᠯᠠᠯ ᠵᠢᠡᠷ ᠬᠢᠨᠠᠯᠲᠠ ᠲᠠᠯᠪᠢᠬᠤ ᠨᠠᠮ᠋ ᠤᠨ ᠲᠤᠲᠤᠭᠠᠲᠤ ᠢᠢᠨ ᠬᠢᠨᠠᠯᠲᠠ ᠲᠠᠯᠪᠢᠬᠤ ᠰᠢᠰᠲ᠋ᠸᠮ᠋ ᠢ ᠪᠠᠢᠢᠭᠤᠯᠤᠨ ᠲᠡᠭᠦᠯᠲᠡᠷᠵᠢᠭᠦᠯᠦᠨ᠎ᠠ ᠭᠡᠵᠦ ᠵᠢᠭᠠᠵᠦ ᠭᠠᠷᠭᠠᠪᠠ᠃

    ᠪᠦᠬᠦᠳᠠ ᠬᠤᠷᠠᠯ ᠡᠴᠡ᠂ ᠨᠠᠮ᠋ ᠤᠨ ᠲᠦᠪ ᠬᠤᠷᠢᠶ᠎ᠠ᠂ ᠲᠦᠪ ᠬᠤᠷᠢᠶᠠᠨ ᠤ ᠤᠯᠤᠰ ᠲᠦᠷᠤ ᠢᠢᠨ ᠲᠤᠪᠴᠢᠶ᠎ᠠ᠂ ᠲᠦᠪ ᠬᠤᠷᠢᠶᠠᠨ ᠤ ᠤᠯᠤᠰ ᠲᠦᠷᠤ ᠢᠢᠨ ᠲᠤᠪᠴᠢᠶᠠᠨ ᠤ ᠪᠠᠢᠢᠩᠭᠤ ᠢᠢᠨ ᠬᠤᠷᠢᠶ᠎ᠠ ᠨᠠᠮ᠋ ᠤᠨ ᠳᠤᠳᠤᠷ᠎ᠠ ᠬᠢᠨᠠᠯᠳᠠ ᠲᠠᠯᠪᠢᠬᠤ ᠠᠵᠢᠯ ᠢ ᠪᠦᠬᠦ ᠲᠠᠯ᠎ᠠ ᠪᠡᠷ ᠤᠳᠤᠷᠢᠳᠤᠨ᠎ᠠ᠃ ᠨᠠᠮ᠋ ᠤᠨ ᠬᠤᠷᠢᠶ᠎ᠠ (ᠨᠠᠮ᠋ ᠤᠨ ᠤᠳᠤᠷᠢᠳᠬᠤ ᠲᠤᠭᠤᠢᠢᠯᠠᠩ᠋) ᠨᠢ ᠨᠠᠮ᠋ ᠤᠨ ᠳᠤᠳᠤᠷ᠎ᠠ ᠬᠢᠨᠠᠯᠳᠠ ᠲᠠᠯᠪᠢᠬᠤ ᠭᠤᠤᠯ ᠴᠤᠬᠴᠠ ᠢᠢᠨ ᠬᠠᠷᠢᠭᠤᠴᠠᠯᠭ᠎ᠠ ᠢᠢ ᠡᠬᠦᠷᠭᠡᠯᠡᠵᠦ᠂ ᠱᠦᠵᠢ ᠪᠤᠯ ᠨᠢᠬᠡᠳᠤᠭᠡᠷ ᠬᠠᠷᠢᠭᠤᠴᠠᠯᠭᠠᠳᠠᠨ ᠪᠤᠯᠤᠨ᠎ᠠ᠂ ᠨᠠᠮ᠋ ᠤᠨ ᠬᠤᠷᠢᠶᠠᠨ ᠤ ᠪᠠᠢᠢᠩᠭᠤ ᠢᠢᠨ ᠬᠡᠰᠢᠬᠦᠨ(ᠨᠠᠮ᠋ ᠦᠨ ᠤᠳᠤᠷᠢᠳᠬᠤ ᠲᠤᠭᠤᠢᠢᠯᠠᠩ᠋ ᠦᠨ ᠪᠦᠷᠢᠯᠳᠤᠬᠦᠨ)ᠪᠤᠯᠤᠨ ᠨᠠᠮ᠋ ᠤᠨ ᠬᠤᠷᠢᠶᠠᠨ ᠤ ᠬᠡᠰᠢᠬᠦᠨ ᠡᠬᠦᠷᠭᠡ ᠬᠠᠷᠢᠭᠤᠴᠠᠯᠭ᠎ᠠ ᠶᠢᠨ ᠬᠡᠪᠴᠢᠶᠠᠨ ᠳ᠋ᠡᠬᠡᠨ ᠬᠢᠨᠠᠯᠳᠠ ᠲᠠᠯᠪᠢᠬᠤ ᠬᠠᠷᠢᠭᠤᠴᠠᠯᠭ᠎ᠠ ᠪᠠᠨ ᠬᠦᠢᠴᠡᠳᠬᠡᠬᠦ ᠭᠡᠷᠡᠭᠳᠠᠢ᠃ ᠨᠠᠮ᠋ ᠤᠨ ᠡᠯ᠎ᠠ ᠱᠠᠳᠤᠨ ᠤ ᠰᠠᠬᠢᠯᠭ᠎ᠠ ᠪᠠᠳᠤ ᠪᠠᠢᠢᠴᠠᠭᠠᠬᠤ ᠬᠤᠷᠢᠶ᠎ᠠ ᠬᠢᠨᠠᠯᠳᠠ ᠲᠠᠯᠪᠢᠬᠤ ᠰᠠᠬᠢᠯᠭ᠎ᠠ ᠪᠠᠳᠤ ᠭᠡᠷᠡᠭᠵᠢᠬᠦᠯᠬᠦ ᠬᠠᠷᠢᠭᠤᠴᠠᠯᠭ᠎ᠠ ᠨᠡᠬᠡᠮᠵᠢᠯᠡᠬᠦ ᠡᠬᠦᠷᠭᠡ ᠶᠢ ᠬᠦᠢᠴᠡᠳᠬᠡᠬᠦ ᠭᠡᠷᠡᠭᠳᠠᠢ᠃ ᠨᠠᠮ᠋ ᠤᠨ ᠠᠵᠢᠯᠯᠠᠬᠤ ᠰᠠᠯᠠᠭ᠎ᠠ ᠮᠦᠴᠢᠷ ᠨᠢ ᠡᠬᠦᠷᠬᠡ ᠬᠠᠷᠢᠭᠤᠴᠠᠯᠭ᠎ᠠ ᠢᠢᠨ ᠬᠡᠪᠴᠢᠶᠠᠨ ᠳ᠋ᠡᠬᠡᠨ ᠨᠠᠮ᠋ ᠤᠨ ᠳᠤᠳᠤᠷ᠎ᠠ ᠬᠢᠨᠠᠯᠳᠠ ᠲᠠᠯᠪᠢᠬᠤ ᠠᠵᠢᠯ ᠢᠶᠡᠨ ᠴᠢᠩᠭᠠᠳᠬᠠᠬᠤ ᠭᠡᠷᠡᠭᠳᠠᠢ᠃ ᠨᠠᠮ᠋ ᠦᠨ ᠦᠨᠳᠤᠰᠤᠨ ᠱᠠᠳᠤᠨ ᠤ ᠵᠤᠬᠢᠶᠠᠨ ᠪᠠᠢᠢᠭᠤᠯᠤᠯᠳᠠ ᠨᠢ ᠨᠠᠮ᠋ ᠦᠨ ᠬᠡᠰᠢᠬᠦᠨ ᠤ ᠡᠬᠦᠷᠬᠡ ᠬᠠᠷᠢᠭᠤᠴᠠᠯᠭ᠎ᠠ ᠪᠠᠨ ᠦᠨᠡᠨᠬᠦ ᠬᠦᠢᠴᠡᠳᠭᠡᠭᠰᠡᠨ ᠡᠰᠡᠬᠦ ᠳᠤ ᠬᠢᠨᠠᠯᠳᠠ ᠲᠠᠯᠪᠢᠵᠤ᠂ ᠨᠠᠮ᠋ ᠤᠨ ᠰᠠᠬᠢᠯᠭ᠎ᠠ ᠪᠠᠳᠤ ᠢᠢ ᠬᠠᠮᠠᠭᠠᠯᠠᠬᠤ ᠪᠠ ᠭᠡᠷᠡᠭᠵᠢᠬᠦᠯᠬᠦ ᠭᠡᠷᠡᠭᠳᠠᠢ᠃ ᠨᠠᠮ᠋ ᠦᠨ ᠬᠡᠰᠢᠬᠦᠨ ᠨᠢ ᠨᠠᠮ᠋ ᠦᠨ ᠬᠡᠰᠢᠬᠦᠨ ᠤ ᠡᠷᠬᠡ ᠪᠠᠨ ᠢᠳᠡᠪᠬᠢᠳᠠᠢ ᠬᠦᠢᠴᠡᠳᠬᠡᠵᠤ᠂ ᠨᠠᠮ᠋ ᠤᠨ ᠤᠳᠤᠷᠢᠳᠬᠤ ᠺᠠᠳ᠋ᠷ ᠲᠤ ᠠᠷᠠᠳᠴᠢᠯᠠᠯ ᠢᠶᠡᠷ ᠬᠢᠨᠠᠯᠳᠠ ᠲᠠᠯᠪᠢᠬᠤ ᠵᠢ ᠴᠢᠩᠭᠠᠳᠬᠠᠬᠤ ᠭᠡᠷᠡᠭᠳᠠᠢ ᠬᠡᠵᠤ ᠴᠢᠬᠤᠯᠠᠴᠢᠯᠠᠪᠠ᠃

    ᠪᠦᠬᠦᠳᠠ ᠬᠤᠷᠠᠯ ᠡᠴᠡ᠂ ᠡᠯ᠎ᠠ ᠱᠠᠳᠤᠨ ᠤ ᠨᠠᠮ᠋ ᠤᠨ ᠬᠤᠷᠢᠶᠠᠨ ᠤ ᠬᠢᠨ ᠲᠤᠰ ᠱᠠᠳᠤᠨ ᠤ ᠠᠷᠠᠳ ᠤᠨ ᠲᠦᠯᠤᠬᠡᠯᠡᠭᠴᠢᠳ ᠤᠨ ᠶᠡᠬᠡ ᠬᠤᠷᠠᠯ᠂ ᠵᠠᠰᠠᠬ ᠤᠨ ᠤᠷᠳᠤᠨ᠂ ᠬᠢᠨᠠᠨ ᠪᠠᠢᠢᠴᠠᠭᠠᠬᠤ ᠪᠠᠶᠢᠭᠤᠯᠭ᠎ᠠ᠂ ᠬᠠᠤᠯᠢ ᠴᠠᠭᠠᠵᠠ ᠢᠢᠨ ᠪᠠᠢᠢᠭᠤᠯᠭ᠎ᠠ ᠵᠡᠷᠭᠡ ᠲᠦᠷᠦ ᠢᠢᠨ ᠪᠠᠢᠢᠭᠤᠯᠭ᠎ᠠ ᠵᠢᠴᠢ ᠲᠡᠭᠦᠨ ᠪ ᠠᠯᠪᠠᠨ ᠠᠵᠢᠯᠳᠠᠨ ᠬᠠᠤᠯᠢ ᠶᠤᠰᠤᠭᠠᠷ ᠬᠢᠨᠠᠯᠳᠠ ᠲᠠᠯᠪᠢᠬᠤ᠂ ᠠᠷᠠᠳ ᠤᠨ ᠤᠯᠤᠰ ᠲᠦᠷᠤ ᠢᠢᠨ ᠵᠦᠪᠯᠡᠯᠬᠡᠨ ᠲᠦᠷᠢᠮ᠋ ᠲᠤᠭᠳᠠᠭᠠᠯ ᠶᠤᠰᠤᠭᠠᠷ ᠠᠷᠠᠳᠴᠢᠯᠠᠯ ᠢᠶᠡᠷ ᠬᠢᠨᠠᠯᠳᠠ ᠲᠠᠯᠪᠢᠬᠤ᠂ ᠬᠢᠨᠠᠨ ᠪᠤᠳᠤᠯᠳᠠ ᠢᠢᠨ ᠪᠠᠢᠢᠭᠤᠯᠭ᠎ᠠ ᠬᠠᠤᠯᠢ ᠶᠤᠰᠤᠭᠠᠷ ᠬᠢᠨᠠᠨ ᠪᠤᠳᠤᠯᠳᠠ ᠢᠢᠨ ᠬᠢᠨᠠᠯᠳᠠ ᠲᠠᠯᠪᠢᠬᠤ ᠵᠢ ᠳᠠᠮᠵᠢᠬᠦ ᠪᠠ ᠪᠠᠳᠤᠯᠠᠬᠤ ᠭᠡᠷᠡᠭᠳᠠᠢ᠃ ᠠᠷᠠᠳᠴᠢᠯᠠᠬᠰᠠᠨ ᠨᠠᠮ᠋ ᠪᠦᠯᠦᠭ ᠤᠨ ᠬᠢᠨ ᠪ ᠬᠢᠨᠠᠯᠳᠠ ᠲᠠᠯᠪᠢᠬᠤ ᠴᠢᠳᠠᠪᠬᠢ ᠪᠠᠨ ᠭᠡᠷᠡᠭᠵᠢᠬᠦᠯᠬᠦ ᠢᠢ ᠲᠡᠮᠵᠢᠵᠤ᠂ ᠠᠷᠠᠳᠴᠢᠯᠠᠬᠰᠠᠨ ᠨᠠᠮ᠋ ᠪᠦᠯᠦᠭ ᠪᠤᠯᠤᠨ ᠨᠠᠮ᠋ ᠪᠦᠯᠦᠭ ᠤᠨ ᠪᠤᠰᠤ ᠬᠦᠮᠤᠰ ᠤᠨ ᠲᠤᠷᠠᠳᠤᠭᠰᠠᠠ ᠰᠠᠨᠠᠯ᠂ ᠰᠢᠬᠦᠮᠵᠢᠯᠠᠯ᠂ ᠰᠠᠨᠠᠭᠤᠯᠭ᠎ᠠ ᠶᠢ ᠬᠦᠨᠳᠦᠳᠭᠡᠨ ᠦᠵᠡᠬᠦ ᠭᠡᠷᠡᠭᠳᠠᠢ᠃ ᠨᠡᠢᠢᠬᠡᠮ᠋ ᠤᠨ ᠬᠢᠨᠠᠯᠳᠠ ᠲᠠᠯᠪᠢᠯᠲᠠ ᠳᠤ ᠨᠠᠷᠢᠨ ᠬᠢᠨᠠᠮᠠᠭᠠᠢ ᠬᠠᠨᠳᠤᠵᠤ᠂ ᠤᠬᠠᠮᠰᠠᠷ ᠡᠴᠡ ᠪᠠᠨ ᠬᠦᠯᠢᠶᠡᠨ ᠠᠪᠬᠤ ᠭᠡᠷᠡᠭᠳᠠᠢ ᠬᠡᠵᠤ ᠴᠢᠬᠤᠯᠠᠴᠢᠯᠠᠪᠠ᠃

    ᠪᠦᠬᠦᠳᠠ ᠬᠤᠷᠠᠯ ᠡᠴᠡ᠂ ᠨᠠᠮ᠋ ᠤᠨ ᠳᠤᠳᠤᠭᠠᠳᠤᠬᠢ ᠤᠯᠤᠰ ᠲᠦᠷᠤ ᠢᠢᠨ ᠠᠮᠢᠳᠤᠷᠠᠯ ᠢ ᠴᠢᠩᠭᠠᠳᠬᠠᠬᠤ ᠪᠠ ᠳᠦᠷᠢᠮᠵᠢᠭᠦᠯᠬᠦ ᠂ ᠨᠠᠮ᠋ ᠤᠨ ᠳᠤᠳᠤᠭᠠᠳᠤᠬᠢ ᠬᠢᠨᠠᠯᠳᠠ ᠢᠢ ᠴᠢᠩᠭᠠᠳᠬᠠᠬᠤ ᠪᠤᠯ ᠪᠦᠬᠦ ᠨᠠᠮ᠋ ᠤᠨ ᠬᠠᠮᠳᠤ ᠢᠢᠨ ᠡᠬᠦᠷᠬᠡ ᠪᠤᠯᠬᠤᠷ ᠡᠷᠬᠡᠪᠰᠢ ᠪᠦᠬᠦ ᠨᠠᠮ᠋ ᠢᠶᠡᠷ ᠢᠶᠡᠨ ᠬᠠᠮᠳᠤᠪᠡᠷ ᠬᠦᠳᠡᠯᠤᠯᠴᠡᠬᠦ ᠭᠡᠷᠡᠭᠳᠠᠢ᠃ ᠡᠯ᠎ᠠ ᠱᠠᠳᠤᠨ ᠤ ᠨᠠᠮ᠋ ᠤᠨ ᠬᠤᠷᠢᠶ᠎ᠠ (ᠨᠠᠮ᠋ ᠤᠨ ᠤᠳᠤᠷᠢᠳᠬᠤ ᠲᠤᠭᠤᠢᠢᠯᠠᠩ᠋) ᠨᠢ ᠤᠳᠤᠷᠢᠳᠬᠤ ᠬᠠᠷᠢᠭᠤᠴᠠᠯᠭ᠎ᠠ ᠪᠠᠨ ᠪᠦᠬᠦ ᠲᠠᠯ᠎ᠠ ᠪᠡᠷ ᠬᠦᠢᠴᠡᠳᠬᠡᠵᠤ᠂ ᠲᠤᠪᠤᠢᠢᠮ᠎ᠠ ᠠᠰᠠᠭᠤᠳᠠᠯ ᠢ ᠬᠦᠴᠤᠯᠠᠨ ᠰᠢᠢᠳᠪᠤᠷᠢᠯᠠᠵᠤ᠂ ᠨᠠᠮ᠋ ᠤᠨ ᠳᠤᠳᠤᠭᠠᠳᠤᠬᠢ ᠤᠯᠤᠰ ᠲᠦᠷᠤ ᠢᠢᠨ ᠠᠮᠢᠳᠤᠷᠠᠯ ᠢ ᠴᠢᠩᠭᠠᠳᠬᠠᠬᠤ ᠪᠠ ᠲᠦᠷᠢᠮᠵᠢᠬᠦᠯᠬᠦ᠂ ᠨᠠᠮ᠋ ᠤᠨ ᠳᠤᠳᠤᠭᠠᠳᠤ ᠳᠤ ᠬᠢᠨᠠᠯᠳᠠ ᠲᠠᠯᠪᠢᠬᠤ ᠢᠢ ᠴᠢᠩᠭᠠᠳᠬᠠᠬᠤ ᠡᠯ᠎ᠠ ᠵᠦᠢᠯ ᠤᠨ ᠡᠬᠦᠷᠬᠡ ᠢᠢ ᠪᠤᠳᠠᠳᠠᠢ ᠨᠠᠢᠢᠳᠠᠪᠤᠷᠢᠵᠢᠭᠤᠯᠬᠤ ᠭᠡᠷᠡᠭᠳᠠᠢ ᠬᠡᠵᠤ ᠴᠢᠬᠤᠯᠠᠴᠢᠯᠠᠪᠠ᠃

    ᠪᠦᠬᠦᠳᠠ ᠬᠤᠷᠠᠯ ᠡᠴᠡ᠂ ᠳᠤᠮᠳᠠᠳᠤ ᠤᠯᠤᠰ ᠦᠨ ᠡᠪ ᠬᠠᠮᠳᠤ ᠨᠠᠮ᠋ ᠤᠨ ᠠᠷᠪᠠ ᠶᠢᠰᠤᠳᠤᠭᠡᠷ ᠤᠳᠠᠭ᠎ᠠ ᠢᠢᠨ ᠪᠦᠬᠦ ᠤᠯᠤᠰ ᠤᠨ ᠲᠦᠯᠤᠬᠡᠯᠡᠭᠴᠢᠳ ᠤᠨ ᠶᠡᠬᠡ ᠬᠤᠷᠠᠯ ᠢ 2017 ᠤᠨ ᠤ ᠲᠤᠤᠷ᠎ᠠ ᠬᠠᠭᠠᠰ ᠵᠢᠯ ᠳᠤ ᠪᠡᠬᠡᠵᠢᠩ᠋ ᠳᠤ ᠬᠤᠷᠠᠯᠳᠤᠭᠤᠯᠬᠤ ᠪᠡᠷ ᠲᠤᠬᠳᠠᠪᠠ᠃

    ᠪᠦᠬᠦᠳᠠ ᠬᠤᠷᠠᠯ ᠡᠴᠡ᠂ ᠨᠠᠮ᠋ ᠤᠨ ᠠᠷᠪᠠ ᠶᠢᠰᠤᠳᠤᠭᠡᠷ ᠤᠳᠠᠭ᠎ᠠ ᠢᠢᠨ ᠶᠡᠬᠡ ᠬᠤᠷᠠᠯ ᠢ ᠬᠤᠷᠠᠯᠳᠤᠭᠤᠯᠬᠤ ᠪᠤᠯ ᠨᠠᠮ᠋ ᠪᠤᠯᠤᠨ ᠤᠯᠤᠰ ᠦᠨ ᠤᠯᠤᠰ ᠲᠦᠷᠤ ᠢᠢᠨ ᠠᠮᠢᠳᠤᠷᠠᠯ ᠳᠡᠬᠢ ᠨᠢᠬᠡᠨ ᠶᠡᠬᠡ ᠶᠠᠪᠤᠳᠠᠯ ᠪᠤᠯᠤᠨ᠎ᠠ᠂ ᠪᠦᠬᠦ ᠨᠠᠮ᠋ ᠢᠶᠡᠷ ᠢᠶᠡᠨ ᠨᠠᠮ᠋ ᠦᠨ ᠠᠷᠪᠠᠨ ᠨᠠᠶ᠋ᠮᠠᠳᠤᠭᠠᠷ ᠶᠡᠬᠡ ᠬᠤᠷᠠᠯ ᠪᠤᠯᠤᠨ ᠠᠷᠪᠠᠨ ᠨᠠᠶ᠋ᠮᠠᠳᠤᠭᠠᠷ ᠬᠤᠭᠤᠴᠠᠭᠠᠨ ᠤ ᠲᠦᠪ ᠬᠤᠷᠢᠶᠠᠨ ᠤ ᠭᠤᠷᠪᠠᠳᠤᠭᠠᠷ᠂ ᠲᠦᠷᠪᠡᠳᠤᠬᠡᠷ᠂ ᠲᠠᠪᠤᠳᠤᠭᠠᠷ᠂ ᠵᠢᠷᠭᠤᠳᠤᠭᠠᠷ ᠪᠦᠬᠦᠳᠠ ᠬᠤᠷᠠᠯ ᠤᠨ ᠵᠤᠷᠢᠬ ᠰᠠᠨᠠᠭ᠎ᠠ ᠢᠢ ᠪᠦᠬᠦ ᠲᠠᠯ᠎ᠠ ᠪᠡᠷ ᠲᠤᠤᠱᠯᠠᠭᠤᠯᠵᠤ᠂ ᠪᠦᠬᠦ ᠤᠯᠤᠰ ᠤᠨ ᠦᠨᠳᠤᠰᠤᠳᠠᠨ ᠨᠤᠬᠦᠳ ᠤᠨ ᠠᠷᠠᠳ ᠲᠦᠮᠡᠨ ᠢ ᠪᠦᠯᠬᠦᠮᠳᠡᠬᠦᠯᠤᠨ ᠲᠠᠢᠢᠴᠢᠯᠠᠵᠤ᠂ ᠢᠳᠡᠬᠡᠯ ᠵᠤᠷᠢᠬ ᠢᠶᠡᠨ ᠪᠠᠳᠤᠳᠬᠠᠵᠤ᠂ ᠬᠦᠴᠤᠯᠠᠨ ᠴᠢᠷᠮᠠᠢᠢᠵᠤ᠂ ᠨᠠᠮ᠋ ᠪᠤᠯᠤᠨ ᠤᠯᠤᠰ ᠦᠨ ᠡᠯ᠎ᠠ ᠵᠦᠢᠯ ᠤᠨ ᠠᠵᠢᠯ ᠢ ᠴᠢᠨᠠᠬᠰᠢᠳᠠ ᠰᠠᠢᠢᠳᠤᠷ ᠬᠢᠵᠤ᠂ ᠦᠵᠡᠯ ᠰᠠᠨᠠᠭ᠎ᠠ ᠤᠨᠤᠯ ᠦᠨ ᠪᠡᠯᠡᠳᠭᠡᠯ ᠠᠵᠢᠯ᠂ ᠵᠤᠬᠢᠶᠠᠨ ᠪᠠᠢᠢᠭᠤᠯᠤᠯᠳᠠ ᠢᠢᠨ ᠪᠡᠯᠡᠳᠬᠡᠯ ᠠᠵᠢᠯ ᠂ ᠡᠳ᠋ ᠤᠨ ᠵᠠᠰᠠᠭ ᠨᠡᠢᠢᠬᠡᠮ᠋ ᠤᠨ ᠬᠦᠭᠵᠢᠯᠳᠠ ᠢᠢᠨ ᠠᠵᠢᠯ ᠂ ᠦᠵᠡᠯ ᠤᠬᠠᠮᠰᠠᠷ ᠦᠨ ᠬᠡᠯᠪᠡᠷᠢ ᠢᠢᠨ ᠠᠵᠢᠯ ᠢ ᠦᠨᠡᠨᠬᠦ ᠰᠠᠢᠢᠳᠤᠷ ᠬᠢᠵᠤ᠂ ᠨᠡᠢᠢᠬᠡᠮ᠋ ᠤᠨ ᠡᠶ᠎ᠠ ᠵᠤᠬᠢᠴᠠᠩᠭᠤᠢ ᠲᠤᠭᠳᠠᠭᠤᠨ ᠪᠠᠢᠢᠳᠠᠯ ᠢ ᠦᠨᠡᠨᠬᠦ ᠬᠠᠮᠠᠭᠠᠯᠠᠵᠤ᠂ ᠰᠢᠯᠢᠳᠡᠭ ᠬᠢᠷᠢ ᠪᠦᠳᠤᠮᠵᠢ ᠪᠡᠷ ᠨᠠᠮ᠋ ᠤᠨ ᠠᠷᠪᠠ ᠶᠢᠰᠤᠳᠤᠭᠡᠷ ᠎ᠤᠳᠠᠭ᠎ᠠ ᠶᠢᠨ ᠶᠡᠬᠡ ᠬᠤᠷᠠᠯ ᠬᠤᠷᠠᠯᠳᠤᠬᠤ ᠢᠢ ᠤᠬᠳᠤᠬᠤ ᠭᠡᠷᠡᠭᠳᠠᠢ ᠬᠡᠵᠤ ᠦᠵᠡᠪᠡ᠃

    ᠪᠦᠬᠦᠳᠠ ᠬᠤᠷᠠᠯ ᠡᠴᠡ ᠨᠠᠮ᠋ ᠤᠨ ᠲᠦᠷᠢᠮ᠋ ᠲᠤᠭᠳᠠᠭᠠᠯ ᠢ ᠦᠨᠳᠤᠰᠤᠯᠠᠵᠤ᠂ ᠲᠦᠪ ᠬᠤᠷᠢᠶᠠᠨ ᠤ ᠤᠷᠤᠯᠠᠬᠴᠢ ᠬᠡᠰᠢᠬᠦᠨ ᠵᠤᠤ ᠰᠢᠶᠠᠨ ᠭ᠍ᠸᠩ᠋᠂ ᠰᠢᠶᠠᠨ ᠡᠾᠦ᠋ᠢ ᠶᠢ ᠲᠦᠪ ᠬᠤᠷᠢᠶᠠᠨ ᠤ ᠬᠡᠰᠢᠬᠦᠨ ᠪᠤᠯᠭᠠᠬᠤ ᠪᠡᠷ ᠲᠤᠭᠳᠠᠪᠠ᠃

    ᠪᠦᠬᠦᠳᠠ ᠬᠤᠷᠠᠯ ᠡᠴᠡ ᠸᠠᠩ᠋ ᠮᠢᠨ᠂ ᠯᠢᠦᠢ ᠰᠢ ᠸᠸᠨ ᠤ ᠰᠠᠬᠢᠯᠭ᠎ᠠ ᠪᠠᠳᠤ ᠡᠴᠡ ᠬᠦᠨᠳᠤ ᠨᠤᠴᠢᠳᠠᠢ ᠵᠦᠷᠢᠴᠡᠭᠰᠡᠨ ᠠᠰᠠᠭᠤᠳᠠᠯ ᠢ ᠬᠢᠨᠠᠨ ᠪᠠᠢᠢᠴᠠᠭᠠᠬᠰᠠᠨ ᠲᠤᠬᠠᠢ ᠨᠠᠮ᠋ ᠤᠨ ᠲᠦᠪ ᠬᠤᠷᠢᠶᠠᠨ ᠤ ᠰᠠᠬᠢᠯᠭ᠎ᠠ ᠪᠠᠳᠤ ᠪᠠᠢᠢᠴᠠᠭᠠᠬᠤ ᠬᠤᠷᠢᠶᠠᠨ ᠤ ᠮᠡᠳᠡᠬᠦᠯᠤᠯᠳᠠ ᠢᠢ ᠬᠢᠨᠠᠨ ᠵᠦᠪᠯᠡᠬᠡᠳ ᠪᠠᠳᠤᠯᠠᠵᠤ ᠹᠠᠨ ᠴᠠᠩ᠋ ᠮᠢ᠂ ᠨᠢᠤ ᡁᠢ ᠵᠦᠩ᠋ ᠤᠨ ᠰᠠᠬᠢᠯᠭ᠎ᠠ ᠪᠠᠳᠤ ᠡᠴᠡ ᠬᠦᠨᠳᠤ ᠨᠤᠴᠢᠳᠠᠢ ᠵᠦᠷᠢᠴᠡᠭᠰᠡᠨ ᠠᠰᠠᠭᠤᠳᠠᠯ ᠢ ᠬᠢᠨᠠᠨ ᠪᠠᠢᠢᠴᠠᠭᠠᠬᠰᠠᠨ ᠲᠤᠬᠠᠢ ᠲᠦᠪ ᠤᠨ ᠴᠡᠷᠢᠭ ᠦᠨ ᠶᠠᠪᠤᠳᠠᠯ ᠤᠨ ᠬᠤᠷᠢᠶᠠᠨ ᠤ ᠮᠡᠳᠡᠬᠦᠯᠤᠯᠳᠠ ᠢᠢ ᠬᠢᠨᠠᠨ ᠵᠦᠪᠯᠡᠬᠡᠳ ᠪᠠᠳᠤᠯᠠᠵᠤ᠂ ᠲᠦᠪ ᠬᠤᠷᠢᠶᠠᠨ ᠤ ᠤᠯᠤᠰ ᠲᠦᠷᠤ ᠢᠢᠨ ᠲᠤᠪᠴᠢᠶ᠎ᠠ ᠢᠢᠨ ᠡᠬᠦᠨ ᠡᠴᠡ ᠡᠮᠤᠨ᠎ᠠ ᠸᠠᠩ᠋ ᠮᠢᠨ᠂ ᠯᠢᠦᠢ ᠰᠢ ᠸᠸᠨ᠂ ᠹᠠᠨ ᠴᠠᠩ᠋ ᠮᠢ᠂ ᠨᠢᠤ ᡁᠢ ᠵᠦᠩ᠋ ᠳᠤ ᠨᠠᠮ᠋ ᠡᠴᠡ ᠬᠦᠬᠡᠬᠡᠬᠦ ᠰᠢᠳᠭᠡᠯ ᠦᠭᠬᠦᠭᠰᠡᠨ ᠢ ᠨᠤᠳᠠᠯᠠᠪᠠ᠃

    ᠪᠦᠬᠦᠳᠡ ᠬᠤᠷᠠᠯ ᠡᠴᠡ᠂ ᠪᠦᠬᠦ ᠨᠠᠮ᠋ ᠤᠨ ᠨᠦᠬᠦᠳ ᠢ ᠰᠢ ᠵᠢᠨ ᠫᠢᠩ᠋ ᠨᠦᠬᠦᠷ ᠢᠶᠡᠷ ᠭᠤᠤᠯ ᠪᠤᠯᠭᠠᠬᠰᠠᠨ ᠨᠠᠮ᠋ ᠤᠨ ᠲᠦᠪ ᠬᠤᠷᠢᠶᠠᠨ ᠤ ᠲᠤᠭᠤᠷᠢᠨ ᠳᠤ ᠨᠢᠬᠳᠠᠷᠠᠨ ᠪᠦᠯᠬᠦᠮᠳᠡᠵᠤ᠂ ᠲᠤᠰ ᠤᠳᠠᠭ᠎ᠠ ᠢᠢᠨ ᠪᠦᠬᠦᠳᠠ ᠬᠤᠷᠠᠯ ᠦᠨ ᠵᠤᠷᠢᠬ ᠰᠠᠨᠠᠭ᠎ᠠ ᠢᠢ ᠪᠦᠬᠦ ᠲᠠᠯ᠎ᠠ ᠪᠡᠷ ᠬᠦᠨᠵᠡᠬᠡᠢ ᠲᠤᠤᠱᠯᠠᠭᠤᠯᠵᠤ᠂ ᠤᠯᠤᠰ ᠲᠦᠷᠤ ᠵᠢᠨ ᠤᠬᠠᠮᠰᠠᠷ᠂ ᠶᠡᠬᠡ ᠲᠠᠯ᠎ᠠ ᠢᠢᠨ ᠤᠬᠠᠮᠰᠠᠷ᠂ ᠭᠤᠤᠯᠯᠠᠬᠤ ᠤᠬᠠᠮᠰᠠᠷ᠂ ᠨᠢᠬᠡᠳᠤᠯᠳᠠᠢ ᠪᠠᠢᠢᠬᠤ ᠤᠬᠠᠮᠰᠠᠷ ᠢ ᠪᠠᠳᠤ ᠪᠤᠢ ᠪᠤᠯᠭᠠᠵᠤ᠂ ᠨᠠᠮ᠋ ᠤᠨ ᠲᠦᠪ ᠬᠤᠷᠢᠶᠠᠨ ᠪ ᠡᠷᠬᠡ ᠰᠦᠷ ᠪᠤᠯᠤᠨ ᠨᠠᠮ᠋ ᠤᠨ ᠲᠦᠪ ᠬᠤᠷᠢᠶᠠᠨ ᠤ ᠲᠦᠪᠯᠡᠷᠡᠩᠬᠦᠢ ᠨᠢᠬᠡᠳᠤᠯᠳᠠᠢ ᠤᠳᠤᠷᠢᠳᠤᠯᠭ᠎ᠠ ᠢᠢ ᠡᠷᠡᠰ ᠭᠤᠢᠢᠪᠢᠰᠢ ᠦᠬᠡᠢ ᠬᠠᠮᠠᠭᠠᠯᠠᠵᠤ᠂ ᠪᠦᠬᠦ ᠲᠠᠯ᠎ᠠ ᠪᠡᠷ ᠨᠠᠮ᠋ ᠢ ᠴᠢᠩᠭ᠎ᠠ ᠵᠠᠰᠠᠬᠤ ᠢᠢ ᠦᠷᠬᠦᠯᠵᠢᠯᠠᠨ ᠠᠬᠢᠭᠤᠯᠵᠤ᠂ ᠠᠷᠢᠭᠤᠨ ᠴᠢᠬᠡᠴᠢ ᠰᠤᠷᠳᠠᠯ ᠲᠦᠪ ᠤᠯᠤᠰ ᠲᠦᠷᠤ ᠢᠢᠨ ᠠᠮᠢ ᠠᠬᠤᠢ ᠢᠢ ᠬᠠᠮᠳᠤᠪᠡᠷ ᠪᠤᠢ ᠪᠤᠯᠭᠠᠵᠤ᠂ ᠨᠠᠮ᠋ ᠡᠴᠡ ᠠᠷᠠᠳ ᠲᠦᠮᠡᠨ ᠢ ᠪᠦᠯᠬᠦᠮᠳᠡᠬᠦᠯᠤᠨ ᠲᠠᠭᠠᠭᠤᠯᠵᠤ ᠳᠤᠮᠳᠠᠳᠤ ᠤᠯᠤᠰ ᠦᠨ ᠤᠨᠴᠠᠯᠢᠬ ᠲᠠᠢ ᠨᠡᠢᠢᠬᠡᠮ᠋ ᠵᠢᠷᠤᠮ᠋ ᠦᠨ ᠤᠢᠢᠯᠡᠰ ᠦᠨ ᠰᠢᠨ᠎ᠠ ᠪᠠᠢᠢᠳᠠᠯ ᠢ ᠲᠠᠰᠤᠷᠠᠯᠳᠠ ᠦᠬᠡᠢ ᠨᠡᠬᠡᠬᠡᠨ ᠡᠬᠦᠳᠬᠦ ᠢᠢ ᠪᠠᠳᠤᠯᠠᠰᠤᠭᠠᠢ ᠬᠡᠵᠤ ᠤᠷᠢᠶᠠᠯᠠᠪᠠ᠃

ᠢᠷᠡᠯᠳᠡ᠄ ᠦᠪᠦᠷ ᠮᠤᠩᠭ᠋ᠤᠯ ᠤᠨ ᠡᠳᠦᠷ ᠤᠨ ᠰᠤᠨᠢᠨ ᠪᠡᠯᠡᠳᠭᠡᠭ᠍ᠰᠡᠨ ᠨᠢ᠄ ᠪᠣᠯᠣᠷᠴᠡᠴᠡᠭ᠌

ᠰᠣᠶᠤᠯ ᠤᠷᠠᠯᠢᠭ

  • 《ᠤᠮᠠᠷᠠᠲᠤ ᠬᠢᠯᠢ ᠶᠢᠨ ᠢᠷᠠᠭᠤ ᠡᠭᠡᠰᠢᠭ᠌ 》 ᠦᠨᠳᠦᠰᠦᠲᠡᠨ ᠤ ᠤᠷᠰᠺᠧᠲ᠋ᠷᠠ ᠬᠦᠭ᠍ᠵᠢᠮ ᠤᠨ ᠦᠳᠡᠰᠢᠯᠡᠭᠡ ᠬᠦᠬᠡᠬᠤᠲᠠ ᠳᠤ ᠪᠤᠯᠪᠠ
  • 26 ᠳ᠋ᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠨᠠᠭᠠᠳᠤᠮ ᠢ 9 ᠰᠠᠷ᠎ᠠ ᠶᠢᠨ 13 ᠡᠴᠡ 16 ᠡᠳᠦᠷ ᠪᠤᠯᠲᠠᠯ᠎ᠠ ᠬᠦᠬᠡᠬᠤᠲᠠ ᠳᠤ ᠵᠤᠬᠢᠶᠠᠨ ᠪᠠᠶᠢᠭᠤᠯᠤᠨ᠎ᠠ
  • ᠠᠩᠭ᠍ᠯᠢ ᠶᠢᠨ ᠳᠠᠭᠤᠴᠢᠨ ᠡᠳᠧᠯ 5 ᠲᠤᠮᠤ ᠭ᠍ᠷᠠᠶᠢᠮᠧᠢ ᠱᠠᠨᠭᠨᠠᠯ ᠲᠤᠰᠤᠯ᠎᠎ᠠ
  • ᠠᠰᠬ᠎ᠠ ᠬᠠᠳᠠᠨ ᠤ ᠢᠷᠮᠡᠭ ᠲᠡᠭᠢ 《ᠲᠡᠭ᠍ᠷᠢ ᠵᠡᠭᠡᠯᠢ》
010070230030000000000000011120701119810472