蒙古文网站Logo
ᠰᠢᠨᠬᠤᠸᠠ ᠮᠤᠩᠭ᠋ᠤᠯ ᠨᠧᠲ

ᠠᠷᠠᠳ ᠲᠦᠮᠡᠨ ᠤ ᠰᠠᠢᠢᠨ ᠰᠠᠢᠢᠬᠠᠨ ᠠᠮᠢᠳᠤᠷᠠᠯ ᠤᠨ ᠬᠦᠰᠡᠯ ᠬᠦᠬᠡᠬᠡᠴᠡᠯᠳᠤᠯ ᠤᠨ ᠲᠦᠯᠥᠬᠡ - ᠨᠠᠮ ᠤᠨ ᠠᠷᠪᠠ ᠶᠢᠰᠦᠳᠦᠭᠡᠷ ᠶᠡᠬᠡ ᠬᠤᠷᠠᠯ ᠤᠨ ᠢᠯᠡᠳᠬᠡᠯ ᠡᠴᠡ ᠨᠠᠮ ᠤᠨ ᠢᠮᠠᠬᠳᠠ ᠬᠤᠪᠢᠷᠠᠰᠢ ᠦᠭᠡᠢ ᠲᠡᠮᠡᠴᠡᠬᠦ ᠬᠠᠷᠠᠯᠳᠠ ᠢᠢ ᠬᠠᠷᠠᠬᠤᠢ

2017-10-23 18:55

    ᠤᠭ ᠰᠠᠨᠠᠭ᠎ᠠ ᠴᠠᠭ ᠤᠷᠤᠨ ᠵᠠᠢ ᠵᠢ ᠲᠤᠭᠤᠯᠵᠥ᠂ ᠡᠬᠦᠷᠢᠳᠡ ᠦᠯᠦ ᠮᠠᠷᠳᠠᠭᠳᠠᠨ᠎ᠠ᠃ ᠡᠬᠦᠷᠬᠡ ᠬᠠᠷᠢᠭᠤᠴᠠᠯᠭ᠎ᠠ ᠪᠤᠤᠭᠢᠶ᠎ᠠ ᠲᠠᠮᠵᠢᠵᠤ᠂ ᠬᠦᠮᠥᠰ ᠢ ᠤᠷᠮᠠᠰᠢᠭᠤᠯᠤᠨ ᠤᠷᠤᠭᠰᠢᠯᠠᠭᠤᠯᠤᠨ᠎ᠠ᠃

    《ᠲᠤᠮᠳᠠᠳᠤ ᠤᠯᠤᠰ ᠤᠨ ᠠᠷᠠᠳ ᠲᠦᠮᠡᠨ ᠳ᠋ᠤ ᠵᠤᠯ ᠵᠢᠷᠭᠠᠯ ᠤᠯᠭᠤᠵᠤ᠂ ᠲᠤᠮᠳᠠᠳᠤ ᠢᠢᠨ ᠦᠨᠳᠦᠰᠦᠳᠡᠨ ᠤ ᠰᠡᠷᠬᠦᠨ ᠮᠠᠨᠳᠤᠯᠳᠠ ᠢᠢ ᠪᠡᠶᠡᠯᠡᠭᠦᠯᠤᠨ᠎ᠠ》᠂ ᠵᠠᠭᠤ ᠰᠢᠬᠠᠮ ᠵᠢᠯ ᠤᠨ ᠲᠡᠤᠬᠡᠨ ᠶᠠᠪᠤᠴᠠ ᠢᠢ ᠦᠩᠬᠡᠷᠡᠬᠦᠯᠥᠭᠰᠡᠡ ᠲᠡᠯᠡᠬᠡᠢ ᠵᠢᠨ ᠬᠠᠮᠤᠭ ᠤᠨ ᠶᠡᠬᠡ ᠨᠠᠮ ᠠᠷᠪᠠ ᠶᠢᠰᠦᠳᠦᠭᠡᠷ ᠤᠳᠠᠭ᠎ᠠ ᠢᠢᠨ ᠪᠦᠬᠦ ᠤᠯᠤᠰ ᠤᠨ ᠲᠦᠯᠥᠬᠡᠯᠡᠭᠴᠢᠳ ᠤᠨ ᠶᠡᠬᠡ ᠬᠤᠷᠠᠯ ᠲᠡᠭᠡᠷ᠎ᠠ ᠪᠡᠨ ᠦᠪᠡᠷ ᠤᠨ ᠢᠶᠡᠨ ᠤᠭ ᠰᠠᠨᠠᠭ᠎ᠠ ᠪᠤᠯᠤᠨ ᠡᠬᠦᠷᠬᠡ ᠬᠠᠷᠢᠭᠤᠴᠠᠯᠭ᠎ᠠ ᠪᠡᠨ ᠡᠢᠢᠨᠬᠦ ᠲᠤᠩᠬᠠᠬᠯᠠᠵᠤ ᠪᠢᠯᠡ᠃

    ᠤᠨ ᠰᠠᠷ᠎ᠠ ᠤᠷᠴᠢᠵᠥ᠂ ᠨᠠᠮ ᠤᠨ ᠰᠡᠳᠬᠢᠯ ᠠᠷᠠᠳ ᠤᠨ ᠰᠡᠳᠬᠢᠯ ᠢᠮᠠᠬᠳᠠ ᠬᠤᠯᠪᠤᠯᠳᠤᠨ᠎ᠠ᠃ 8900 ᠭᠠᠷᠤᠢ ᠲᠦᠮᠡᠨ ᠨᠠᠮ ᠤᠨ ᠬᠡᠰᠢᠬᠦᠨ ᠲᠠᠢ ᠨᠠᠮ ᠠᠷᠠᠳ ᠲᠦᠮᠡᠨ ᠢ ᠢᠮᠠᠬᠳᠠ ᠬᠠᠮᠤᠭ ᠤᠨ ᠲᠡᠬᠡᠳᠤ ᠪᠠᠢᠢᠷᠢᠨ ᠳ᠋ᠤ ᠲᠠᠯᠪᠢᠵᠥ᠂ ᠠᠷᠠᠳ ᠲᠦᠮᠡᠨ ᠤ ᠰᠠᠢᠢᠨ ᠰᠠᠢᠢᠬᠠᠨ ᠠᠮᠢᠳᠤᠷᠠᠯ ᠤᠨ ᠲᠤᠬᠠᠢ ᠬᠦᠰᠡᠯ ᠡᠷᠡᠮᠡᠯᠵᠡᠯ ᠢ ᠢᠮᠠᠬᠳᠠ ᠲᠡᠮᠡᠴᠡᠬᠦ ᠬᠠᠷᠠᠯᠳᠡ ᠪᠡᠨ ᠪᠤᠯᠭᠠᠵᠥ᠂ ᠢᠮᠠᠬᠳᠠ ᠠᠷᠠᠳ ᠲᠦᠮᠡᠨ ᠲᠠᠢ ᠪᠤᠳᠤᠯ ᠰᠡᠳᠬᠢᠯ ᠢᠶᠡᠨ ᠬᠤᠯᠪᠤᠨ ᠬᠠᠮᠳᠤ ᠠᠵᠢᠯᠯᠠᠵᠤ ᠪᠠᠢᠢᠭ᠎ᠠ ᠡᠨᠡᠬᠦ ᠨᠠᠮ 13 ᠳ᠋ᠦᠩᠰᠢᠭᠤᠷ ᠭᠠᠷᠤᠢ ᠠᠷᠠᠳ ᠲᠦᠮᠡᠨ ᠢ ᠤᠳᠤᠷᠢᠳᠤᠨ ᠴᠢᠨᠡᠭᠡᠯᠢᠭ ᠨᠡᠢᠢᠬᠡᠮ ᠢ ᠪᠦᠬᠦ ᠲᠠᠯ᠎ᠠ ᠪᠡᠷ ᠪᠡᠶᠡᠯᠡᠬᠦᠯᠬᠦ ᠰᠢᠢᠳᠪᠤᠷᠢᠳᠤ ᠢᠯᠠᠯᠳᠠ ᠢᠢ ᠤᠯᠬᠤ᠂ ᠰᠢᠨ᠎ᠠ ᠴᠠᠭ ᠦᠶ᠎ᠠ ᠢᠢᠨ ᠲᠤᠮᠳᠠᠳᠤ ᠤᠯᠤᠰ ᠤᠨ ᠤᠨᠴᠠᠯᠢᠭ ᠲᠠᠢ ᠨᠡᠢᠢᠬᠡᠮ ᠵᠢᠷᠤᠮ ᠢ ᠪᠦᠳᠦᠭᠡᠨ ᠪᠠᠢᠢᠭᠤᠯᠬᠤ ᠦᠢᠯᠡᠰ ᠲᠦ ᠢᠯᠠᠯᠳᠠ ᠤᠯᠬᠤ ᠨᠢ ᠯᠠᠪᠳᠠᠢ!

    ᠲᠤᠮᠳᠠᠳᠤ ᠢᠢᠨ ᠦᠨᠳᠦᠰᠦᠳᠡᠨ ᠤ ᠠᠭᠤᠤ ᠶᠡᠬᠡ ᠰᠡᠷᠬᠦᠨ ᠮᠠᠨᠳᠤᠯᠳᠠ ᠢᠢᠨ ᠲᠤᠮᠳᠠᠳᠤ ᠢᠢᠨ ᠵᠡᠬᠦᠳᠤ ᠢᠢ ᠲᠡᠷᠭᠡᠯᠰᠢᠬᠦᠯᠬᠦ ᠨᠢ ᠯᠠᠪᠳᠠᠢ!

ᠤᠭ ᠰᠠᠨᠠᠭ᠎ᠠ ᠪᠡᠨ ᠦᠯᠥ ᠮᠠᠷᠳᠠᠨ᠎ᠠ-《ᠪᠦᠬᠦ ᠨᠠᠮ ᠤᠨ ᠨᠦᠬᠦᠳ ᠵᠠᠪᠠᠯ ᠠᠷᠠᠳ ᠲᠦᠮᠡᠨ ᠲᠠᠢ ᠠᠮᠢᠰᠬᠤᠭ᠎ᠠ ᠪᠠᠨ ᠨᠢᠬᠡᠳᠬᠡᠵᠤ ᠬᠤᠪᠢ ᠵᠠᠶᠠᠭ᠎ᠠ ᠪᠡᠨ ᠬᠠᠮᠳᠤᠳᠬᠠᠨ ᠰᠡᠳᠬᠢᠯ ᠵᠢᠷᠤᠬᠡ ᠪᠡᠨ ᠬᠤᠯᠪᠤᠵᠥ᠂ ᠠᠷᠠᠳ ᠲᠦᠮᠡᠨ ᠤ ᠰᠠᠢᠢᠨ ᠰᠠᠢᠢᠬᠠᠨ ᠠᠮᠢᠳᠤᠷᠠᠯ ᠤᠨ ᠲᠤᠬᠠᠢ ᠬᠦᠰᠡᠯ ᠡᠷᠡᠮᠡᠯᠵᠡᠯ ᠢ ᠡᠬᠦᠷᠢᠳᠡ ᠵᠢᠨ ᠲᠡᠮᠡᠴᠡᠬᠦ ᠬᠠᠷᠠᠯᠳᠡ ᠪᠡᠨ ᠪᠤᠯᠭᠠᠬᠤ ᠬᠡᠷᠡᠭᠳᠡᠢ》

    《ᠲᠠᠨ ᠤ ᠲᠡᠨᠳᠡᠬᠢ ᠵᠤᠭᠠᠴᠠᠭᠰᠠᠳ ᠴᠢᠨᠢ ᠪᠦᠷ ᠬᠠᠮᠢᠭ᠎ᠠ ᠡᠴᠡ ᠢᠷᠡᠭᠰᠡᠡ ᠪᠤᠢ? ᠭᠤᠤᠯᠳᠠᠭᠤ ᠡᠷᠬᠢᠨ ᠲᠤᠭᠤᠷᠢᠨ ᠤ ᠭᠠᠵᠠᠷ ᠤᠨ ᠬᠢ ᠤᠤ? ᠬᠤᠯᠠ ᠵᠢᠨ ᠬᠢ ᠪᠠᠰᠠ ᠪᠠᠢᠢᠨ᠎ᠠ ᠤᠤ? ᠲᠤᠰᠬᠤᠨ ᠳ᠋ᠤ ᠴᠢᠨᠢ ᠬᠤᠨᠤᠬᠯᠠᠨ᠎ᠠ ᠤᠤ?》

    《ᠮᠠᠨ ᠤ ᠲᠡᠨᠳᠡᠬᠢ ᠠᠮᠢ ᠠᠬᠤᠢ ᠶᠢᠨ ᠤᠷᠴᠢᠨ ᠲᠤᠭᠤᠷᠢᠨ ᠶᠡᠬᠡ ᠰᠠᠢᠢᠨ᠂ ᠵᠠᠷᠢᠮ ᠵᠤᠭᠠᠴᠠᠭᠴᠢ ᠭᠠᠷᠠᠭ ᠢᠶᠡᠷ ᠰᠠᠭᠤᠳᠠᠬ ᠶᠤᠮ᠃》

    《ᠲᠡᠬᠡᠪᠡᠯ ᠤᠷᠤᠯᠭ᠎ᠠ ᠵᠢ ᠴᠢᠨᠢ ᠪᠠᠭ᠎ᠠ ᠪᠤᠰᠤ ᠨᠡᠮᠡᠭᠳᠡᠭᠦᠯᠤᠨ᠎ᠠ ᠰᠢᠳᠡ᠂ ᠪᠤᠯᠵᠥ ᠪᠠᠢᠢᠨ᠎ᠠ ᠃》

    ᠡᠨᠡ ᠪᠤᠯ 19 ᠤ ᠦᠳᠡ ᠢᠢᠨ ᠡᠮᠤᠨ᠎ᠠ᠂ ᠰᠢ ᠵᠢᠨ ᠫᠢᠩ ᠨᠦᠬᠦᠷ ᠨᠠᠮ ᠤᠨ ᠠᠷᠪᠠ ᠶᠢᠰᠦᠳᠦᠭᠡᠷ ᠶᠡᠬᠡ ᠬᠤᠷᠠᠯ ᠤᠨ ᠬᠦᠢᠵᠧᠤ ᠢᠢᠨ ᠲᠦᠯᠥᠬᠡᠯᠡᠭᠴᠢᠳ ᠤᠨ ᠪᠦᠯᠬᠦᠮ ᠤᠨ ᠬᠢᠨᠠᠨ ᠵᠦᠪᠯᠡᠬᠦ ᠳ᠋ᠤ ᠤᠷᠤᠯᠴᠠᠬᠤ ᠳ᠋ᠠᠭᠠᠨ᠂ ᠽᠦᠨ ᠢ ᠬᠤᠳᠠ ᠢᠢᠨ ᠪᠦᠧᠧ ᠵᠧᠤ ᠲᠤᠭᠤᠷᠢᠭ ᠤᠨ ᠬᠤᠧᠠ ᠮᠤᠤ ᠲᠤᠰᠬᠤᠨ ᠤ ᠨᠠᠮ ᠤᠨ ᠡᠬᠦᠷ ᠤᠨ ᠱᠦᠵᠢ ᠫᠠᠨ ᠺᠧ ᠭᠠᠩ ᠲᠠᠢ ᠶᠠᠷᠢᠯᠴᠠᠭᠰᠠᠠ ᠶᠠᠷᠢᠯᠴᠠᠭ᠎ᠠ ᠪᠤᠯᠤᠨ᠎ᠠ᠃

    ᠬᠤᠧᠠ ᠮᠤᠤ ᠲᠤᠰᠬᠤᠨ ᠦᠩᠬᠡᠷᠡᠭᠰᠡᠡ ᠳ᠋ᠤ ᠬᠤᠯᠠ ᠤᠢᠢᠷ᠎ᠠ ᠳ᠋ᠠᠭᠠᠨ ᠨᠡᠷᠠᠳᠡᠢ ᠶᠠᠳᠠᠭᠤ ᠬᠦᠴᠢᠷᠳᠡᠯᠳᠡᠢ ᠲᠤᠰᠬᠤᠨ ᠪᠠᠢᠢᠭᠰᠠᠠ ᠶᠤᠮ᠃ 2015 ᠤᠨ ᠤ 6 ᠰᠠᠷ᠎ᠠ ᠢᠢᠨ 16 ᠤ ᠡᠳᠤᠷ᠂ ᠰᠢ ᠵᠢᠨ ᠫᠢᠩ ᠡᠨᠡᠬᠦ ᠲᠤᠰᠬᠤᠨ ᠳ᠋ᠤ ᠰᠢᠨᠵᠢᠯᠡᠨ ᠪᠠᠢᠢᠴᠠᠭᠠᠵᠥ᠄《ᠨᠠᠮ ᠤᠨ ᠲᠦᠪ ᠬᠤᠷᠢᠶᠠᠨ ᠤ ᠲᠦᠷᠦ ᠢᠢᠨ ᠪᠤᠳᠤᠯᠭ᠎ᠠ ᠶᠢᠨ ᠰᠠᠢᠢᠨ ᠡᠰᠡᠬᠦ ᠢᠢ ᠨᠤᠳᠤᠭ ᠤᠨ ᠠᠬ᠎ᠠ ᠲᠡᠬᠦᠤ ᠨᠡᠷ ᠪᠠᠶᠠᠷᠯᠠᠭᠰᠠᠨ ᠡᠰᠡᠬᠦ ᠡᠴᠡ ᠦᠵᠡᠨ᠎ᠠ》 ᠭᠡᠰᠡᠨ ᠲᠤᠳᠤᠨᠤᠰᠤᠬ ᠦᠭᠡ ᠶᠠᠷᠢᠬᠰᠠᠨ ᠶᠤᠮ᠃ ᠡᠳᠡᠭᠡᠷ ᠵᠢᠯ ᠤᠳ ᠲᠥ ᠬᠦᠳᠡᠬᠡ ᠲᠤᠰᠬᠤᠨ ᠤ ᠵᠤᠭᠠᠴᠠᠯ ᠢ ᠬᠦᠭᠵᠢᠬᠦᠯᠬᠦ ᠪᠡᠷ ᠲᠠᠮᠵᠢᠨ ᠲᠤᠰᠬᠤᠨ ᠤ ᠠᠷᠠᠳ ᠶᠠᠳᠠᠭᠤ ᠡᠴᠡ ᠠᠩᠬᠢᠵᠢᠷᠠᠵᠥ ᠪᠠᠶᠠᠵᠢᠭᠰᠠᠠ ᠪᠢᠯᠡ᠃

    ᠶᠠᠭᠤᠨ ᠳ᠋ᠤ ᠬᠦᠮᠥᠨ ᠤ ᠠᠰᠠᠭᠤᠳᠠᠯ ᠪᠤᠯ ᠨᠢᠬᠡ ᠲᠦᠷᠦ ᠢᠢᠨ ᠨᠠᠮ᠂ ᠲᠦᠷᠦ ᠢᠢᠨ ᠡᠷᠬᠡ ᠢᠢᠨ ᠰᠢᠨᠵᠢ ᠴᠢᠨᠠᠷ ᠢ ᠰᠢᠯᠭᠠᠬᠤ ᠰᠢᠯᠭᠠᠭᠤᠷ ᠭᠡᠵᠤ ᠬᠡᠯᠡᠳᠡᠭ ᠪᠤᠢ?

    ᠤᠯᠠᠨ ᠲᠦᠮᠡᠨ ᠤ ᠪᠠᠭ᠎ᠠ ᠶᠠᠪᠤᠳᠠᠯ ᠴᠦ ᠮᠠᠨ ᠤ ᠨᠠᠮ ᠤᠨ ᠶᠡᠬᠡ ᠶᠠᠪᠤᠳᠠᠯ ᠶᠤᠮ᠃ ᠬᠤᠧᠠ ᠮᠤᠤ ᠲᠤᠰᠬᠤᠨ ᠤ ᠬᠤᠪᠢᠷᠠᠯᠳᠡ ᠪᠤᠯ ᠮᠠᠨ ᠤ ᠨᠠᠮ ᠤᠨ ᠠᠷᠠᠳ ᠲᠦᠮᠡᠨ ᠤ ᠰᠠᠢᠢᠨ ᠰᠠᠢᠢᠬᠠᠨ ᠠᠮᠢᠳᠤᠷᠠᠯ ᠤᠨ ᠲᠤᠬᠠᠢ ᠬᠦᠰᠡᠯ ᠡᠷᠡᠮᠡᠯᠵᠡᠯ ᠢ ᠪᠡᠶᠡᠯᠡᠬᠦᠯᠬᠦ ᠢᠢᠨ ᠲᠦᠯᠥᠬᠡ ᠴᠦᠬᠦᠷᠡᠰᠢ ᠦᠭᠡᠢ ᠲᠡᠮᠡᠴᠡᠭᠰᠡᠡ ᠤ ᠠᠮᠢᠳᠤᠯᠢᠭ ᠲᠦᠷᠰᠦᠯᠡᠯ ᠪᠤᠯᠤᠨ᠎ᠠ᠃

    《ᠠᠷᠠᠳ ᠲᠦᠮᠡᠨ ᠳ᠋ᠤ ᠲᠦᠰᠢᠭᠯᠡᠨ ᠲᠡᠤᠬᠡ ᠢᠢᠨ ᠠᠭᠤᠤ ᠶᠡᠬᠡ ᠦᠢᠯᠡᠰ ᠢ ᠡᠬᠦᠳᠦᠨ᠎ᠠ》᠂《ᠠᠷᠠᠳ ᠲᠦᠮᠡᠨ ᠢᠶᠡᠷ ᠭᠤᠤᠯ ᠪᠤᠯᠭᠠᠬᠤ ᠢᠢ ᠪᠠᠷᠢᠮᠳᠠᠯᠠᠨ᠎ᠠ 》᠂ 《 ᠠᠷᠠᠳ ᠲᠦᠮᠡᠨ ᠤ ᠭᠤᠤᠯ ᠴᠤᠭᠴᠠ ᠢᠢᠨ ᠪᠠᠢᠢᠷᠢ ᠰᠠᠭᠤᠷᠢ ᠢᠢ ᠡᠷᠬᠡᠪᠰᠢ ᠪᠠᠷᠢᠮᠳᠠᠯᠠᠬᠤ ᠬᠡᠷᠡᠭᠳᠡᠢ》᠁

    ᠨᠠᠮ ᠤᠨ ᠠᠷᠪᠠ ᠶᠢᠰᠦᠳᠦᠭᠡᠷ ᠶᠡᠬᠡ ᠬᠤᠷᠠᠯ ᠤᠨ ᠡᠬᠢᠯᠡᠯᠳᠡ ᠢᠢᠨ ᠶᠤᠰᠤᠯᠠᠯ ᠲᠡᠭᠡᠷ᠎ᠠ᠂ ᠰᠢ ᠵᠢᠨ ᠫᠢᠩ ᠤᠨ ᠬᠡᠯᠡᠭᠰᠡᠨ ᠡᠨᠡᠬᠦ ᠦᠬᠡ ᠨᠢ ᠬᠤᠪᠢᠯᠭᠠᠨ ᠤᠷᠤᠨ ᠲᠠᠶᠠᠭᠠᠷ ᠲᠦ ᠤᠯᠠᠮᠵᠢᠯᠠᠬᠳᠠᠵᠥ᠂ ᠬᠦᠮᠥᠰ ᠤᠨ ᠰᠡᠳᠬᠢᠯ ᠳ᠋ᠤ ᠬᠦᠨ ᠰᠠᠭᠤᠭᠳᠠᠪᠠ᠃

    ᠪᠦᠷᠢᠳᠬᠡᠯ ᠡᠴᠡ ᠦᠵᠡᠪᠡᠯ᠂ 3 ᠲᠦᠮᠠ ᠭᠠᠷᠤᠢ ᠦᠰᠦᠭ ᠲᠠᠢ ᠨᠠᠮ ᠤᠨ ᠠᠷᠪᠠ ᠶᠢᠰᠦᠳᠦᠭᠡᠷ ᠶᠡᠬᠡ ᠬᠤᠷᠠᠯ ᠤᠨ ᠢᠯᠡᠳᠬᠡᠯ ᠳ᠋ᠤ《ᠠᠷᠠᠳ ᠲᠦᠮᠡᠨ》ᠬᠡᠬᠦ ᠬᠤᠶᠠᠷ ᠦᠰᠦᠭ 200 ᠭᠠᠷᠤᠢ ᠤᠳᠠᠭ᠎ᠠ ᠢᠯᠡᠷᠡᠵᠠᠢ᠃

    《ᠤᠭ ᠰᠠᠨᠠᠭ᠎ᠠ ᠪᠡᠨ ᠦᠯᠥ ᠮᠠᠷᠳᠠᠨ᠎ᠠ》 - ᠲᠤᠮᠳᠠᠳᠤ ᠤᠯᠤᠰ ᠤᠨ ᠡᠪ ᠬᠠᠮᠳᠤ ᠨᠠᠮ ᠤᠨ ᠤᠯᠤᠰ ᠲᠦᠷᠦ ᠢᠢᠨ ᠲᠤᠩᠬᠠᠭ ᠲᠥ ᠠᠷᠠᠳ ᠲᠦᠮᠡᠨ ᠶᠠᠷᠤᠨᠢ ᠦᠪᠡᠷ ᠤᠨ ᠬᠢᠨᠢ ᠦᠨᠳᠦᠰᠦᠨ ᠵᠤᠷᠢᠯᠳᠡ ᠪᠤᠯᠤᠭᠰᠠᠭᠠᠷ ᠢᠷᠡᠪᠡ ; ᠲᠤᠮᠳᠠᠳᠤ ᠤᠯᠤᠰ ᠤᠨ ᠡᠪ ᠬᠠᠮᠳᠤ ᠨᠠᠮ ᠤᠨ ᠤᠯᠤᠰ ᠲᠦᠷᠦ ᠢᠢᠨ ᠭᠧᠨ ᠳ᠋ᠤ ᠠᠷᠠᠳ ᠤᠯᠠᠨ ᠯᠤᠭ᠎ᠠ ᠮᠢᠬ᠎ᠠ ᠴᠢᠰᠤᠨ ᠤ ᠪᠠᠷᠢᠯᠳᠤᠯᠭ᠎ᠠ ᠲᠠᠢ ᠬᠡᠳᠡᠭ ᠢ ᠢᠮᠠᠬᠳᠠ ᠤᠯᠠᠮᠵᠢᠯᠠᠬᠰᠠᠭᠠᠷ ᠢᠷᠡᠪᠡ᠃

    ᠨᠠᠨ ᠬᠤ ᠨᠠᠭᠤᠷ ᠤᠨ ᠵᠤᠭᠠᠴᠠᠯ ᠤᠨ ᠤᠩᠭᠤᠴᠠ ᠡᠴᠡ ᠱᠠᠩᠬᠠᠢ ᠢᠢᠨ ᠪᠠᠭ᠎ᠠ ᠭᠤᠳᠤᠮᠵᠢ ᠬᠦᠷᠳᠡᠯ᠎ᠠ᠂ ᠶᠠᠨ ᠠᠨ ᠤ ᠨᠦᠬᠡᠨ ᠬᠡᠷ ᠡᠴᠡ ᠠᠷᠠᠳ ᠤᠨ ᠶᠡᠬᠡ ᠬᠤᠷᠠᠯ ᠤᠨ ᠲᠠᠩᠬᠢᠮ ᠬᠦᠷᠳᠡᠯ᠎ᠠ᠂ ᠲᠤᠮᠳᠠᠳᠤ ᠤᠯᠤᠰ ᠤᠨ ᠡᠪ ᠬᠠᠮᠳᠤ ᠨᠠᠮ ᠤᠨ ᠤᠴᠢ ᠢᠢᠨ ᠭᠠᠯ ᠠᠭᠤᠯᠠ ᠢᠢ ᠰᠢᠳᠠᠭᠠᠭᠰᠠᠠ ᠤ ᠦᠨᠳᠦᠰᠦᠨ ᠰᠢᠯᠳᠠᠭᠠᠨ ᠪᠤᠯ ᠲᠡᠬᠦᠨ ᠤ ᠠᠷᠠᠳ ᠲᠦᠮᠡᠨ ᠤ ᠲᠤᠮᠳᠠ ᠡᠴᠡ ᠮᠡᠨᠳᠤᠯᠡᠵᠥ᠂《ᠠᠷᠠᠳ ᠤᠯᠠᠨ》 ᠳ᠋ᠤ ᠲᠦᠰᠢᠭᠯᠡᠨ《ᠠᠷᠠᠳ ᠤᠨ ᠵᠠᠰᠠᠭ ᠤᠨ ᠡᠷᠬᠡ》 ᠶ᠋ᠢ ᠪᠠᠢᠢᠭᠤᠯᠵᠥ᠂ 《ᠠᠷᠠᠳ ᠤᠨ ᠴᠡᠷᠢᠭ ᠠᠩᠬᠢ》ᠲᠠᠢ ᠪᠤᠯᠵᠥ《ᠠᠷᠠᠳ ᠲᠦᠮᠡᠨ ᠢ ᠴᠢᠯᠥᠬᠡᠯᠡᠬᠦ》ᠪᠡᠷ ᠴᠢᠷᠮᠡᠢᠢᠨ《ᠠᠷᠠᠳ ᠲᠦᠮᠡᠨ ᠤ ᠰᠠᠢᠢᠨ ᠰᠠᠢᠢᠬᠠᠨ ᠠᠮᠢᠳᠤᠷᠠᠯ ᠤᠨ ᠲᠤᠬᠠᠢ ᠬᠦᠰᠡᠯ ᠡᠷᠡᠮᠡᠯᠵᠡᠯ》 ᠤᠨ ᠲᠦᠯᠥᠬᠡ ᠲᠡᠮᠡᠴᠡᠭᠰᠡᠡ ᠳ᠋ᠤ ᠪᠠᠢᠢᠨ᠎ᠠ᠃

    ᠲᠦᠩ ᠵᠢᠢ ᠶᠡᠬᠡ ᠰᠤᠷᠭᠠᠭᠤᠯᠢ ᠵᠢᠨ ᠬᠡᠮᠵᠢᠨ ᠵᠢᠷᠤᠬᠤ ᠪᠠ ᠭᠠᠵᠠᠷ ᠵᠦᠢ ᠵᠢᠨ ᠮᠡᠳᠡᠭᠡ ᠵᠠᠩᠭᠢ ᠵᠢᠨ ᠳᠡᠭᠡᠳᠦ ᠰᠤᠷᠭᠠᠭᠤᠯᠢ ᠵᠢᠨ ᠵᠠᠬᠢᠷᠤᠯ ᠲᠦᠩ ᠰᠢᠶᠤᠤ ᠬᠤᠧᠠ ᠲᠦᠯᠦᠭᠡᠯᠡᠭᠴᠢ᠄《ᠪᠢ ᠵᠢᠶᠠᠩᠰᠢ ᠳᠦ ᠲᠦᠷᠦᠵᠤ ᠦᠰᠴᠠᠢ᠂ ᠬᠠᠷᠠᠬᠠᠨ ᠪᠠᠭ᠎ᠠ ᠡᠴᠡ ᠪᠠᠨ ᠵᠢᠩᠭᠠᠩᠱᠠᠨ ᠠᠭᠤᠯᠠᠨ ᠳᠦ ᠠᠪᠠᠷᠢᠬᠤ ᠳᠤᠷᠠᠳᠠᠢ᠃ ᠰᠢ ᠵᠢᠨ ᠫᠢᠩ ᠨᠦᠬᠦᠷ ᠤᠨ ᠬᠢᠭᠰᠡᠨ ᠢᠯᠡᠳᠭᠡᠯ ᠢ ᠰᠤᠨᠤᠰᠴᠤ ᠪᠠᠢᠢᠬᠤ ᠳ᠋ᠠᠭᠠᠨ ᠨᠠᠮ ᠤᠨ ᠵᠢᠩᠭᠠᠩᠱᠠᠨ ᠠᠭᠤᠯᠠᠨ ᠳᠦ ᠪᠠᠢᠢᠬᠤ ᠦᠶ᠎ᠠ ᠵᠢᠨ ᠲᠡᠤᠬᠡ ᠵᠢ ᠠᠬᠢᠨ ᠳᠠᠬᠢᠨ ᠪᠤᠳᠤᠵᠤ ᠤᠯᠪᠠ᠃ ᠡᠨᠡᠬᠦ ᠦᠩᠭᠡᠷᠡᠯᠳᠡ ᠲᠦᠢᠯ ᠤᠨ ᠬᠢᠯᠪᠠᠷ ᠪᠤᠰᠤ ᠶᠤᠮ᠂ ᠪᠢᠳᠡ〈ᠬᠠᠮᠢᠭ᠎ᠠ ᠡᠴᠡ ᠢᠷᠡᠭᠰᠡᠨ〉᠂〈ᠤᠳᠤ ᠶᠠᠮᠠᠷ ᠤᠷᠤᠨ ᠪᠠᠢᠢᠷᠢᠨ ᠳᠦ ᠪᠠᠢᠢᠭ᠎ᠠ〉᠂〈ᠮᠠᠷᠭᠠᠰᠢ ᠬᠠᠮᠢᠭ᠎ᠠ ᠤᠴᠢᠬᠤ〉ᠭᠡᠰᠡᠨ ᠢᠶᠡᠨ ᠬᠡᠵᠢᠶᠡᠳᠡ ᠴᠡᠭᠡᠵᠢᠯᠡᠬᠦ ᠬᠡᠷᠡᠭᠲᠠᠢ ᠶᠤᠮ》ᠭᠡᠵᠤ ᠰᠤᠷᠪᠤᠯᠵᠢᠯᠠᠭᠴᠢ ᠳᠦ ᠬᠡᠯᠡᠨ᠎ᠠ᠃

    ᠠᠷᠠᠳ ᠲᠦᠮᠡᠨ ᠤ ᠤᠤᠷ ᠴᠢᠨᠠᠷ ᠪᠤᠯ ᠬᠡᠵᠢᠶᠡᠳᠡ ᠲᠡᠮᠡᠴᠡᠯ ᠤᠨ ᠤᠷᠢᠳᠠᠯ ᠪᠤᠯᠤᠨ᠎ᠠ᠃ ᠠᠷᠠᠳ ᠲᠦᠮᠡᠨ ᠢᠶᠡᠨ ᠭᠡᠰᠡᠨ ᠪᠤᠳᠤᠯ ᠰᠡᠳᠭᠢᠯ ᠪᠤᠯ ᠬᠡᠵᠢᠶᠡᠳᠡ ᠬᠦᠴᠦᠨ ᠴᠢᠳᠠᠯ ᠤᠨ ᠡᠬᠢ ᠪᠤᠯᠠᠭ ᠪᠤᠯᠤᠨ᠎ᠠ᠃ ᠠᠷᠠᠳ ᠲᠦᠮᠡᠨ ᠢ ᠬᠠᠮᠤᠭ ᠤᠨ ᠳᠡᠭᠡᠳᠦ ᠪᠠᠢᠢᠷᠢᠨ ᠳᠦ ᠲᠠᠯᠪᠢᠵᠤ᠂ ᠠᠷᠠᠳ ᠲᠦᠮᠡᠨ ᠤ ᠳᠤᠮᠳᠠ ᠡᠴᠡ ᠲᠦᠷᠦ ᠵᠢ ᠵᠠᠰᠠᠵᠤ ᠵᠠᠰᠠᠭ ᠢ ᠡᠷᠬᠢᠯᠡᠬᠦ ᠠᠭᠤᠤ ᠶᠡᠬᠡ ᠬᠦᠴᠦᠨ ᠴᠢᠳᠠᠯ ᠢ ᠤᠯᠬᠤ ᠬᠡᠷᠡᠭᠲᠠᠢ᠃

    ᠲᠠᠪᠤᠨ ᠵᠢᠯ ᠤᠨ ᠲᠤᠷᠰᠢ᠂ ᠶᠡᠷᠦᠩᠬᠡᠢ ᠱᠦᠵᠢ ᠰᠢ ᠵᠢᠨ ᠫᠢᠩ ᠪᠦᠬᠦ ᠤᠯᠤᠰ ᠤᠨ ᠲᠦᠪᠯᠡᠷᠡᠵᠤ ᠵᠠᠯᠭᠠᠯᠳᠤᠭᠰᠠᠨ ᠤᠨᠴᠠ ᠶᠠᠳᠠᠭᠤ ᠬᠦᠴᠢᠷᠳᠡᠯᠲᠠᠢ ᠭᠠᠵᠠᠷ ᠤᠷᠤᠨ ᠢᠶᠡᠷ ᠪᠠᠢᠢᠴᠠᠭᠠᠨ ᠦᠵᠡᠵᠤ᠂ ᠲᠤᠬᠠᠢ ᠵᠢᠨ ᠭᠠᠵᠠᠷ ᠲᠤᠨᠢ ᠶᠠᠳᠠᠭᠤ ᠡᠴᠡ ᠠᠩᠭᠢᠵᠢᠷᠠᠭᠤᠯᠬᠤ ᠪᠤᠭᠤᠮᠲᠠ ᠰᠢᠪᠲᠤᠯᠬᠤ ᠠᠵᠢᠯ ᠢ ᠵᠢᠯᠤᠭᠤᠳᠴᠤ᠂ ᠠᠷᠠᠳ ᠲᠦᠮᠡᠨ ᠤ ᠲᠤᠬᠠᠢ ᠰᠠᠨᠠᠭᠠᠰᠢᠷᠠᠯ ᠢᠶᠡᠨ ᠪᠤᠳᠠᠳᠠᠢ ᠳᠦ ᠨᠠᠢᠢᠳᠠᠪᠤᠷᠢᠵᠢᠭᠤᠯᠪᠠ᠃

    ᠬᠤᠪᠢᠰᠬᠠᠯ ᠤᠨ ᠡᠷᠳᠡ ᠴᠢᠯᠦᠭᠡᠯᠡᠭᠳᠡᠭᠰᠡᠨ ᠤᠷᠤᠨ ᠪᠤᠯᠬᠤ ᠨᠢᠩᠰᠢᠶᠠ ᠵᠢᠨ ᠲᠦᠩ ᠰᠢᠨ ᠰᠢᠶᠠᠨ ᠤ ᠢᠤᠢ ᠸᠠᠩ ᠪᠠᠯᠭᠠᠰᠤ ᠵᠢᠨ ᠾᠧ ᠵᠢᠶᠠ ᠶᠤᠧᠠᠨ ᠲᠤᠰᠬᠤᠨ ᠭᠤᠷᠪᠠᠨ ᠵᠢᠯ ᠤᠨ ᠡᠮᠦᠨ᠎ᠠ ᠪᠠᠰᠠ ᠲᠤᠰ ᠭᠠᠵᠠᠷ ᠤᠨ ᠢᠶᠡᠨ ᠬᠠᠮᠤᠭ ᠤᠨ ᠶᠠᠳᠠᠭᠤ ᠲᠤᠰᠬᠤᠨ ᠤ ᠨᠢᠭᠡ ᠪᠠᠢᠢᠵᠤ᠂ ᠪᠦᠬᠦ ᠲᠤᠰᠬᠤᠨ ᠳᠤ ᠨᠢᠭᠡ ᠲᠠᠰᠤᠯᠭ᠎ᠠ ᠰᠢᠨ᠎ᠠ ᠪᠠᠢᠢᠰᠢᠩ ᠴᠦ ᠬᠠᠷᠠᠭᠳᠠᠬᠤ ᠦᠭᠡᠢ ᠪᠠᠢᠢᠵᠠᠢ᠃ ᠪᠦᠬᠦ ᠲᠤᠰᠬᠤᠨ ᠳᠦ ᠤᠤᠯ ᠳ᠋ᠠᠭᠠᠨ 213 ᠡᠷᠦᠬᠡ ᠲᠠᠢ ᠪᠤᠯᠪᠠᠴᠦ《ᠭᠠᠳᠠᠬᠰᠢ ᠶᠠᠪᠤᠬᠤ ᠨᠢ ᠶᠠᠪᠤᠬᠰᠠᠭᠠᠷ》ᠪᠠᠢᠢᠭᠠᠳ 47 ᠡᠷᠦᠬᠡ ᠯᠡ ᠦᠯᠡᠳᠡᠵᠤ᠂ ᠲᠡᠷᠡ ᠮᠦᠷᠳᠡᠭᠡᠨ ᠤᠯᠠᠩᠬᠢ ᠨᠢ ᠨᠠᠰᠤᠳᠠᠢᠢᠴᠤᠳ ᠵᠡᠮᠳᠡᠭᠴᠤᠳ ᠪᠠᠢᠢᠪᠠ᠃

    ᠡᠪ ᠬᠠᠮᠲᠦ ᠨᠠᠮ ᠤᠨ ᠭᠡᠰᠢᠭᠦᠨ ᠳ᠋ᠢᠩ ᠬᠠᠢ ᠶᠠᠨ ᠾᠧ ᠵᠢᠶᠠ ᠶᠤᠧᠠᠨ ᠲᠤᠰᠬᠤᠨ ᠤ ᠨᠢᠭᠡᠳᠦᠭᠡᠷ ᠱᠦᠵᠢ ᠪᠤᠯᠤᠭᠰᠠᠨ 3 ᠵᠢᠯ ᠤᠨ ᠲᠤᠷᠰᠢ᠂ ᠲᠤᠰᠬᠤᠨ ᠳᠦ ᠰᠠᠭᠤᠭ᠎ᠠ ᠪᠤᠰᠤᠳ ᠺᠠᠳ᠋ᠷᠴᠤᠳ ᠲᠠᠢ ᠬᠠᠮᠲᠦᠪᠡᠷ ᠦᠷᠯᠦᠭᠡ ᠦᠳᠡᠰᠢ ᠵᠢ ᠲᠡᠮᠡᠴᠡᠨ ᠠᠵᠢᠯᠯᠠᠵᠤ᠂ ᠶᠠᠳᠠᠭᠤ ᠵᠢ ᠳᠡᠳᠭᠦᠨ ᠪᠠᠭᠤᠷᠠᠢᠢᠴᠤᠤᠯ ᠢ ᠲᠡᠳᠭᠦᠭᠰᠡᠭᠡᠷ ᠢᠷᠡᠪᠡ᠃ ᠡᠳᠦᠭᠡ ᠲᠤᠰᠬᠤᠨ ᠳᠦ ᠠᠵᠤ ᠦᠢᠯᠡᠰ ᠲᠠᠢ ᠪᠤᠯᠵᠤ᠂ ᠰᠢᠨ᠎ᠠ ᠤᠷᠤᠨ ᠰᠠᠭᠤᠴᠠ ᠵᠢᠭᠳᠡᠷᠡᠨ ᠵᠠᠮ ᠬᠠᠷᠢᠯᠴᠠᠭ᠎ᠠ ᠰᠠᠢᠢᠵᠢᠷᠠᠵᠤ᠂ ᠤᠯᠠᠨ ᠲᠦᠮᠡᠨ ᠶᠠᠳᠠᠭᠤ ᠡᠴᠡ ᠠᠩᠭᠢᠵᠢᠷᠠᠪᠠ᠃

    《ᠨᠠᠮ ᠤᠨ ᠶᠠᠳᠠᠭᠤ ᠵᠢ ᠳᠡᠳᠭᠦᠬᠦ ᠲᠦᠷᠦ ᠵᠢᠨ ᠪᠤᠳᠤᠯᠭ᠎ᠠ ᠲᠠᠢ᠂ ᠪᠠᠰᠠ ᠤᠳᠤᠷᠢᠳᠤᠨ ᠳᠠᠭᠠᠭᠤᠯᠬᠤ ᠬᠦᠮᠦᠨ ᠲᠠᠢ᠂ ᠡᠢᠢᠮᠦ ᠡᠴᠡ ᠪᠢᠳᠡ ᠵᠤᠯ ᠵᠢᠷᠭᠠᠯ ᠢ ᠡᠳ᠋ᠯᠡᠵᠤ ᠪᠤᠢ》ᠭᠡᠵᠤ 77 ᠨᠠᠰᠤᠲᠠᠢ ᠯᠢ ᠸᠧᠨ ᠴᠧᠩ ᠬᠡᠯᠡᠨ᠎ᠠ᠃

    《ᠤᠳᠤ ᠪᠢ ᠲᠤᠰᠬᠤᠨ ᠡᠴᠡ ᠰᠠᠯᠵᠤ ᠶᠠᠪᠤᠨ᠎ᠠ ᠭᠡᠵᠤ ᠬᠡᠯᠡᠭᠰᠡᠭᠡᠷ ᠨᠠᠰᠤᠳᠠᠢᠢᠴᠤᠳ ᠨᠢᠯᠪᠤᠰᠤ ᠠᠰᠬᠠᠷᠠᠭᠤᠯᠤᠨ᠎ᠠ᠂ ᠡᠨᠡ ᠪᠤᠯ ᠳᠠᠷᠤᠢ ᠠᠷᠠᠳ ᠲᠦᠮᠡᠨ ᠤ ᠨᠠᠮ ᠢᠶᠡᠨ ᠬᠠᠢᠢᠷᠠᠯᠠᠵᠤ ᠪᠠᠢᠢᠭ᠎ᠠ ᠰᠡᠳᠭᠢᠯᠭᠡ ᠪᠤᠯᠤᠨ᠎ᠠ᠃ ᠰᠠᠢᠢᠨ ᠰᠠᠢᠢᠬᠠᠨ ᠠᠮᠢᠳᠤᠷᠠᠯ ᠢ ᠬᠠᠮᠲᠦᠪᠡᠷ ᠡᠳ᠋ᠯᠡᠬᠦ ᠨᠢ ᠬᠠᠪᠤ ᠵᠢᠷᠭᠠᠯ ᠪᠤᠯᠠᠢ ! 》ᠭᠡᠵᠤ ᠳ᠋ᠢᠩ ᠬᠠᠢ ᠶᠠᠨ ᠬᠡᠯᠡᠨ᠎ᠠ᠃

    ᠶᠠᠳᠠᠭᠤ ᠡᠴᠡ ᠠᠩᠭᠢᠵᠢᠷᠠᠭᠤᠯᠬᠤ ᠪᠤᠭᠤᠮᠲᠠ ᠰᠢᠪᠲᠤᠯᠬᠤ ᠳᠠᠢᠢᠯᠠᠯᠳᠤᠭᠠᠨ ᠢ ᠦᠷᠨᠢᠭᠦᠯᠬᠦ ᠴᠢᠬᠤᠯᠠᠲᠠᠢ ᠶᠠᠳᠠᠭᠤ ᠬᠦᠴᠢᠷᠳᠡᠯᠳᠠᠢ ᠭᠠᠵᠠᠷ ᠤᠷᠤᠨ ᠳᠤ᠂ ᠬᠤᠲᠠ ᠵᠢᠨ ᠦᠨᠳᠦᠰᠦᠨ ᠱᠠᠳᠤᠨ ᠤ ᠨᠡᠢᠢᠭᠡᠮ ᠲᠤᠭᠤᠷᠢᠭ ᠲᠤ᠂ ᠭᠠᠳᠠᠭᠠᠳᠦ ᠳᠦ ᠰᠠᠭᠤᠭ᠎ᠠ ᠳᠤᠮᠳᠠᠳᠤ ᠵᠢᠨ ᠢᠷᠭᠡᠳ ᠢ ᠠᠮᠤᠷ ᠲᠦᠪᠰᠢᠨ ᠪᠤᠰᠤ ᠭᠠᠵᠠᠷ ᠤᠷᠤᠨ ᠡᠴᠡ ᠨᠡᠭᠦᠯᠭᠡᠬᠦ ᠳᠤ᠂ ᠦᠨᠳᠦᠰᠦᠳᠡᠨ ᠨᠤᠬᠦᠳ ᠤᠨ ᠠᠷᠠᠳ ᠲᠦᠮᠡᠨ ᠢ ᠪᠦᠯᠬᠦᠮᠳᠡᠭᠦᠯᠦᠨ ᠳᠠᠭᠠᠭᠤᠯᠤᠭᠰᠠᠨ ᠴᠦᠬᠡᠨ ᠲᠤᠭᠠᠲᠦ ᠦᠨᠳᠦᠰᠦᠳᠡᠨ ᠤ ᠭᠠᠵᠠᠷ ᠤᠷᠤᠨ ᠳᠤ᠂ ᠬᠢᠯᠢ ᠬᠢᠵᠠᠭᠠᠷ ᠤᠷᠤᠨ ᠤ ᠠᠮᠤᠷ ᠲᠤᠭᠳᠠᠭᠤᠨ ᠢ ᠬᠠᠮᠠᠭᠠᠯᠠᠬᠤ ᠳᠦ ᠁

    ᠠᠷᠠᠳ ᠲᠦᠮᠡᠨ ᠨᠠᠮ ᠳ᠋ᠠᠭᠠᠨ ᠲᠦᠰᠢᠭᠯᠡᠨ ᠨᠠᠮ ᠴᠤ ᠠᠷᠠᠳ ᠲᠦᠮᠡᠨ ᠳᠦ ᠲᠦᠰᠢᠭᠯᠡᠵᠤ᠂ ᠬᠠᠮᠲᠦᠪᠡᠷ ᠡᠷᠡᠮᠡᠬᠡᠢᠢᠯᠡᠨ ᠳᠠᠪᠰᠢᠬᠤ ᠴᠢᠬᠤᠯᠠᠲᠠᠢ᠃ ᠦᠩᠭᠡᠷᠡᠭᠰᠡᠨ 5 ᠵᠢᠯ ᠤᠨ ᠲᠤᠷᠰᠢ᠂ ᠠᠯᠢ ᠤᠯᠠᠨ ᠴᠢᠬᠤᠯᠠ ᠶᠡᠬᠡ ᠪᠠᠢᠢᠯᠳᠤᠬᠤ ᠪᠤᠳᠤᠯᠭ᠎ᠠ ᠠᠷᠭ᠎ᠠ ᠬᠡᠮᠵᠢᠶ᠎ᠠ ᠵᠢ ᠬᠡᠷᠡᠭᠵᠢᠭᠦᠯᠵᠤ᠂ ᠠᠯᠢ ᠤᠯᠠᠨ ᠴᠢᠬᠤᠯᠠ ᠶᠡᠬᠡ ᠴᠢᠭᠯᠡᠯᠲᠡ ᠲᠦᠷᠦ ᠵᠢᠨ ᠪᠤᠳᠤᠯᠭ᠎ᠠ ᠵᠢ ᠲᠤᠭᠳᠠᠭᠠᠵᠤ᠂ ᠠᠯᠢ ᠤᠯᠠᠨ ᠴᠢᠬᠤᠯᠠ ᠶᠡᠬᠡ ᠠᠵᠢᠯ ᠢ ᠠᠬᠢᠭᠤᠯᠬᠤ ᠪᠡᠷ ᠲᠠᠮᠵᠢᠨ ᠤᠷᠲᠦ ᠬᠤᠭᠤᠴᠠᠭᠠᠨ ᠤ ᠲᠤᠷᠰᠢ ᠰᠢᠢᠳᠪᠦᠷᠢᠯᠡᠶ᠎ᠠ ᠭᠡᠵᠤ ᠪᠤᠳᠤᠵᠤ ᠪᠠᠢᠢᠭᠰᠠᠨ ᠪᠤᠯᠪᠠᠴᠤ ᠰᠢᠢᠳᠪᠦᠷᠢᠯᠡᠭᠡᠳᠦᠢ ᠪᠠᠢᠢᠭᠰᠠᠨ ᠠᠯᠢ ᠤᠯᠠᠨ ᠬᠦᠴᠢᠷ ᠠᠰᠠᠭᠤᠳᠠᠯ ᠢ ᠰᠢᠢᠳᠪᠦᠷᠢᠯᠡᠵᠤ᠂ ᠦᠩᠭᠡᠷᠡᠭᠰᠡᠨ ᠳᠦ ᠬᠢᠶ᠎ᠠ ᠭᠡᠵᠤ ᠪᠤᠳᠤᠵᠤ ᠪᠠᠢᠢᠭᠰᠠᠨ ᠪᠤᠯᠪᠠᠴᠤ ᠬᠢᠭᠡᠳᠦᠢ ᠪᠠᠢᠢᠭᠰᠠᠨ ᠠᠯᠢ ᠤᠯᠠᠨ ᠶᠡᠬᠡ ᠶᠠᠪᠤᠳᠠᠯ ᠢ ᠪᠦᠳᠦᠭᠡᠵᠠᠢ᠃

    《ᠲᠠᠪᠤᠨ ᠵᠢᠯ ᠤᠨ ᠲᠤᠷᠰᠢ᠂ ᠨᠠᠮ ᠪᠤᠯᠤᠨ ᠤᠯᠤᠰ ᠤᠨ ᠠᠵᠢᠯ ᠦᠢᠯᠡᠰ ᠲᠡᠤᠬᠡᠳᠦ ᠴᠢᠨᠠᠷᠲᠠᠢ ᠬᠤᠪᠢᠰᠤᠯᠲᠠ ᠲᠠᠢ ᠪᠤᠯᠵᠤ ᠴᠢᠳᠠᠭᠰᠠᠨ ᠤ ᠰᠢᠯᠳᠠᠭᠠᠨ ᠨᠢ ᠪᠢᠳᠡ ᠠᠷᠠᠳ ᠲᠦᠮᠡᠨ ᠢᠶᠡᠷ ᠭᠤᠤᠯ ᠪᠤᠯᠭᠠᠭᠰᠠᠨ ᠬᠦᠭᠵᠢᠯᠲᠠ ᠵᠢᠨ ᠦᠵᠡᠯ ᠰᠠᠨᠠᠭ᠎ᠠ ᠵᠢ ᠪᠠᠷᠢᠮᠳᠠᠯᠠᠭᠰᠠᠨ ᠳᠦ ᠪᠠᠢᠢᠨ᠎ᠠ》ᠭᠡᠵᠤ ᠨᠠᠮ ᠤᠨ ᠠᠷᠪᠠ ᠶᠢᠰᠦᠳᠦᠭᠡᠷ ᠶᠡᠬᠡ ᠬᠤᠷᠠᠯ ᠤᠨ ᠲᠦᠯᠦᠭᠡᠯᠡᠭᠴᠢ᠂ ᠨᠠᠨᠵᠢᠩ ᠶᠡᠬᠡ ᠰᠤᠷᠭᠠᠭᠤᠯᠢ ᠵᠢᠨ ᠨᠠᠮ ᠤᠨ ᠬᠤᠷᠢᠶᠠᠨ ᠤ ᠱᠦᠵᠢ ᠵᠠᠩ ᠢ ᠪᠢᠨ ᠬᠡᠯᠡᠵᠤ ᠪᠠᠢᠢᠯ᠎ᠠ᠃

    ᠰᠦᠷ ᠳᠠᠯᠠᠢᠢᠴᠠᠳᠠᠢ ᠲᠡᠤᠬᠡᠨ ᠤᠷᠤᠰᠬᠠᠯ ᠳᠤᠮᠳᠠ ᠡᠷᠡᠯᠬᠡᠭᠯᠡᠨ ᠤᠷᠤᠭᠰᠢᠯᠠᠵᠤ᠂ ᠭᠡᠭᠡᠨ ᠰᠠᠷᠠᠭᠤᠯ ᠢᠷᠡᠭᠡᠳᠦᠢ ᠵᠢ ᠴᠢᠭᠯᠡᠨ ᠢᠳᠡᠭᠡᠯ ᠳᠡᠭᠦᠯᠳᠡᠷ ᠢᠶᠡᠷ ᠠᠶᠠᠯᠠᠨ᠎ᠠ᠃ ᠨᠠᠮ ᠤᠨ ᠠᠷᠪᠠ ᠶᠢᠰᠦᠳᠦᠭᠡᠷ ᠶᠡᠬᠡ ᠬᠤᠷᠠᠯ ᠳᠦ ᠳᠤᠮᠳᠠᠳᠤ ᠤᠯᠤᠰ ᠤᠨ ᠤᠨᠴᠠᠯᠢᠭ ᠲᠠᠢ ᠨᠡᠢᠢᠭᠡᠮ ᠵᠢᠷᠤᠮ ᠢ ᠪᠠᠷᠢᠮᠲᠠᠯᠠᠨ ᠬᠦᠭᠵᠢᠭᠦᠯᠬᠦ 14 ᠦᠨᠳᠦᠰᠦᠨ ᠠᠷᠭ᠎ᠠ ᠪᠤᠳᠤᠯᠭ᠎ᠠ ᠵᠢ ᠳᠤᠷᠠᠳᠴᠤ᠂ ᠲᠠᠯ᠎ᠠ ᠪᠤᠯᠭᠠᠨ ᠳᠦ ᠠᠷᠠᠳ ᠲᠦᠮᠡᠨ ᠤ ᠵᠤᠯ ᠵᠢᠷᠭᠠᠯ ᠢᠶᠡᠷ ᠵᠤᠷᠢᠯᠳᠠ ᠪᠠ ᠳᠤᠰᠤᠯᠲᠠ ᠪᠠᠨ ᠪᠤᠯᠭᠠᠵᠤ᠂ ᠳᠤᠮᠳᠠᠳᠤ ᠤᠯᠤᠰ ᠤᠨ ᠡᠪ ᠬᠠᠮᠲᠦ ᠨᠠᠮ ᠤᠨ ᠠᠷᠠᠳ ᠲᠦᠮᠡᠨ ᠢ ᠬᠠᠢᠢᠷᠠᠯᠠᠵᠤ ᠬᠠᠯᠠᠮᠵᠢᠯᠠᠳᠠᠭ ᠰᠡᠳᠭᠢᠯᠭᠡ ᠵᠢ ᠢᠯᠡᠷᠡᠭᠦᠯᠪᠡ᠄《ᠠᠷᠠᠳ ᠲᠦᠮᠡᠨ ᠵᠢᠡᠷ ᠭᠤᠤᠯ ᠪᠤᠯᠭᠠᠬᠤ ᠵᠢ ᠪᠠᠷᠢᠮᠳᠠᠯᠠᠬᠤ ᠬᠡᠷᠡᠭᠲᠠᠢ》᠂《ᠨᠠᠮ ᠤᠨ ᠤᠯᠠᠨ ᠲᠦᠮᠡᠨᠴᠢ ᠱᠤᠭᠤᠮ ᠢ ᠲᠦᠷᠦ ᠵᠢ ᠵᠠᠰᠠᠵᠤ ᠵᠠᠰᠠᠭ ᠢ ᠡᠷᠬᠢᠯᠡᠬᠦ ᠪᠦᠬᠦ ᠠᠵᠢᠯᠯᠠᠭ᠎ᠠ ᠳᠤᠮᠳᠠ ᠲᠤᠤᠱᠯᠠᠭᠤᠯᠬᠤ ᠬᠡᠷᠡᠭᠲᠠᠢ》᠃

    -《ᠠᠷᠠᠳ ᠲᠦᠮᠡᠨ ᠡᠷᠬᠡ ᠮᠡᠳᠡᠵᠤ ᠡᠵᠡᠨ ᠰ᠋ᠠᠭᠤᠬᠤ ᠵᠢ ᠪᠠᠷᠢᠮᠲᠠᠯᠠᠬᠤ ᠬᠡᠷᠡᠭᠲᠠᠢ》᠂ 《ᠠᠷᠠᠳ ᠲᠦᠮᠡᠨ ᠡᠷᠬᠡ ᠮᠡᠳᠡᠵᠤ ᠡᠵᠡᠨ ᠰ᠋ᠠᠭᠤᠬᠤ ᠵᠢ ᠪᠠᠲᠤᠯᠠᠬᠤ ᠵᠢ ᠤᠯᠤᠰ ᠤᠨ ᠤᠯᠤᠰ ᠲᠦᠷᠦ ᠵᠢᠨ ᠠᠮᠢᠳᠤᠷᠠᠯ ᠪᠤᠯᠤᠨ ᠨᠡᠢᠢᠭᠡᠮ ᠤᠨ ᠠᠮᠢᠳᠤᠷᠠᠯ ᠳᠦ ᠨᠠᠢᠢᠳᠠᠪᠤᠷᠢᠵᠢᠭᠤᠯᠬᠤ ᠬᠡᠷᠡᠭᠲᠠᠢ》᠃

    -《ᠬᠦᠭᠵᠢᠭᠦᠯᠬᠦ ᠶᠠᠪᠤᠴᠠ ᠳᠤ ᠠᠷᠠᠳ ᠤᠨ ᠠᠮᠢᠳᠤᠷᠠᠯ ᠢ ᠪᠠᠲᠤᠯᠠᠨ ᠰ᠋ᠠᠢᠢᠵᠢᠷᠠᠭᠤᠯᠬᠤ ᠵᠢ ᠪᠠᠷᠢᠮᠳᠠᠯᠠᠬᠤ ᠬᠡᠷᠡᠭᠲᠠᠢ》᠂《ᠪᠦᠬᠦ ᠠᠷᠠᠳ ᠲᠦᠮᠡᠨ ᠬᠠᠮᠲᠦᠪᠡᠷ ᠪᠠᠢᠢᠭᠤᠯᠬᠤ ᠬᠠᠮᠲᠦᠪᠡᠷ ᠡᠳ᠋ᠯᠡᠬᠦ ᠬᠠᠮᠲᠦᠪᠡᠷ ᠬᠦᠭᠵᠢᠬᠦ ᠳᠤᠮᠳᠠ ᠨᠡᠩ ᠤᠯᠠᠨ ᠬᠦᠷᠳᠡᠮᠵᠢ ᠵᠢᠨ ᠲᠦᠷᠦᠭᠳᠡᠯ ᠤᠯᠬᠤ ᠵᠢ ᠪᠠᠲᠤᠯᠠᠬᠤ ᠬᠡᠷᠡᠭᠲᠠᠢ》᠃

    -《ᠨᠠᠮ ᠤᠨ ᠠᠷᠠᠳ ᠲᠦᠮᠡᠨ ᠯᠦ᠋ᠭᠡ ᠵᠢᠨ ᠮᠢᠬ᠎ᠠ ᠴᠢᠰᠤᠨ ᠤ ᠬᠠᠷᠢᠴᠠᠭ᠎ᠠ ᠵᠢ ᠡᠭᠦᠷᠢᠳᠡ ᠪᠠᠷᠢᠮᠳᠠᠯᠠᠬᠤ ᠬᠡᠷᠡᠭᠳᠠᠢ》 ᠁

    《ᠠᠷᠠᠳ ᠲᠦᠮᠡᠨ ᠢ ᠢᠮᠠᠭᠳᠠ ᠲᠡᠷᠢᠭᠦᠨ ᠳᠦ ᠲᠠᠯᠪᠢᠨ᠎ᠠ᠃ ᠠᠷᠠᠳ ᠲᠦᠮᠡᠨ ᠪᠤᠯ ᠤᠯᠤᠰ ᠤᠨ ᠡᠵᠡᠨ ᠮᠦᠨ᠂ ᠳᠤᠮᠳᠠᠳᠤ ᠤᠯᠤᠰ ᠤᠨ ᠡᠪ ᠬᠠᠮᠲᠦ ᠨᠠᠮ ᠤᠨ ᠤᠷᠤᠰᠢᠵᠤ ᠪᠠᠢᠢᠭ᠎ᠠ ᠵᠢᠨ ᠤᠳᠬ᠎ᠠ ᠤᠴᠢᠷ ᠪᠤᠯ ᠳᠠᠷᠤᠢ ᠠᠷᠠᠳ ᠲᠦᠮᠡᠨ ᠤ ᠲᠦᠯᠦᠭᠡ ᠦᠢᠯᠡᠴᠢᠯᠡᠨ᠎ᠠ᠃ ᠡᠨᠡ ᠨᠢ ᠢᠯᠡᠳᠭᠡᠯ ᠳᠦ ᠲᠤᠩ ᠳᠤᠳᠤᠷᠬᠠᠢ ᠪᠠᠢᠢᠨ᠎ᠠ》ᠭᠡᠵᠤ ᠨᠠᠮ ᠤᠨ ᠠᠷᠪᠠ ᠶᠢᠰᠣᠳᠦᠭᠡᠷ ᠶᠡᠬᠡ ᠬᠤᠷᠠᠯ ᠤᠨ ᠢᠯᠡᠳᠭᠡᠯ ᠤᠨ ᠫᠤᠷᠲ᠋ᠦ᠋ᠭᠠᠯ ᠬᠡᠯᠡᠨ ᠤ ᠤᠷᠴᠢᠭᠤᠯᠭ᠎ᠠ ᠵᠢᠨ ᠲᠤᠰᠬᠠᠢ ᠮᠡᠷᠭᠡᠵᠢᠯᠳᠡᠨ ᠯᠠᠹᠠᠢᠢᠷ ᠬᠡᠯᠡᠵᠤ ᠪᠠᠢᠢᠯ᠎ᠠ᠃

ᠠᠷᠠᠳ ᠤᠨ ᠰᠠᠨᠠᠭ᠎ᠠ ᠵᠢ ᠳᠠᠭᠠᠨ᠎ᠠ-《ᠠᠷᠠᠳ ᠲᠦᠮᠡᠨ ᠢᠶᠡᠷ ᠭᠤᠤᠯ ᠪᠤᠯᠭᠠᠬᠤ ᠬᠦᠭᠵᠢᠯᠲᠠ ᠵᠢᠨ ᠦᠵᠡᠯ ᠰᠠᠨᠠᠭ᠎ᠠ ᠵᠢ ᠪᠠᠷᠢᠮᠳᠠᠯᠠᠵᠤ᠂ ᠬᠦᠮᠦᠨ ᠤ ᠪᠦᠬᠦ ᠲᠠᠯ᠎ᠠ ᠵᠢᠨ ᠬᠦᠭᠵᠢᠯᠲᠠ᠂ ᠪᠦᠬᠦ ᠠᠷᠠᠳ ᠲᠦᠮᠡᠨ ᠤ ᠬᠠᠮᠲᠦ ᠵᠢᠨ ᠴᠢᠨᠡᠭᠡᠯᠢᠭᠵᠢᠯ ᠢ ᠲᠠᠰᠤᠷᠠᠯᠲᠠ ᠦᠭᠡᠢ ᠠᠬᠢᠭᠤᠯᠤᠨ᠎ᠠ》

    18 ᠤ ᠡᠳᠦᠷ᠂ ᠭᠧᠲ᠋ᠧᠯᠠᠺᠧ ᠵᠢᠨ ᠭᠠᠨᠵᠧᠦ ᠳᠡᠬᠢ ᠬᠤᠪᠢᠶᠠᠷᠢ ᠺᠤᠮᠫᠠᠨᠢ ᠵᠢᠨ ᠦᠢᠯᠡᠳᠪᠤᠷᠢ ᠵᠢᠨ ᠲᠠᠰᠤᠬ ᠤᠨ ᠡᠭᠡᠯᠵᠢ ᠳᠠᠭᠠᠭᠤᠯᠤᠬᠴᠢ ᠫᠧᠩ ᠹᠠ ᠹᠦ᠋ ᠲᠦᠯᠦᠭᠡᠯᠡᠭᠴᠢ ᠶᠡᠬᠡ ᠬᠤᠷᠠᠯ ᠤᠨ ᠲᠠᠷᠠᠭ᠎ᠠ ᠠᠷᠠᠳ ᠤᠨ ᠶᠡᠭᠡ ᠬᠤᠷᠠᠯ ᠤᠨ ᠲᠠᠩᠬᠢᠮ ᠡᠴᠡ ᠭᠠᠷᠬᠤ ᠳ᠋᠋ᠠᠭᠠᠨ ᠡᠷᠬᠢᠨ ᠡᠷᠬᠢᠨ ᠤᠳᠠᠳᠠᠯ᠎ᠠ ᠬᠠᠷᠠᠵᠦ ᠪᠠᠢᠢᠯ᠎ᠠ᠃

    《ᠲᠡᠷᠡ ᠮᠦᠴᠡ ᠵᠢ ᠡᠨᠡ ᠨᠠᠰᠤᠨ ᠳ᠋᠋ᠠᠭᠠᠨ ᠮᠠᠷᠳᠠᠵᠦ ᠴᠢᠳᠠᠬᠤ ᠦᠭᠡᠢ᠂ ᠨᠠᠮ ᠡᠴᠡ ᠲᠦᠭ ᠲᠦᠮᠡᠨ ᠠᠷᠠᠳ ᠲᠦᠮᠡᠨ ᠳ᠋᠋ᠦ ᠠᠤᠭ᠎ᠠ ᠶᠡᠭᠡ ᠵᠢᠷᠤᠭ ᠲᠦᠯᠦᠪᠯᠡᠭᠡ ᠵᠢ ᠵᠢᠷᠤᠬᠯᠠᠵᠦ ᠦᠭᠴᠠᠢ》ᠭᠡᠵᠦ ᠲᠠᠷᠡ ᠬᠡᠯᠡᠨ᠎ᠠ᠃

    《ᠬᠤᠤᠰ ᠵᠠᠭᠤᠨ ᠵᠢᠯ》 ᠤᠨ ᠲᠡᠦᠭᠡ ᠵᠢᠨ ᠰ᠋ᠤᠯᠪᠢᠴᠠᠯ ᠤᠨ ᠬᠤᠭᠤᠴᠠᠭᠠᠨ ᠳ᠋᠋ᠦ ᠨᠠᠮ ᠤᠨ ᠠᠷᠪᠠ ᠶᠢᠰᠦᠳᠦᠭᠡᠷ ᠶᠡᠭᠡ ᠬᠤᠷᠠᠯ ᠤᠨ ᠢᠯᠡᠳᠭᠡᠯ ᠳ᠋᠋ᠦ ᠪᠠᠢᠢᠯᠳᠤᠬᠤ ᠪᠤᠳᠤᠯᠭ᠎ᠠ ᠵᠢᠨ ᠲᠤᠬᠢᠷᠠᠭᠤᠯᠤᠯᠳᠠ ᠬᠢᠵᠦ᠂ 2020 ᠤᠨ ᠳ᠋᠋ᠦ ᠴᠢᠨᠡᠭᠡᠯᠢᠭ ᠨᠡᠢᠢᠭᠡᠮ ᠢ ᠪᠦᠬᠦ ᠲᠠᠯ᠎ᠠ ᠪᠡᠷ ᠪᠡᠶᠡᠯᠡᠬᠦᠯᠬᠦ ᠵᠢ ᠲᠠᠬᠢᠨ ᠳᠤᠳᠤᠷᠬᠠᠢᠢᠯᠠᠭᠰᠠᠨ ᠢᠶᠡᠷ ᠪᠠᠷᠠᠬᠤ ᠦᠭᠡᠢ ᠨᠡᠩ ᠴᠤ《ᠬᠤᠶᠠᠷ ᠠᠯᠬᠤᠮ ᠬᠤᠪᠢᠶᠠᠵᠤ ᠶᠠᠪᠤᠬᠤ》ᠲᠤᠬᠢᠷᠠᠭᠤᠯᠤᠯᠳᠠ ᠵᠢ ᠠᠩᠬ᠎ᠠ ᠤᠳᠠᠭ᠎ᠠ ᠳᠤᠷᠠᠳᠪᠠ- 2035 ᠤᠨ ᠪᠤᠯᠬᠤ ᠳ᠋᠋ᠦ ᠨᠡᠢᠢᠭᠡᠮ ᠵᠢᠷᠤᠮ ᠤᠨ ᠤᠳᠤᠬᠢᠴᠢᠯᠠᠯᠳᠠ ᠵᠢ ᠦᠨᠳᠦᠰᠦᠨ ᠳ᠋᠋ᠡᠭᠡᠨ ᠪᠡᠶᠡᠯᠡᠬᠦᠯᠦᠨ᠎ᠠ; ᠲᠤᠰ ᠵᠠᠭᠤᠨ ᠤ ᠳᠤᠮᠳᠠᠴᠢ ᠦᠶ᠎ᠠ ᠪᠤᠯᠬᠤ ᠳ᠋᠋ᠦ《ᠨᠡᠢᠢᠭᠡᠮ ᠵᠢᠷᠤᠮ ᠤᠨ ᠤᠳᠤᠬᠢᠴᠢᠯᠠᠭᠰᠠᠨ ᠬᠦᠴᠦᠷᠭᠡᠭ ᠤᠯᠤᠰ》 ᠢ᠋ ᠪᠦᠳᠦᠭᠡᠨ ᠪᠠᠢᠢᠭᠤᠯᠵᠦ᠂ ᠲᠤᠬᠠᠢ ᠵᠢᠨ ᠦᠶ᠎ᠠ ᠳ᠋᠋ᠦ《ᠪᠦᠬᠦ ᠠᠷᠠᠳ ᠤᠨ ᠪᠠᠶᠠᠵᠢᠯ ᠴᠢᠨᠡᠭᠡᠯᠢᠭᠵᠢᠯ ᠢ ᠦᠨᠳᠦᠰᠦᠨ ᠳ᠋᠋ᠡᠭᠡᠨ ᠪᠡᠶᠡᠯᠡᠬᠦᠯᠦᠨ᠎ᠠ》᠃

    ᠬᠡᠭᠡᠨ ᠰ᠋ᠠᠷᠠᠭᠤᠯ ᠢᠷᠡᠭᠡᠳᠦᠢ ᠬᠦᠮᠦᠰ ᠢ ᠤᠷᠮᠠᠰᠢᠭᠤᠯᠤᠨ ᠵᠤᠷᠢᠬᠵᠢᠭᠤᠯᠵᠦ᠂ ᠰ᠋ᠠᠢᠢᠨ ᠰ᠋ᠠᠢᠢᠬᠠᠨ ᠬᠠᠷᠠᠯᠳᠠ ᠠᠷᠠᠳ ᠤᠨ ᠰ᠋ᠠᠨᠠᠭᠠᠨ ᠳ᠋᠋ᠦ ᠨᠡᠢᠢᠴᠡᠪᠡ᠃ ᠠᠯᠤᠰ ᠤᠨ ᠲᠦᠯᠦᠪᠯᠡᠭᠡ ᠴᠦ ᠲᠡᠷᠡ᠂ ᠤᠷᠤᠨ ᠪᠠᠢᠢᠷᠢ᠂ ᠤᠯᠤᠰ ᠤᠨ ᠪᠠᠢᠢᠳᠠᠯ ᠤᠨ ᠲᠤᠬᠠᠢ ᠴᠢᠬᠤᠯᠠ ᠶᠡᠭᠡ ᠮᠠᠭᠠᠳᠯᠠᠯᠳᠠ ᠴᠦ ᠲᠡᠷᠡ᠂ ᠴᠦᠮ《ᠠᠷᠠᠳ ᠲᠦᠮᠡᠨ》ᠳ᠋᠋ᠦ ᠠᠩᠬᠠᠷᠤᠯ ᠢᠶᠡᠨ ᠲᠦᠪᠯᠡᠷᠡᠬᠦᠯᠵᠡᠢ᠃

    ᠳᠤᠮᠳᠠᠳᠤ ᠤᠯᠤᠰ ᠤᠨ ᠨᠡᠢᠢᠭᠡᠮ ᠤᠨ ᠬᠦᠭᠵᠢᠯᠳᠠ ᠵᠢᠨ ᠭᠠᠢᠢᠬᠠᠮᠰᠢᠬ ᠢ ᠲᠦᠷᠭᠡᠨ ᠠᠬᠢᠭᠤᠯᠬᠤ ᠶᠠᠪᠤᠴᠠ ᠳᠤᠮᠳᠠ ᠮᠠᠰᠢ ᠤᠯᠠᠨ ᠬᠦᠨ ᠳᠠᠪᠬᠤᠷᠭ᠎ᠠ ᠵᠢᠨ ᠠᠰᠠᠭᠤᠳᠠᠯ ᠢ ᠬᠤᠷᠠᠮᠳᠤᠭᠤᠯᠪᠠ᠄ ᠬᠦᠮᠦᠨ ᠪᠤᠯᠤᠨ ᠪᠠᠢᠢᠭᠠᠯᠢ ᠵᠢᠨ ᠵᠦᠷᠢᠴᠡᠯ᠂ ᠠᠵᠤ ᠠᠬᠤᠢ ᠵᠢᠨ ᠪᠦᠳᠦᠴᠡ ᠵᠢᠨ ᠴᠢᠨᠠᠷᠳᠠᠢ ᠵᠦᠷᠢᠴᠡᠯ᠂ ᠬᠦᠭᠵᠢᠯᠳᠠ ᠵᠢᠨ ᠲᠡᠩᠴᠡᠬᠦᠷᠢ ᠦᠭᠡᠢ ᠪᠠᠢᠢᠬᠤ᠂ ᠠᠷᠠᠳ ᠤᠨ ᠠᠮᠢᠳᠤᠷᠠᠯ ᠤᠨ ᠬᠦᠷᠢᠶᠡᠨ ᠳ᠋᠋ᠦ ᠦᠷᠢ ᠦᠭᠴᠡᠭᠡ ᠲᠠᠢ ᠪᠠᠢᠢᠬᠤ ᠠᠰᠠᠭᠤᠳᠠᠯ ᠁

    ᠠᠷᠠᠳ ᠤᠯᠠᠨ ᠤ ᠭᠡᠷᠡᠭᠴᠡᠭᠡ ᠳᠤ ᠤᠯᠠᠨ ᠶᠠᠩᠵᠤ ᠵᠢᠨ᠂ ᠤᠯᠠᠨ ᠲᠡᠰ ᠳᠠᠪᠬᠤᠷᠭ᠎ᠠ ᠵᠢᠨ᠂ ᠤᠯᠠᠨ ᠲᠠᠯ᠎ᠠ ᠵᠢᠨ ᠤᠨᠴᠠᠯᠢᠭ ᠢᠯᠡᠷᠡᠵᠦ᠂ ᠰ᠋ᠠᠢᠢᠨ ᠰ᠋ᠠᠢᠢᠬᠠᠨ ᠠᠮᠢᠳᠤᠷᠠᠯ ᠤᠨ ᠲᠤᠬᠠᠢ ᠬᠦᠰᠡᠯ ᠬᠦᠭᠡᠭᠡᠴᠡᠯᠳᠦᠯ ᠨᠡᠩ ᠴᠢᠨᠭᠭᠠᠷᠠᠪᠠ᠃ ᠡᠬᠦᠨ ᠳ᠋᠋ᠦ ᠰ᠋ᠠᠭᠤᠷᠢᠯᠠᠵᠦ᠂ ᠢᠯᠡᠳᠭᠡᠯ ᠳ᠋᠋ᠦ ᠡᠢᠢᠮᠦᠷᠬᠦ ᠴᠢᠬᠤᠯᠠ ᠶᠡᠭᠡ ᠮᠠᠭᠠᠳᠯᠠᠯᠳᠠ ᠬᠢᠪᠠ᠄《ᠳᠤᠮᠳᠠᠳᠤ ᠤᠯᠤᠰ ᠤᠨ ᠤᠨᠴᠠᠯᠢᠭ ᠲᠠᠢ ᠨᠡᠢᠢᠭᠡᠮ ᠵᠢᠷᠤᠮ ᠰ᠋ᠢᠨ᠎ᠠ ᠴᠠᠭ ᠦᠶ᠎ᠠ ᠳ᠋᠋ᠦ ᠤᠷᠤᠵᠦ᠂ ᠮᠠᠨ ᠤ ᠤᠯᠤᠰ ᠤᠨ ᠨᠡᠢᠢᠭᠡᠮ ᠤᠨ ᠭᠤᠤᠯ ᠵᠦᠷᠢᠴᠡᠯ ᠨᠢ ᠠᠷᠠᠳ ᠲᠦᠮᠡᠨ ᠤ ᠡᠳᠦᠷ ᠢᠷᠡᠬᠦᠶ᠎ᠠ ᠨᠡᠮᠡᠭᠳᠡᠵᠦ ᠪᠠᠢᠢᠬᠤ ᠰ᠋ᠠᠢᠢᠨ ᠰ᠋ᠠᠢᠢᠬᠠᠨ ᠠᠮᠢᠳᠤᠷᠠᠯ ᠤᠨ ᠲᠤᠬᠠᠢ ᠭᠡᠷᠡᠭᠴᠡᠭᠡ ᠪᠤᠯᠤᠨ ᠲᠡᠩᠴᠡᠬᠦᠷᠢ ᠦᠭᠡᠢ ᠬᠦᠢᠴᠡᠳ ᠦᠭᠡᠢ ᠬᠦᠭᠵᠢᠯᠳᠠ ᠵᠢᠨ ᠬᠤᠭᠤᠷᠤᠨᠳᠤᠬᠢ ᠵᠦᠷᠢᠴᠡᠯ ᠪᠤᠯᠵᠦ ᠬᠤᠪᠢᠷᠠᠵᠠᠢ》᠁

    《ᠠᠷᠠᠳ ᠲᠦᠮᠡᠨ ᠤ ᠰ᠋ᠢᠨ᠎ᠠ ᠴᠠᠭ ᠦᠶ᠎ᠠ ᠳ᠋᠋ᠠᠬᠢ ᠰ᠋ᠢᠨ᠎ᠠ ᠭᠡᠷᠡᠭᠴᠡᠭᠡ ᠪᠡᠷ ᠪᠠᠢᠢᠷᠢ ᠲᠤᠭᠳᠠᠭᠠᠯᠳᠠ ᠪᠠᠨ ᠪᠤᠯᠭᠠᠵᠦ᠂ ᠭᠤᠤᠯ ᠵᠦᠷᠢᠴᠡᠯ ᠳ᠋᠋ᠦ ᠴᠢᠬᠤᠯᠠ ᠶᠡᠭᠡ ᠲᠤᠬᠢᠷᠠᠭᠤᠯᠤᠯᠳᠠ ᠬᠢᠬᠦ ᠳᠤ ᠬᠦᠭᠵᠢᠯᠳᠠ ᠵᠢᠨ ᠤᠢᠢᠯᠠᠭᠠᠭᠳᠠᠬᠤᠨ ᠪᠠ ᠠᠵᠢᠯ ᠤᠨ ᠭᠤᠤᠯᠳᠠᠯᠭ᠎ᠠ ᠪᠡᠨ〈ᠲᠠᠪᠤ ᠵᠢ ᠨᠢᠭᠡ ᠴᠤᠬᠴᠠᠵᠢᠭᠤᠯᠬᠤ〉 ᠶ᠋ᠢᠨ ᠤᠳᠤᠬᠢᠴᠢᠯᠠᠯᠳᠠ᠂ ᠪᠦᠬᠦ ᠲᠠᠯ᠎ᠠ ᠵᠢᠨ ᠤᠳᠤᠬᠢᠴᠢᠯᠠᠯᠳᠠ ᠪᠠ〈ᠠᠷᠠᠳ ᠲᠦᠮᠡᠨ  ᠤ ᠭᠡᠷᠡᠭᠴᠡᠭᠡ ᠪᠡᠷ ᠭᠤᠤᠯ ᠪᠤᠯᠭᠠᠬᠰᠠᠨ〉ᠤᠳᠤᠬᠢᠴᠢᠯᠠᠯᠳᠠ ᠳᠡᠭᠡᠷ᠎ᠠ ᠲᠡᠰ ᠲᠡᠪᠰᠢᠬᠦᠯᠬᠦ ᠶᠠᠪᠤᠳᠠᠯ ᠪᠢᠳᠡᠨ ᠳᠤ ᠵᠠᠢᠢᠯᠠᠰᠢ ᠦᠭᠡᠢ ᠱᠠᠭᠠᠷᠳᠠᠬᠳᠠᠵᠦ ᠪᠠᠢᠢᠨ᠎ᠠ》ᠭᠡᠵᠦ ᠴᠢᠩᠬᠤᠧᠠ ᠶᠡᠭᠡ ᠰ᠋ᠤᠷᠭᠠᠭᠤᠯᠢ ᠵᠢᠨ ᠤᠯᠤᠰ ᠤᠨ ᠪᠠᠢᠢᠳᠠᠯ ᠤᠨ ᠰ᠋ᠤᠳᠤᠯᠭᠠᠨ ᠤ ᠬᠦᠷᠢᠶᠡᠯᠡᠩ ᠤᠨ ᠳᠠᠷᠤᠭ᠎ᠠ ᠬᠤ ᠠᠨ ᠭᠠᠩ ᠭᠡᠯᠡᠯ᠎ᠠ᠃

    《ᠡᠪ ᠬᠠᠮᠳᠦ ᠨᠠᠮ ᠠᠵᠤ ᠠᠬᠤᠢ ᠵᠢ ᠬᠦᠭᠵᠢᠬᠦᠯᠵᠤ ᠪᠠᠢᠢᠬᠤ ᠵᠢᠨ ᠬᠠᠷᠠᠯᠳᠠ ᠨᠢ ᠤᠯᠠᠨ ᠲᠦᠮᠡᠨ ᠤ ᠲᠦᠯᠦᠭᠡ ᠶᠤᠮ》ᠬᠡᠵᠤ ᠵᠠᠩ ᠢ ᠪᠢᠨ ᠲᠦᠯᠦᠭᠡᠯᠡᠭᠴᠢ ᠬᠡᠯᠡᠭᠰᠡᠨ ᠨᠢ᠂ ᠤᠳᠤᠬᠢᠴᠢᠯᠠᠭᠰᠠᠨ ᠠᠵᠤ ᠠᠬᠤᠢ ᠵᠢᠨ ᠰ᠋ᠢᠰᠲ᠋ᠧᠮ ᠪᠤᠯ ᠳᠠᠷᠤᠢ ᠦᠨᠳᠦᠷ ᠶᠠᠰᠤ ᠴᠢᠨᠠᠷ ᠲᠠᠢ᠂ ᠦᠨᠳᠦᠷ ᠦᠷ᠎ᠠ ᠠᠰᠢᠬ ᠲᠠᠢ ᠬᠦᠭᠵᠢᠯᠳᠠ ᠵᠢ ᠬᠦᠭᠡᠭᠡᠴᠡᠯᠳᠦᠬᠦ ᠶᠠᠪᠤᠳᠠᠯ ᠪᠤᠯᠤᠨ᠎ᠠ᠂ ᠡᠨᠡ ᠪᠤᠯ ᠠᠷᠠᠳ ᠲᠦᠮᠡᠨ ᠤ ᠭᠡᠷᠡᠭᠴᠡᠭᠡ ᠵᠢᠨ ᠬᠤᠪᠢᠷᠠᠯᠳᠠ ᠵᠢ ᠦᠨᠳᠦᠰᠦᠯᠡᠨ ᠬᠢᠭᠰᠡᠨ ᠴᠢᠬᠤᠯᠠ ᠶᠡᠭᠡ ᠲᠤᠬᠢᠷᠠᠭᠤᠯᠤᠯᠳᠠ ᠮᠦᠨ᠂ ᠠᠷᠠᠳ ᠲᠦᠮᠡᠨ ᠳ᠋᠋ᠦ ᠴᠢᠨᠠᠬᠰᠢᠳᠠ ᠠᠰᠢᠬ ᠬᠦᠷᠳᠡᠭᠡᠬᠦ ᠪᠤᠯᠤᠨ᠎ᠠ ᠭᠡᠪᠡ᠃

    ᠲᠠᠩ ᠭᠠᠭᠴᠠ ᠠᠵᠤ ᠠᠬᠤᠢ ᠵᠢᠨ ᠲᠠᠯ᠎ᠠ ᠪᠡᠷ ᠪᠢᠰᠢ᠂ ᠤᠯᠤᠰ ᠲᠦᠷᠦ᠂ ᠨᠡᠢᠢᠭᠡᠮ᠂ ᠰ᠋ᠤᠶᠤᠯ᠂ ᠠᠮᠢ ᠠᠬᠤᠢ ᠵᠡᠷᠭᠡ ᠤᠯᠠᠨ ᠲᠠᠪᠬᠤᠷᠭ᠎ᠠ ᠳ᠋᠋ᠦ《ᠲᠦᠷᠢᠮ ᠤᠨ ᠲᠦᠯᠦᠪᠯᠡᠭᠡ》᠂《ᠲᠦᠷᠢᠮ ᠤᠨ ᠵᠤᠯᠭᠠᠯᠴᠠᠭ᠎ᠠ》᠂《ᠲᠦᠷᠢᠮ ᠤᠨ ᠪᠠᠳᠤᠯᠠᠭ᠎ᠠ》 ᠁ ᠪᠦᠬᠦ ᠲᠠᠯ᠎ᠠ ᠵᠢᠨ᠂ ᠬᠦᠨ ᠳᠠᠪᠬᠤᠷᠭ᠎ᠠ ᠵᠢᠨ ᠲᠦᠷᠢᠮ ᠤᠨ ᠰ᠋ᠢᠨ᠎ᠠ ᠡᠬᠦᠳᠦᠯᠳᠠ ᠨᠢ ᠠᠷᠠᠳ ᠲᠦᠮᠡᠨ ᠤ ᠬᠦᠭᠵᠢᠯᠳᠠ ᠵᠢᠨ ᠡᠷᠭᠡ ᠵᠢ ᠪᠠᠳᠤᠯᠠᠵᠠᠢ᠃

    ᠰ᠋ᠢᠨ᠎ᠠ ᠵᠠᠰᠠᠭ ᠵᠠᠬᠢᠷᠭᠠᠨ ᠤ ᠵᠠᠭᠠᠯᠳᠤᠯᠭ᠎ᠠ ᠵᠢᠨ ᠬᠠᠤᠯᠢ ᠶᠢ ᠭᠡᠷᠡᠭᠵᠢᠬᠦᠯᠦᠭᠰᠡᠨ ᠡᠴᠡ ᠨᠠᠰᠢ᠂ ᠨᠠᠮ ᠤᠨ ᠠᠷᠪᠠ ᠶᠢᠰᠦᠳᠦᠭᠡᠷ ᠶᠡᠭᠡ ᠬᠤᠷᠠᠯ ᠤᠨ ᠲᠦᠯᠦᠭᠡᠯᠡᠭᠴᠢ᠂ ᠨᠢᠩᠰᠢᠶᠠ ᠶᠢᠨ ᠱᠢ ᠽᠦᠢ ᠱᠠᠨ ᠬᠤᠳᠠ ᠵᠢᠨ ᠳ᠋᠋ᠠ ᠡᠦ ᠺᠧᠤ ᠲᠤᠭᠤᠷᠢᠭ ᠤᠨ ᠠᠷᠠᠳ ᠤᠨ ᠰ᠋ᠢᠬᠦᠬᠦ ᠬᠤᠷᠢᠶᠠᠨ ᠤ ᠵᠠᠰᠠᠭ ᠵᠠᠬᠢᠷᠭᠠᠨ ᠤ ᠰ᠋ᠢᠬᠦᠨ ᠳᠠᠰᠤᠯᠬᠤ ᠲᠢᠩᠬᠢᠮ ᠤᠨ ᠳᠠᠷᠤᠭ᠎ᠠ ᠴᠧᠨ ᠮᠧᠢ ᠷᠦᠩ᠂ ᠵᠠᠰᠠᠭ ᠵᠠᠬᠢᠷᠭᠠᠨ ᠤ ᠪᠠᠢᠢᠭᠤᠯᠤᠯᠭ᠎ᠠ ᠵᠢᠨ ᠬᠠᠷᠢᠭᠤᠴᠠᠯᠭᠠᠳᠠᠨ ᠲᠢᠩᠬᠢᠮ ᠳ᠋᠋ᠦ ᠭᠠᠷᠴᠦ ᠵᠠᠷᠭᠤ ᠬᠦᠯᠢᠶᠡᠬᠦ ᠨᠢ ᠪᠠᠢᠢᠩᠭᠤ ᠵᠢᠨ ᠦᠵᠡᠭᠳᠡᠯ ᠪᠤᠯᠤᠭᠰᠠᠨ ᠢ ᠠᠩᠬᠠᠷᠴᠦ ᠤᠯᠪᠠ᠃

    《ᠵᠠᠰᠠᠭ ᠵᠠᠬᠢᠷᠭᠠᠨ ᠤ ᠵᠠᠭᠠᠯᠳᠤᠯᠭ᠎ᠠ ᠪᠤᠯ ᠳᠠᠷᠤᠢ〈ᠠᠷᠠᠳ ᠡᠴᠡ ᠠᠯᠪᠡᠨ ᠲᠤᠰᠢᠶᠠᠯᠳᠠᠨ ᠢ ᠵᠠᠭᠠᠯᠳᠤᠵᠦ ᠪᠠᠢᠢᠬᠤ〉ᠶᠠᠪᠤᠳᠠᠯ ᠪᠤᠯᠤᠨ᠎ᠠ᠂ ᠤᠤᠯ ᠳ᠋᠋ᠠᠭᠠᠨ ᠠᠯᠪᠡᠨ ᠲᠤᠰᠢᠶᠠᠯᠳᠠᠨ ᠲᠢᠩᠬᠢᠮ ᠳ᠋᠋ᠦ ᠭᠠᠷᠬᠤ ᠦᠵᠡᠭᠳᠡᠯ ᠮᠠᠰᠢ ᠴᠦᠭᠡᠨ ᠪᠠᠢᠢᠭᠰᠠᠨ ᠶᠤᠮ᠂ ᠭᠡᠷᠪᠡ〈ᠠᠯᠪᠡᠨ ᠲᠤᠰᠢᠶᠠᠯᠳᠠᠨ ᠢ ᠵᠠᠭᠠᠯᠳᠤᠭᠠᠳ ᠠᠯᠪᠡᠨ ᠲᠤᠰᠢᠶᠠᠯᠳᠠᠨ ᠲᠠᠢ ᠠᠭᠤᠯᠵᠠᠵᠦ ᠴᠢᠳᠠᠬᠤ ᠦᠭᠡᠢ〉ᠪᠤᠯ ᠠᠷᠠᠳ ᠲᠦᠮᠡᠨ ᠤ ᠬᠦᠰᠡᠯ ᠱᠠᠭᠠᠷᠳᠠᠯᠭ᠎ᠠ ᠬᠦᠨᠳᠦᠳᠭᠡᠭᠳᠡᠭᠰᠡᠨ ᠦᠭᠡᠢ ᠪᠤᠯᠵᠦ᠂ ᠠᠷᠠᠳ ᠪᠤᠯᠤᠨ ᠠᠯᠪᠡᠨ ᠲᠤᠰᠢᠶᠠᠯᠳᠠᠨ ᠤ ᠡᠰᠡᠷᠬᠦᠴᠡᠯᠳᠦᠭᠡᠨ ᠮᠠᠭᠤ ᠤᠷᠴᠢᠯ ᠲᠠᠢ ᠪᠤᠯᠬᠤ ᠪᠤᠯᠤᠯᠴᠠᠭ᠎ᠠ ᠲᠠᠢ ᠶᠤᠮ》ᠬᠡᠵᠤ ᠴᠧᠨ ᠮᠧᠢ ᠷᠦᠩ᠂ ᠤᠳᠤ ᠵᠠᠰᠠᠭ ᠵᠠᠬᠢᠷᠭᠠᠨ ᠤ ᠪᠠᠢᠢᠭᠤᠯᠤᠯᠭ᠎ᠠ ᠵᠢᠨ ᠬᠠᠷᠢᠭᠤᠴᠠᠯᠭᠠᠳᠠᠨ ᠪᠠ ᠤᠯᠠᠨ ᠲᠦᠮᠡᠨ ᠵᠠᠷᠭᠤ ᠵᠢᠨ ᠳᠤᠮᠳᠠ ᠨᠢᠭᠤᠷ ᠤᠴᠠᠷᠠᠨ ᠦᠭᠡ ᠰ᠋ᠤᠯᠢᠯᠴᠠᠵᠤ ᠪᠠᠢᠢᠭ᠎ᠠ ᠨᠢ ᠵᠦᠷᠢᠴᠡᠯ ᠢ ᠨᠠᠮᠳᠠᠭᠠᠬᠤ ᠳ᠋᠋ᠦ ᠠᠰᠢᠬ ᠲᠠᠢ ᠪᠡᠷ ᠪᠠᠷᠠᠬᠤ ᠦᠬᠡᠢ ᠠᠷᠠᠳ ᠲᠦᠮᠡᠨ ᠤ ᠠᠰᠢᠬ ᠲᠤᠰᠠ ᠵᠢ ᠪᠠᠳᠤᠯᠠᠬᠤ ᠳ᠋᠋ᠦ ᠴᠤ ᠠᠰᠢᠬ ᠲᠠᠢ ᠶᠤᠮ ᠬᠡᠯ᠎ᠠ᠃

    《ᠰ᠋ᠢᠨ᠎ᠠ ᠴᠠᠭ ᠦᠶ᠎ᠠ ᠳ᠋᠋ᠦ ᠤᠷᠤᠵᠦ᠂ ᠬᠦᠭᠵᠢᠯᠳᠠ ᠵᠢᠨ ᠲᠡᠩᠴᠡᠬᠦᠷᠢ ᠦᠭᠡᠢ ᠬᠦᠢᠴᠡᠳ ᠦᠭᠡᠢ ᠠᠰᠠᠭᠤᠳᠠᠯ ᠨᠡᠩ ᠲᠤᠪᠤᠢᠢᠮ᠎ᠠ ᠪᠤᠯᠵᠦ᠂ ᠲᠤᠯᠭᠠᠷᠠᠬᠤ ᠦᠷᠢᠰᠦᠯᠳᠦᠭᠡᠨ ᠴᠦ ᠤᠯᠠᠳᠠᠬᠤ ᠪᠤᠯᠬᠤᠷ ᠬᠦᠭᠵᠢᠯᠳᠠ ᠵᠢᠨ ᠪᠦᠬᠦ ᠲᠠᠯ᠎ᠠ ᠵᠢᠨ ᠴᠢᠨᠠᠷ ᠢ ᠨᠡᠩ ᠢᠯᠡᠬᠦᠦ ᠴᠢᠬᠤᠯᠠᠴᠢᠯᠠᠵᠦ ᠠᠵᠤ ᠠᠬᠤᠢ᠂ ᠤᠯᠤᠰ ᠲᠦᠷᠦ᠂ ᠰ᠋ᠤᠶᠤᠯ᠂ ᠨᠡᠢᠢᠭᠡᠮ᠂ ᠠᠮᠢ ᠠᠬᠤᠢ ᠵᠡᠷᠭᠡ ᠬᠦᠭᠵᠢᠯᠳᠠ ᠵᠢ ᠨᠢᠭᠡ ᠴᠤᠭᠴᠠ ᠪᠡᠷ ᠠᠬᠢᠭᠤᠯᠵᠦ᠂ ᠲᠦᠷᠢᠮ ᠢ ᠳᠡᠬᠦᠯᠳᠡᠷᠵᠢᠬᠦᠯᠦᠨ ᠬᠦᠭᠵᠢᠯᠳᠠ ᠵᠢ ᠠᠬᠢᠭᠤᠯᠵᠦ ᠠᠷᠠᠳ ᠲᠦᠮᠡᠨ ᠢ ᠬᠦᠭᠵᠢᠯᠳᠠ ᠵᠢᠨ ᠠᠰᠢᠬ ᠬᠦᠷᠳᠡᠭᠴᠢ ᠪᠤᠯᠭᠠᠬᠤ ᠭᠡᠷᠡᠭᠲᠡᠢ》ᠭᠡᠵᠦ ᠨᠠᠮ ᠤᠨ ᠠᠷᠪᠠ ᠶᠢᠰᠦᠳᠦᠭᠡᠷ ᠶᠡᠭᠡ ᠬᠤᠷᠠᠯ ᠤᠨ ᠲᠦᠯᠦᠭᠡᠯᠡᠭᠴᠢ᠂ ᠱᠠᠨᠰᠢ ᠮᠤᠵᠢ ᠵᠢᠨ ᠬᠦᠭᠵᠢᠬᠦᠯᠦᠯᠳᠠ ᠪᠠ ᠦᠭᠡᠷᠡᠴᠢᠯᠡᠯᠳᠠ ᠵᠢᠨ ᠵᠦᠪᠯᠡᠯ ᠤᠨ ᠡᠷᠬᠢᠯᠡᠭᠴᠢ ᠹᠠᠩ ᠸᠧᠢ ᠹᠧᠩ ᠭᠡᠯᠡᠪᠡ᠃

    ᠨᠠᠮ ᠤᠨ ᠠᠷᠪᠠ ᠶᠢᠰᠦᠳᠦᠭᠡᠷ ᠶᠡᠭᠡ ᠬᠤᠷᠠᠯ ᠡᠬᠢᠯᠡᠭᠰᠡᠨ ᠡᠳᠦᠷ᠂ ᠵᠢᠶᠠᠩᠰᠢ ᠮᠤᠵᠢ ᠵᠢᠨ ᠵᠢᠦ ᠵᠢᠶᠠᠩ ᠬᠤᠳᠠ ᠵᠢᠨ ᠬᠤᠩ ᠢ ᠰ᠋ᠢᠶᠠᠩ ᠤᠨ ᠪᠢᠶᠠᠨ ᠱᠠᠨ ᠲᠤᠰᠬᠤᠨ ᠤ ᠵᠢᠨ ᠫᠧᠨ ᠪᠠᠢᠢᠭᠠᠯᠢ ᠵᠢᠨ ᠲᠤᠰᠬᠤᠨ ᠤ 54 ᠨᠠᠰᠤᠳᠠᠢ ᠠᠷᠠᠳ ᠯᠦᠧᠧ ᠶᠢᠩ ᠮᠠᠰᠢ ᠪᠠᠶᠠᠷ ᠲᠠᠢ ᠪᠠᠢᠢᠯ᠎ᠠ᠃ ᠲᠡᠬᠦᠨ ᠤ ᠭᠡᠷ ᠲᠦ ᠲᠦᠭᠡᠭᠡᠯ ᠤᠰᠤ ᠨᠡᠪᠳᠡᠷᠡᠵᠦ᠂ ᠴᠤᠷᠭᠤ ᠪᠡᠷ ᠠᠰᠬᠠᠷᠠᠬᠤ ᠤᠰᠤ ᠵᠢ ᠬᠠᠷᠠᠭᠠᠳ ᠲᠡᠷᠡ ᠦᠪᠡᠷ ᠤᠨ ᠡᠷᠬᠡ ᠦᠬᠡᠢ ᠨᠢᠯᠪᠤᠰᠤ ᠪᠦᠮᠪᠦᠷᠢᠬᠦᠯᠤᠨ᠎ᠠ᠃ ᠭᠠᠵᠠᠷ ᠵᠦᠢ ᠶᠢᠨ ᠪᠠᠢᠢᠷᠢᠰᠢᠯ ᠪᠠ ᠭᠠᠵᠠᠷ ᠰ᠋ᠢᠷᠤᠢ ᠢᠢᠨ ᠨᠦᠬᠦᠴᠡᠯ ᠤᠨ ᠬᠢᠵᠠᠭᠠᠷᠯᠠᠯ ᠡᠴᠡ ᠪᠤᠯᠵᠦ᠂ ᠡᠨᠡᠬᠦ ᠲᠤᠰᠬᠤᠨ ᠳ᠋᠋ᠤ ᠤᠰᠤ ᠲᠤᠲᠠᠭᠰᠠᠭᠠᠷ ᠢᠷᠡᠵᠡᠢ᠃ ᠨᠢᠲᠤᠨᠤᠨ ᠰ᠋ᠢᠶᠠᠩ ᠡᠴᠡ ᠪᠢᠶᠠᠠ ᠱᠠᠠ ᠲᠤᠰᠬᠤᠨ ᠳ᠋᠋ᠤ ᠠᠷᠢᠭᠤᠨ ᠴᠡᠪᠡᠷ ᠤᠰᠤ ᠪᠠᠷ ᠶᠠᠲᠠᠭᠤ ᠢᠢ ᠲᠡᠳᠭᠦᠬᠦ ᠢᠨᠵᠧᠨᠧᠷᠢᠩ ᠢ ᠭᠡᠷᠡᠭᠵᠢᠭᠦᠯᠵᠦ᠂ ᠪᠡᠯᠡ ᠤᠷᠤᠭᠤᠯᠤᠨ ᠤᠰᠤ ᠬᠠᠲᠠᠭᠠᠯᠠᠬᠤ ᠴᠦᠬᠦᠷᠦᠮ ᠪᠤᠯᠤᠨ ᠬᠤᠭᠤᠯᠠᠢ ᠲᠤᠤᠷ ᠢ ᠪᠠᠢᠢᠭᠤᠯᠵᠦ᠂ ᠴᠠᠬᠢᠯᠭᠠᠠ ᠬᠦᠷᠭᠡᠬᠦ ᠬᠦᠴᠦᠲᠡᠯ ᠦᠭᠡᠷᠡᠴᠢᠯᠡᠬᠦ ᠪᠠᠷᠢᠯᠭ᠎ᠠ ᠵᠢ ᠢᠵᠢ ᠪᠦᠷᠢᠨᠰᠢᠭᠦᠯᠦᠨ᠂ ᠤᠳᠤ ᠲᠤᠰᠬᠤᠨ ᠳ᠋᠋ᠤ ᠤᠰᠤ ᠴᠠᠬᠢᠯᠭᠠᠠ ᠨᠡᠪᠲᠡᠷᠡᠭᠰᠡᠨ ᠪᠠᠢᠢᠨ᠎ᠠ᠃

    ᠴᠢᠨᠡᠭᠡᠯᠢᠭ᠌ ᠨᠡᠢᠢᠭᠡᠮ ᠢ ᠪᠦᠬᠦ ᠲᠠᠯ᠎ᠠ ᠪᠠᠷ ᠪᠡᠶᠡᠯᠡᠭᠦᠯᠬᠦ ᠨᠢ ᠨᠢᠭᠡᠡᠲᠡ ᠦᠨᠦ ᠮᠠᠷᠭᠠᠰᠢ ᠢᠢᠨ ᠤᠴᠢᠷ ᠪᠤᠯᠤᠭᠰᠠᠠ ᠪᠤᠯᠪᠠᠴᠤ ᠦᠨᠡᠡ ᠪᠤᠲᠠᠲᠠᠢ ᠵᠢᠭᠠᠯᠳᠠ ᠲᠤᠭ᠎ᠠ ᠨᠢᠬᠡᠪᠦᠷᠢ ᠵᠢ ᠬᠦᠢᠴᠡᠳᠭᠡᠬᠦ ᠳᠤ ᠠᠯᠬᠤᠮ ᠪᠦᠷᠢ ᠵᠢ ᠯᠠᠪᠲᠠᠭᠤᠨ ᠠᠯᠬᠤᠵᠦ᠂ ᠠᠷᠭ᠎ᠠ ᠬᠡᠮᠵᠢᠶ᠎ᠠ ᠨᠢᠭᠡᠪᠦᠷᠢ ᠢᠢ ᠴᠦᠮ ᠤᠷᠭᠠᠨᠢᠭ ᠢᠶᠡᠷ ᠵᠤᠯᠭᠠᠯᠴᠠᠭᠤᠯᠬᠤ ᠴᠢᠬᠤᠯᠠ ᠲᠠᠢ ᠶᠤᠮ᠃ ᠬᠡᠤᠬᠡᠳ ᠲᠦ ᠴᠡᠴᠡᠷᠯᠢᠭ᠌ ᠤᠨ ᠬᠦᠮᠦᠵᠢᠯ ᠲᠠᠢ᠂ ᠰ᠋ᠤᠷᠤᠯᠴᠠᠬᠤ ᠡᠴᠡ ᠰ᠋ᠤᠷᠭᠠᠭᠤᠯᠢ ᠲᠠᠢ᠂ ᠬᠦᠲᠡᠯᠮᠦᠷᠢᠯᠡᠪᠡᠯ ᠤᠷᠤᠯᠭ᠎ᠠ ᠲᠠᠢ᠂ ᠡᠪᠡᠳᠴᠢᠯᠡᠪᠡᠯ ᠡᠮᠨᠡᠯᠬᠡ ᠲᠠᠢ᠂ ᠦᠲᠡᠯᠪᠡᠯ ᠠᠰᠠᠷᠠᠬᠤ ᠭᠠᠵᠠᠷ ᠲᠠᠢ᠂ ᠰ᠋ᠠᠭᠤᠬᠤ ᠡᠴᠡ ᠭᠡᠷ ᠲᠡᠢ᠂ ᠪᠠᠭᠤᠷᠠᠢᠢᠴᠤᠤᠯ ᠳᠤ ᠲᠡᠳᠭᠦᠪᠦᠷᠢ ᠲᠠᠢ ᠁

    ᠠᠷᠠᠳ ᠤᠨ ᠠᠮᠢᠲᠤᠷᠠᠯ ᠤᠨ ᠲᠤᠲᠠᠭᠤᠲᠠᠯ ᠢ ᠬᠦᠢᠴᠡᠳ ᠨᠦᠬᠦᠪᠦᠷᠢᠯᠡᠨ᠎ᠠ᠃

    《ᠲᠤᠮᠲᠠᠲᠤ ᠤᠯᠤᠰ ᠤᠨ ᠡᠪ ᠬᠠᠮᠲᠤ ᠨᠠᠮ ᠰ᠋ᠢᠭ ᠠᠷᠠᠳ ᠲᠦᠮᠡᠡ ᠤ ᠲᠦᠯᠦᠭᠡ ᠡᠢᠢᠨᠬᠦ ᠡᠬᠦᠷᠭᠡᠯᠡᠬᠦ ᠲᠦᠷᠦ ᠢᠢᠨ ᠨᠠᠮ ᠴᠦᠭᠡᠡ》ᠬᠡᠵᠤ ᠱᠠᠩᠬᠠᠢ ᠢᠢᠨ ᠷᠠᠲᠢᠣ᠋ ᠲᠧᠯᠧᠶ᠋ᠰ ᠬᠤᠷᠢᠶᠠᠠ ᠤ ᠲᠡᠷᠢᠭᠦᠨ ᠨᠡᠪᠲᠡᠷᠡᠭᠦᠯᠦᠭᠴᠢ ᠶᠢᠨ ᠬᠠᠢ ᠷᠦᠩ ᠲᠦᠯᠦᠭᠡᠯᠡᠭᠴᠢ ᠬᠡᠯᠡᠭᠰᠡᠨ ᠨᠢ᠂ ᠨᠠᠮ ᠦᠨ ᠠᠷᠪᠠ ᠶᠢᠰᠦᠲᠦᠭᠡᠷ ᠶᠡᠬᠡ ᠬᠤᠷᠠᠯ ᠡᠴᠡ ᠤᠴᠢᠷ ᠶᠠᠪᠤᠳᠠᠯ ᠢ ᠨᠢᠬᠡ ᠵᠠᠬ᠎ᠠ ᠡᠴᠡ ᠨᠢ ᠰ᠋ᠢᠢᠳᠪᠦᠷᠢᠯᠡᠵᠦ᠂ ᠤᠨ ᠵᠢᠯ ᠦᠨᠵᠢᠭᠡᠯ ᠦᠭᠡᠢ ᠠᠵᠢᠯᠯᠠᠬᠤ ᠭᠡᠷᠡᠭᠲᠡᠢ ᠬᠡᠵᠤ ᠲᠤᠷᠠᠳᠤᠭᠰᠠᠨ ᠨᠢ ᠠᠷᠠᠳ ᠲᠦᠮᠡᠡ ᠢ ᠬᠤᠢᠢᠰᠢᠲᠠ ᠢᠢᠨ ᠰ᠋ᠠᠢᠢᠠ ᠰ᠋ᠠᠢᠢᠬᠠᠠ ᠠᠮᠢᠲᠤᠷᠠᠯ ᠳ᠋᠋ᠤ ᠢᠲᠡᠭᠡᠯ ᠲᠦᠬᠦᠷᠡᠩ ᠪᠤᠯᠭᠠᠭᠰᠠᠠ ᠪᠠᠢᠢᠨ᠎ᠠ ᠬᠡᠪᠡ᠃

    ᠡᠷᠡᠭᠦᠯ ᠡᠩᠭᠡ ᠲᠤᠮᠲᠠᠲᠤ ᠤᠯᠤᠰ ᠢ ᠪᠦᠲᠦᠭᠡᠡ ᠪᠠᠢᠢᠭᠤᠯᠬᠤ ᠡᠴᠡ ᠦᠷᠬᠦᠯᠵᠢᠯᠡᠬᠦ ᠬᠦᠭᠵᠢᠯᠲᠠ ᠬᠦᠷᠲᠡᠯ᠎ᠠ᠂ ᠰ᠋ᠢᠨᠵᠢᠯᠡᠬᠦ ᠤᠬᠠᠭᠠᠠ ᠰ᠋ᠤᠷᠭᠠᠠ ᠬᠦᠮᠦᠵᠢᠯ ᠢᠶᠡᠷ ᠤᠯᠤᠰ ᠢᠶᠡᠨ ᠬᠦᠭᠵᠢᠭᠦᠯᠬᠦ ᠡᠴᠡ ᠴᠢᠲᠠᠪᠤᠷᠢᠲᠠᠠ ᠢᠶᠡᠷ ᠤᠯᠤᠰ ᠢᠶᠡᠨ ᠬᠦᠴᠦᠷᠭᠡᠭᠵᠢᠭᠦᠯᠬᠦ ᠬᠦᠷᠲᠡᠯ᠎ᠠ᠂ ᠬᠦᠲᠡᠭᠡ ᠲᠤᠰᠬᠤᠨ ᠢ ᠬᠦᠭᠵᠢᠬᠦᠯᠤᠨ ᠮᠠᠠᠲᠤᠭᠤᠯᠬᠤ ᠡᠴᠡ ᠤᠷᠤᠨ ᠪᠦᠰᠡ ᠢᠢ ᠵᠤᠬᠢᠴᠠᠭᠤᠯᠤᠨ ᠬᠦᠭᠵᠢᠭᠦᠯᠬᠦ ᠬᠦᠷᠲᠡᠯ᠎ᠠ ᠁

    ᠠᠯᠢ ᠤᠯᠠᠠ ᠪᠠᠢᠢᠯᠲᠤᠬᠤ ᠪᠤᠲᠤᠯᠭ᠎ᠠ ᠯᠠᠪᠲᠠᠭᠤᠨ ᠪᠠᠲᠤᠲᠠᠢ ᠭᠡᠷᠡᠭᠵᠢᠭᠦᠯᠦᠭᠳᠡᠨ ᠠᠯᠬᠤᠮ ᠠᠯᠬᠤᠮ ᠢᠶᠡᠷ ᠠᠬᠢᠵᠦ᠂ ᠦᠢᠯᠡᠳᠪᠦᠷᠢᠯᠡᠯ ᠪᠠ ᠠᠮᠢᠲᠤᠷᠠᠯ ᠤᠨ ᠠᠷᠭ᠎ᠠ ᠬᠡᠯᠪᠡᠷᠢ ᠢᠢ ᠬᠤᠪᠢᠷᠠᠭᠤᠯᠤᠨ᠂ ᠬᠦᠮᠦᠨ ᠢ ᠨᠡᠩ ᠬᠦᠨ ᠲᠠᠪᠬᠤᠷᠭ᠎ᠠ᠂ ᠨᠡᠩ ᠪᠦᠬᠦ ᠲᠠᠯ᠎ᠠ ᠪᠠᠷ ᠬᠦᠭᠵᠢᠭᠦᠯᠬᠦ ᠢᠢ ᠴᠢᠷᠮᠠᠢᠢᠨ ᠪᠡᠶᠡᠯᠡᠭᠦᠯᠦᠨ᠎ᠠ᠃

    《ᠬᠦᠮᠦᠨ ᠨᠢᠭᠡᠪᠦᠷᠢ ᠪᠦᠷ ᠢᠯᠡᠳᠭᠡᠯ ᠡᠴᠡ ᠦᠪᠡᠷ ᠤᠨ ᠪᠡᠶ᠎ᠠ ᠪᠠᠠ ᠤᠢᠢᠯᠠᠭᠠᠵᠦ ᠪᠤᠯᠤᠨ᠎ᠠ》ᠬᠡᠵᠤ ᠬᠤ ᠠᠠ ᠭᠠᠩ᠄《ᠬᠦᠭᠵᠢᠭᠦᠯᠬᠦ ᠵᠢᠨ ᠡᠴᠤᠰ ᠤᠨ ᠬᠠᠷᠠᠯᠲᠠ ᠪᠤᠯ ᠠᠷᠠᠳ ᠲᠦᠮᠡᠡ ᠢ ᠨᠡᠩ ᠵᠤᠯ ᠵᠢᠷᠭᠠᠯ ᠲᠠᠢ ᠠᠮᠢᠲᠤᠷᠠᠭᠤᠯᠬᠤ ᠢᠢᠨ ᠲᠦᠯᠦᠭᠡ ᠶᠤᠮ᠂〈ᠠᠷᠠᠳ ᠲᠦᠮᠡᠡ〉ᠭᠡᠲᠡᠭ ᠬᠤᠶᠠᠷ ᠦᠰᠦᠭ ᠨᠠᠮ ᠤᠨ ᠲᠦᠪ ᠬᠤᠷᠢᠶᠠᠠ ᠤ ᠲᠦᠷᠦ ᠵᠢ ᠵᠠᠰᠠᠵᠦ ᠵᠠᠰᠠᠭ ᠢ ᠡᠷᠬᠢᠯᠡᠬᠦ ᠪᠦᠬᠦ ᠶᠠᠪᠤᠴᠠ ᠳ᠋᠋ᠤ ᠨᠡᠪᠴᠢᠵᠦ ᠪᠠᠢᠢᠨ᠎ᠠ》ᠭᠡᠵᠦ ᠬᠡᠯᠡᠯ᠎ᠠ᠃

ᠡᠬᠦᠷᠭᠡ ᠬᠠᠷᠢᠭᠤᠴᠠᠯᠭ᠎ᠠ ᠳ᠋ᠠᠭᠠᠠ ᠤᠰᠤᠯᠲᠠᠬᠤ ᠦᠭᠡᠢ-《ᠮᠠᠠ ᠤ ᠨᠠᠮ ᠲᠣᠰ ᠪᠡᠶ᠎ᠠ ᠵᠢᠨ ᠪᠠᠢᠢᠭᠣᠯᠣᠯᠳᠠ ᠪᠠᠨ ᠲᠡᠬᠦᠯᠳᠡᠷᠵᠢᠬᠦᠯᠦᠨ ᠨᠠᠮ ᠢᠶᠡᠨ ᠬᠦᠴᠦᠷᠭᠡᠭᠵᠢᠬᠦᠯᠵᠤ᠂ ᠢᠮᠠᠭᠲᠠ ᠠᠷᠠᠳ ᠲᠦᠮᠡᠡ ᠯᠤᠭᠡ ᠪᠤᠳᠤᠯ ᠵᠢᠨᠨ ᠨᠢᠭᠡᠳᠭᠡᠨ ᠬᠠᠮᠳᠤᠷᠠᠨ ᠠᠵᠢᠯᠯᠠᠳᠠᠭ ᠯᠡ ᠶᠤᠮ ᠪᠤᠯ ᠲᠤᠮᠲᠠᠲᠤ ᠤᠯᠤᠰ ᠤᠨ ᠠᠷᠠᠳ ᠲᠦᠮᠡᠡ ᠤ ᠠᠭᠤᠤ ᠶᠡᠬᠡ ᠬᠦᠰᠡᠯ ᠵᠡᠭᠦᠲᠦ ᠢᠢ ᠠᠴᠢᠶᠠᠯᠠᠬᠰᠠᠨ ᠠᠶᠠᠠ ᠤ ᠤᠩᠭᠤᠴᠠ ᠢᠢ ᠵᠢᠯᠤᠭᠤᠳᠤᠨ ᠲᠠᠭᠠᠭᠤᠯᠵᠦ᠂ ᠲᠠᠪᠠᠯᠭᠠᠠ ᠢ ᠰᠦᠷᠦᠨ ᠭᠡᠷᠡᠯ ᠰᠠᠴᠤᠷᠠᠩᠭᠤᠢ ᠲᠡᠷᠲᠡᠭᠡ ᠡᠷᠬᠢ ᠲᠡᠰᠢ ᠢᠯᠠᠯᠳᠠ ᠲᠠᠢ ᠪᠡᠷ ᠤᠷᠤᠭᠰᠢᠯᠠᠵᠦ ᠴᠢᠲᠠᠬᠤ ᠨᠢ ᠯᠠᠪᠳᠠᠢ》

    《ᠲᠤᠰᠬᠤᠨ ᠤ ᠠᠷᠠᠳ ᠤᠨ ᠴᠢᠨᠡᠭᠡᠯᠢᠭ᠌ ᠡᠰᠡᠬᠦ ᠢᠢ ᠦᠵᠡᠬᠦ ᠳ᠋᠋ᠤ ᠵᠠᠩᠭᠢᠯᠠᠭ᠎ᠠ ᠨᠢ ᠲᠤᠰᠬᠤᠨ ᠤ ᠨᠠᠮ ᠤᠨ ᠡᠬᠦᠷ ᠤᠨ ᠱᠦᠵᠢ ᠢᠢ ᠦᠵᠡᠨ᠎ᠠ; ᠵᠤᠭᠤᠰ ᠮᠦᠨᠭᠭᠦ ᠡᠳ᠋ ᠪᠤᠲᠠᠰ ᠦᠭᠬᠦ ᠵᠢᠨ ᠤᠷᠤᠨ ᠳᠤ ᠰ᠋ᠠᠢᠢᠨ ᠨᠠᠮ ᠤᠨ ᠡᠭᠦᠷ ᠤᠨ ᠱᠦᠵᠢ ᠲᠤᠬᠢᠷᠠᠭᠤᠯᠵᠦ ᠦᠭᠬᠦ ᠢᠢ ᠬᠦᠷᠬᠦ ᠦᠭᠡᠢ》᠃

    ᠰ᠋ᠧᠴᠤᠧᠠᠠ ᠮᠤᠵᠢ ᠢᠢᠨ ᠫᠧᠩ ᠰ᠋ᠢ ᠰ᠋ᠢᠶᠠᠠ ᠤ ᠭᠦᠩ ᠱᠢ ᠲᠤᠰᠬᠤᠨ ᠤ ᠠᠷᠠᠳ ᠲᠤ ᠠᠪᠴᠤ ᠬᠡᠯᠡᠪᠡᠯ᠂ ᠵᠤᠭᠤᠰ ᠭᠠᠷᠭᠠᠠ ᠲᠤᠰᠬᠤᠨ ᠳ᠋᠋ᠠᠭᠠᠠ ᠵᠠᠮ ᠵᠠᠰᠠᠵᠦ᠂ ᠪᠦᠬᠦ ᠲᠤᠰᠬᠤᠨ ᠢᠶᠡᠨ ᠲᠠᠭᠠᠭᠤᠯᠤᠨ ᠠᠵᠦ ᠦᠢᠯᠡᠰ ᠢᠶᠡᠷ ᠴᠢᠨᠡᠭᠡᠯᠢᠭᠵᠢᠬᠦ ᠵᠠᠮ ᠢᠶᠡᠷ ᠵᠠᠮᠨᠠᠭᠰᠠᠠ ᠨᠠᠮ ᠤᠨ ᠡᠬᠦᠷ ᠤᠨ ᠱᠦᠵᠢ ᠵᠢᠶᠠᠩ ᠢ ᠵᠢᠶᠠ ᠪᠤᠯ ᠲᠠᠷᠤᠢ ᠢᠢᠮᠦ ᠨᠢᠭᠡᠨ ᠰ᠋ᠠᠢᠢᠨ ᠨᠠᠮ ᠤᠨ ᠡᠭᠦᠷ ᠤᠨ ᠱᠦᠵᠢ ᠮᠦᠨ᠃

    《ᠰ᠋ᠢᠨ᠎ᠠ ᠴᠠᠭ ᠦᠶ᠎ᠠ ᠢᠢᠨ ᠨᠠᠮ ᠤᠨ ᠪᠠᠢᠢᠭᠤᠯᠤᠯᠲᠠ ᠳ᠋᠋ᠤ ᠰ᠋ᠢᠨ᠎ᠠ ᠱᠠᠭᠠᠷᠲᠠᠯᠭ᠎ᠠ ᠲᠠᠢ ᠶᠤᠮ᠂ ᠨᠠᠮ  ᠤᠨ ᠠᠷᠪᠠ ᠶᠢᠰᠦᠲᠦᠭᠡᠷ ᠶᠡᠬᠡ ᠬᠤᠷᠠᠯ ᠤᠨ ᠢᠯᠡᠳᠭᠡᠯ ᠤᠨ ᠱᠠᠭᠠᠷᠲᠠᠯᠭ᠎ᠠ ᠶᠤᠰᠤᠭᠠᠷ ᠨᠠᠮ  ᠤᠨ ᠡᠬᠦᠷ ᠢᠶᠡᠨ ᠨᠡᠩ ᠪᠠᠳᠤ ᠴᠢᠩᠭ᠎ᠠ ᠪᠤᠯᠭᠠᠠ ᠪᠠᠢᠢᠭᠤᠯᠵᠦ᠂ ᠨᠠᠮ  ᠤᠨ ᠭᠡᠰᠢᠭᠦᠨ ᠤ ᠬᠤᠰᠢᠭᠤᠴᠢ ᠵᠢᠱᠢᠶᠡᠴᠢ ᠦᠢᠯᠡᠲᠦᠯ ᠢ ᠬᠦᠢᠴᠡᠳ ᠪᠠᠲᠠᠷᠠᠭᠤᠯᠤᠨ᠂ ᠭᠠᠵᠠᠷ ᠰ᠋ᠢᠷᠤᠢ ᠡᠴᠡ ᠬᠦᠰᠡᠯ ᠡᠷᠡᠮᠡᠯᠵᠡᠯ ᠬᠦᠪᠤᠷᠡᠬᠦᠯᠦᠨ ᠰ᠋ᠤᠷᠭᠤᠭ ᠴᠡᠴᠡᠭ ᠢ ᠲᠤᠰᠬᠤᠨ ᠪᠦᠷᠢ ᠳ᠋᠋ᠤ ᠲᠡᠯᠭᠡᠷᠡᠭᠦᠯᠵᠦ᠂ ᠨᠤᠲᠤᠭ ᠤᠨ ᠠᠬ᠎ᠠ ᠲᠡᠭᠦᠦ ᠨᠠᠷ ᠲᠠᠭᠠᠠ ᠬᠤᠲᠠ ᠢᠢᠨ ᠬᠦᠮᠦᠰ ᠲᠦ ᠪᠠᠬᠠᠷᠤᠭᠳᠠᠭᠰᠠᠨ ᠠᠮᠢᠲᠤᠷᠠᠯ ᠢ ᠡᠳ᠋ᠯᠡᠭᠦᠯᠦᠨ᠎ᠠ》 ᠬᠡᠰᠡᠨ ᠰ᠋ᠧᠴᠤᠧᠠᠠ ᠮᠤᠵᠢ ᠢᠢᠨ ᠲᠦᠯᠦᠭᠡᠯᠡᠭᠴᠢᠳ ᠤᠨ ᠪᠦᠯᠭᠦᠮ ᠤᠨ ᠬᠢᠠ ᠤ ᠵᠠᠭᠤᠴᠢᠯᠠᠭᠤᠷ ᠲᠦ ᠨᠡᠭᠡᠭᠡᠯᠲᠡ ᠬᠢᠬᠦ ᠡᠲᠦᠷ ᠲᠡᠬᠢ ᠵᠢᠶᠠᠩ ᠢ ᠵᠢᠶᠠ ᠲᠦᠯᠦᠭᠡᠯᠡᠭᠴᠢ ᠢᠢᠨ ᠶᠠᠷᠢᠬᠰᠠᠨ ᠦᠭᠡ ᠪᠤᠷᠤᠭᠵᠢᠭᠤᠨ ᠮᠦᠷᠳᠡᠭᠡᠨ ᠬᠦᠴᠤ ᠲᠠᠢ ᠪᠠᠢᠢᠯ᠎ᠠ᠃

    ᠰ᠋ᠢᠨ᠎ᠠ ᠴᠠᠬ ᠦᠶ᠎ᠠ ᠰ᠋ᠢᠨ᠎ᠠ ᠡᠭᠦᠷᠭᠡ ᠬᠠᠷᠢᠭᠤᠴᠠᠯᠭ᠎ᠠ ᠵᠢ ᠲᠤᠨᠭᠬᠠᠬᠯᠠᠵᠤ᠂ ᠰ᠋ᠢᠨ᠎ᠠ ᠡᠭᠦᠷᠭᠡ ᠬᠠᠷᠢᠭᠤᠴᠠᠯᠭ᠎ᠠ ᠳᠤ ᠰ᠋ᠢᠨ᠎ᠠ ᠡᠭᠦᠷᠭᠡᠯᠡᠯ ᠱᠠᠭᠠᠷᠳᠠᠬᠳᠠᠨ᠎ᠠ᠃ ᠠᠷᠠᠳ ᠲᠦᠮᠡᠡ ᠤ ᠰ᠋ᠠᠢᠢᠨ ᠰ᠋ᠠᠢᠢᠬᠠᠠ ᠠᠮᠢᠲᠤᠷᠠᠯ ᠤᠨ ᠲᠤᠬᠠᠢ ᠬᠦᠰᠡᠯ ᠡᠷᠡᠮᠡᠯᠵᠡᠯ ᠢ ᠪᠡᠶᠡᠯᠡᠭᠦᠯᠬᠦ ᠳ᠋᠋ᠤ ᠪᠦᠬᠦ ᠲᠠᠯ᠎ᠠ ᠪᠠᠷ ᠨᠠᠮ ᠢ ᠴᠢᠩᠭ᠎ᠠ ᠵᠠᠰᠠᠬᠤ ᠠᠵᠢᠯ ᠢ ᠬᠦᠨᠵᠡᠭᠡᠢ ᠠᠳᠬᠤᠵᠦ᠂ ᠨᠠᠮ ᠤᠨ ᠢᠮᠠᠭᠲᠠ ᠠᠷᠠᠳ ᠲᠦᠮᠡᠡ ᠯᠦᠬᠡ ᠪᠤᠳᠤᠯ ᠢᠶᠡᠨ ᠨᠢᠭᠡᠳᠭᠡᠨ ᠬᠠᠮᠳᠤ ᠠᠵᠢᠯᠯᠠᠬᠤ ᠢᠢ ᠪᠠᠲᠤᠯᠠᠬᠤ ᠭᠡᠷᠡᠭᠲᠡᠢ-

    ᠨᠠᠮ ᠤᠨ ᠠᠷᠪᠠ ᠶᠢᠰᠦᠲᠦᠭᠡᠷ ᠶᠡᠬᠡ ᠬᠤᠷᠠᠯ ᠤᠨ ᠢᠯᠡᠳᠭᠡᠯ ᠢ ᠰ᠋ᠡᠬᠦᠪᠠᠯ ᠰ᠋ᠢᠨ᠎ᠠ ᠴᠠᠭ ᠦᠶ᠎ᠠ ᠳ᠋᠋ᠤ ᠲᠤᠮᠲᠠᠲᠤ ᠤᠯᠤᠰ ᠤᠨ ᠤᠨᠴᠠᠯᠢᠭ ᠲᠠᠢ ᠨᠡᠢᠢᠭᠡᠮ ᠵᠢᠷᠤᠮ ᠢ ᠪᠠᠷᠢᠮᠳᠠᠯᠠᠨ ᠬᠦᠭᠵᠢᠭᠦᠯᠬᠦ 14 ᠵᠤᠷᠪᠤᠰ ᠦᠨᠲᠦᠰᠦᠨ ᠠᠷᠭ᠎ᠠ ᠪᠤᠲᠤᠯᠭ᠎ᠠ ᠨᠢ《 ᠨᠠᠮ ᠤᠨ ᠠᠯᠢᠪᠠ ᠠᠵᠢᠯ ᠳ᠋᠋ᠡᠬᠢ ᠤᠲᠤᠷᠢᠲᠤᠯᠭ᠎ᠠ ᠢᠢ ᠪᠠᠷᠢᠮᠲᠠᠯᠠᠬᠤ》ᠪᠠᠷ ᠡᠬᠢᠯᠡᠭᠦᠯᠵᠦ᠂《ᠪᠦᠬᠦ ᠲᠠᠯ᠎ᠠ ᠪᠠᠷ ᠨᠠᠮ ᠢ ᠴᠢᠩᠭ᠎ᠠ ᠵᠠᠰᠠᠬᠤ ᠢᠢ ᠪᠠᠷᠢᠮᠲᠠᠯᠠᠬᠤ》ᠪᠠᠷ ᠲᠠᠭᠦᠰᠭᠡᠵᠠᠢ᠃

    《ᠠᠷᠠᠳ ᠲᠦᠮᠡᠡ ᠢᠯᠵᠢᠷᠠᠠ ᠲᠤᠷᠤᠢᠢᠲᠠᠬᠤ ᠦᠵᠡᠭᠲᠡᠯ ᠢ ᠲᠦᠢᠯ ᠢᠶᠡᠷ ᠬᠤᠷᠤᠰᠤᠨ᠎ᠠ᠂ ᠢᠯᠵᠢᠷᠠᠠ ᠲᠤᠷᠤᠢᠢᠲᠠᠬᠤ ᠪᠤᠯ ᠮᠠᠠ ᠤ ᠨᠠᠮ ᠳ᠋᠋ᠤ ᠲᠤᠯᠭᠠᠷᠠᠵᠦ ᠪᠠᠢᠢᠭ᠎ᠠ ᠬᠠᠮᠤᠭ ᠤᠨ ᠶᠡᠬᠡ ᠰ᠋ᠦᠷᠲᠡᠭᠦᠯᠦᠯ ᠮᠦᠨ᠃ ᠢᠯᠡᠳᠭᠡᠯ ᠳ᠋᠋ᠡᠬᠢ ᠡᠨᠡᠬᠦ ᠨᠤᠲᠠᠯᠠᠯᠲᠠ ᠨᠢ ᠨᠠᠮ ᠤᠨ ᠢᠯᠵᠢᠷᠠᠠ ᠲᠤᠷᠤᠢᠢᠲᠠᠬᠤ ᠢᠢ ᠦᠷᠬᠦᠯᠵᠢᠯᠡᠡ ᠡᠰᠡᠷᠭᠦᠴᠡᠬᠦ ᠡᠷᠡᠰ ᠴᠢᠩᠭ᠎ᠠ ᠵᠤᠷᠢᠭ ᠢ ᠬᠠᠷᠠᠭᠤᠯᠪᠠ᠂ ᠡᠨᠡ ᠨᠢ ᠠᠷᠠᠳ ᠤᠨ ᠰ᠋ᠡᠳᠭᠢᠯ ᠢ ᠤᠯᠠᠮ ᠤᠯᠬᠤ ᠨᠢ ᠲᠠᠮᠵᠢᠭ ᠦᠭᠡᠢ》ᠭᠡᠵᠦ ᠵᠢᠶᠠᠩᠰᠢ ᠮᠤᠵᠢ ᠢᠢᠨ ᠰ᠋ᠢᠭᠤᠳ ᠬᠠᠷᠢᠶ᠎ᠠ ᠪᠠᠢᠢᠭᠤᠯᠤᠯᠭ᠎ᠠ ᠢᠢᠨ ᠠᠵᠢᠯᠯᠠᠬᠤ ᠬᠤᠷᠢᠶᠠᠠ ᠤ ᠱᠦᠵᠢ ᠫᠧᠩ ᠱᠢ ᠳ᠋ᠦᠩ ᠲᠦᠯᠦᠭᠡᠯᠡᠭᠴᠢ ᠬᠡᠯᠡᠨ᠎ᠠ᠃

    《ᠡᠨᠡ ᠲᠠᠪᠤᠨ ᠵᠢᠯ ᠤᠨ ᠨᠠᠮ ᠢ ᠴᠢᠩᠭ᠎ᠠ ᠵᠠᠰᠠᠬᠰᠠᠨ᠂ ᠢᠯᠵᠢᠷᠠᠠ ᠲᠤᠷᠤᠢᠢᠲᠠᠬᠤ ᠢᠢ ᠡᠰᠡᠷᠭᠦᠴᠡᠨ ᠠᠷᠢᠭᠤᠨ ᠴᠢᠭᠡᠴᠢ ᠢᠢ ᠡᠷᠬᠢᠮᠯᠡᠭᠰᠡᠨ ᠠᠵᠢᠯ ᠤᠨ ᠡᠷᠴᠢᠮ ᠪᠤᠯᠤᠨ ᠦᠷ᠎ᠠ ᠪᠦᠲᠦᠮᠵᠢ ᠢᠢᠨ ᠠᠷᠠᠳ ᠲᠦᠮᠡᠡ ᠤ ᠰ᠋ᠡᠳᠭᠢᠯ ᠳ᠋᠋ᠤ ᠲᠠᠮᠠᠭᠠᠯᠠᠭᠰᠠᠨ ᠦᠢᠯᠡᠲᠦᠯ ᠢ 〈ᠲᠡᠭᠷᠢ ᠭᠠᠵᠠᠷ ᠢ ᠲᠤᠨᠭᠰᠤᠯᠭᠠᠮ᠎ᠠ 〉ᠬᠡᠮᠡᠨ ᠲᠦᠷᠰᠦᠯᠡᠵᠦ ᠪᠤᠯᠤᠨ᠎ᠠ》ᠭᠡᠵᠦ ᠡᠯ ᠶᠤᠧᠠᠢ ᠡᡁᠧ ᠭᠡᠭᠴᠢ ᠪᠢᠷ ᠤᠨ ᠨᠡᠷ᠎ᠠ ᠲᠠᠢ ᠲᠡᠤᠬᠡ ᠢᠢᠨ ᠦᠭᠦᠯᠡᠯᠭᠡ ᠵᠢᠨ ᠵᠤᠬᠢᠶᠠᠭᠴᠢ ᠯᠢᠩ ᠵᠢᠶᠧ ᠹᠠᠩ ᠲᠦᠯᠦᠭᠡᠯᠡᠭᠴᠢ ᠬᠡᠯᠡᠪᠡ᠃

    ᠠᠷᠠᠳ ᠲᠦᠮᠡᠨ ᠢᠶᠡᠷ ᠡᠷᠬᠡ ᠳᠤ ᠬᠢᠨᠠᠯᠳᠠ ᠲᠠᠯᠪᠢᠭᠤᠯᠵᠤ᠂ ᠡᠷᠬᠡ ᠢᠢ ᠢᠯᠡ ᠲᠤᠳᠤ ᠪᠠᠢᠢᠯᠭᠠᠨ᠎ᠠ᠃

    ᠪᠦᠬᠦ ᠲᠠᠯ᠎ᠠ ᠳᠤ ᠬᠤᠯᠪᠤᠬᠳᠠᠬᠤ ᠴᠢᠬᠤᠯᠠ ᠶᠡᠬᠡ ᠤᠯᠤᠰ ᠲᠦᠷᠤ ᠢᠢᠨ ᠪᠠᠢᠢᠭᠤᠯᠤᠮᠵᠢ ᠶᠢᠨ ᠦᠬᠡᠷᠡᠴᠢᠯᠠᠯᠳᠠ - ᠤᠯᠤᠰ ᠦᠨ ᠬᠢᠨᠠᠨ ᠪᠠᠢᠢᠴᠠᠭᠠᠬᠤ ᠪᠠᠢᠢᠭᠤᠯᠤᠮᠵᠢ ᠢᠢᠨ ᠦᠬᠡᠷᠡᠴᠢᠯᠠᠯᠳᠠ ᠵᠢ ᠪᠡᠬᠡᠵᠢᠩ᠂ ᠱᠠᠨ ᠰ᠋ᠢ᠂ ᠵᠧᠵᠢᠶᠠᠩ ᠳᠤ ᠲᠤᠷᠰᠢᠯᠳᠠ ᠬᠢᠵᠤ ᠡᠬᠢᠯᠡᠵᠠᠢ᠃

    ᠦᠬᠡᠷᠡᠴᠢᠯᠠᠯᠳᠠ ᠢᠢᠨ ᠬᠦᠨᠵᠡᠬᠡᠢᠢᠷᠡᠬᠦ ᠢᠢ ᠲᠠᠭᠠᠯᠳᠤᠨ ᠲᠤᠷᠰᠢᠯᠳᠠ ᠢᠢᠨ ᠠᠵᠢᠯ ᠪᠦᠬᠦ ᠤᠯᠤᠰ ᠲᠤ ᠦᠷᠨᠢᠬᠦ ᠪᠤᠯᠤᠨ᠎ᠠ᠃ ᠱᠠᠨ ᠰ᠋ᠢ ᠮᠤᠵᠢ ᠢᠢᠨ ᠨᠠᠮ ᠦᠨ ᠬᠤᠷᠢᠶᠠᠨ ᠦ ᠱᠦᠵᠢ᠂ ᠮᠤᠵᠢ ᠢᠢᠨ ᠰ᠋ᠠᠬᠢᠯᠭ᠎ᠠ ᠪᠠᠳᠤ ᠪᠠᠢᠢᠴᠠᠭᠠᠬᠤ ᠬᠤᠷᠢᠶᠠᠨ ᠦ ᠱᠦᠵᠢ ᠷᠧᠨ ᠵᠢᠶᠠᠨ ᠬᠤᠧᠠ ᠲᠦᠯᠤᠬᠡᠯᠡᠭᠴᠢ᠄《ᠦᠬᠡᠷᠡᠴᠢᠯᠠᠯᠳᠠ ᠢᠢᠨ ᠲᠤᠷᠰᠢᠯᠳᠠ ᠪᠡᠷ ᠲᠠᠮᠵᠢᠨ ᠨᠠᠮ ᠦᠨ ᠢᠯᠵᠢᠷᠠᠯ ᠢ ᠡᠰᠡᠷᠬᠦᠴᠡᠬᠦ ᠠᠵᠢᠯ ᠦᠨ ᠨᠢᠬᠡᠳᠤᠯᠳᠠᠢ ᠤᠳᠤᠷᠢᠳᠤᠯᠭ᠎ᠠ ᠢᠢ ᠶᠡᠭᠡᠪᠡᠷ ᠴᠢᠩᠭᠠᠳᠬᠠᠵᠤ᠂ ᠲᠦᠪᠯᠡᠷᠡᠩᠬᠦᠢ ᠨᠢᠬᠡᠳᠤᠯᠳᠠᠢ᠂ ᠡᠷᠬᠡ ᠰ᠋ᠦᠢᠷᠳᠤ ᠦᠨᠳᠤᠷ ᠦᠷ᠎ᠠ ᠠᠰᠢᠬᠳᠠᠢ ᠬᠢᠨᠠᠨ ᠪᠠᠢᠢᠴᠠᠭᠠᠬᠤ ᠪᠠᠢᠢᠭᠤᠯᠤᠮᠵᠢ ᠢᠢ ᠦᠨᠳᠤᠰᠤᠨ ᠳᠡᠭᠡᠨ ᠪᠠᠢᠢᠭᠤᠯᠪᠠ; ᠬᠢᠨᠠᠨ ᠪᠠᠢᠢᠴᠠᠭᠠᠬᠤ ᠡᠷᠬᠡ ᠢᠢᠨ ᠪᠦᠳᠤᠮᠵᠢᠳᠠᠢ ᠡᠷᠬᠢᠯᠳᠡ ᠵᠢᠨ ᠲᠤᠭᠳᠠᠴᠠ ᠢᠢ ᠠᠩᠬ᠎ᠠ ᠠᠯᠬᠤᠮ ᠪᠦᠷᠢᠯᠳᠤᠬᠦᠯᠪᠠ; ᠨᠡᠢᠢᠳᠠ ᠢᠢᠨ ᠡᠷᠬᠡ ᠢᠢ ᠭᠡᠷᠡᠭᠵᠢᠬᠦᠯᠵᠤ ᠪᠠᠢᠢᠭ᠎ᠠ ᠠᠯᠪᠠᠨ ᠠᠵᠢᠯᠳᠠᠨ ᠦ ᠬᠢᠨᠠᠨ ᠪᠠᠢᠢᠴᠠᠭᠠᠯᠳᠠ ᠢᠢᠨ ᠪᠦᠷᠬᠦᠯᠳᠡ ᠢᠢ ᠦᠨᠳᠤᠰᠤᠨ ᠳᠡᠬᠡᠨ ᠪᠡᠶᠡᠯᠡᠬᠦᠯᠦᠭᠰᠡᠨ ᠪᠠᠢᠢᠨ᠎ᠠ》ᠬᠡᠪᠡ᠃

    ᠠᠷᠠᠳ ᠲᠦᠮᠡᠨ ᠦ ᠰ᠋ᠠᠢᠢᠨ ᠰ᠋ᠠᠢᠢᠬᠠᠨ ᠠᠮᠢᠳᠤᠷᠠᠯ ᠤᠨ ᠬᠦᠰᠡᠯ ᠡᠷᠡᠮᠡᠯᠵᠡᠯ ᠢ ᠪᠡᠶᠡᠯᠡᠬᠦᠯᠬᠦ ᠳᠤ ᠰ᠋ᠢᠨ᠎ᠠ ᠴᠠᠬ ᠦᠶ᠎ᠠ ᠢᠢᠨ ᠰ᠋ᠢᠨ᠎ᠠ ᠤᠨᠴᠠᠯᠢᠬ ᠪᠤᠯᠤᠨ ᠠᠷᠠᠳ ᠲᠦᠮᠡᠨ ᠦ ᠰ᠋ᠢᠨ᠎ᠠ ᠭᠡᠷᠡᠭᠴᠡᠬᠡ ᠳᠤ ᠨᠡᠢᠢᠴᠡᠭᠦᠯᠦᠨ ᠰ᠋ᠢᠨ᠎ᠠ ᠢᠢ ᠡᠬᠦᠳᠴᠤ ᠪᠤᠳᠠᠳᠠᠢ ᠬᠢᠬᠦ ᠪᠡᠷ ᠲᠠᠮᠵᠢᠨ ᠰ᠋ᠢᠨ᠎ᠠ ᠪᠠᠢᠢᠳᠠᠯ ᠢ ᠡᠬᠦᠳᠬᠦ ᠭᠡᠷᠡᠭᠳᠠᠢ-

    《ᠨᠡᠢᠢᠬᠡᠮ ᠦᠨ ᠭᠤᠤᠯ ᠵᠦᠷᠢᠴᠡᠯ ᠦᠨ ᠬᠤᠪᠢᠷᠠᠯᠳᠠ ᠨᠢ ᠮᠠᠨ ᠦ ᠠᠵᠢᠯ ᠳᠤ ᠰ᠋ᠢᠨ᠎ᠠ ᠱᠠᠭᠠᠷᠳᠠᠯᠭ᠎ᠠ ᠲᠠᠯᠪᠢᠬᠰᠠᠨ ᠪᠠᠢᠢᠨ᠎ᠠ᠃ ᠵᠢᠶᠠᠨ ᠱᠠᠨ ᠳᠤ ᠠᠪᠴᠤ ᠬᠡᠯᠡᠪᠡᠯ᠂ ᠪᠢᠳᠠ ᠰ᠋ᠠᠨᠠᠭᠠᠴᠢᠯᠠᠭ᠎ᠠ ᠲᠠᠢ ᠪᠡᠷ ᠡᠨᠡᠬᠦ ᠰ᠋ᠢᠨᠵᠢᠯᠡᠬᠦ ᠤᠬᠠᠭᠠᠨᠴᠢ ᠮᠠᠭᠠᠳᠯᠠᠯᠳᠠ ᠲᠠᠢ ᠬᠠᠷᠢᠴᠠᠭᠤᠯᠵᠤ ᠪᠠᠢᠢᠭᠠᠳ ᠬᠦᠭᠵᠢᠯᠳᠠ ᠢᠢᠨ ᠪᠠᠷᠢᠮᠵᠢᠶ᠎ᠠ ᠪᠠᠨ ᠲᠡᠭᠡᠭᠰᠢᠯᠡᠬᠦᠯᠵᠤ᠂ ᠬᠦᠭᠵᠢᠯᠳᠠ ᠢᠢᠨ ᠶᠠᠰᠤ ᠴᠢᠨᠠᠷ ᠪᠤᠯᠤᠨ ᠦᠷ᠎ᠠ ᠠᠰᠢᠬ ᠢᠶᠡᠨ ᠲᠡᠭᠡᠭᠰᠢᠯᠡᠬᠦᠯᠵᠤ᠂ ᠠᠷᠠᠳ ᠤᠯᠠᠨ ᠦ ᠠᠵᠤ ᠠᠬᠤᠢ᠂ ᠰ᠋ᠤᠶᠤᠯ᠂ ᠠᠮᠢ ᠠᠬᠤᠢ ᠵᠡᠷᠬᠡ ᠲᠠᠯ᠎ᠠ ᠪᠡᠷ ᠬᠢ ᠭᠡᠷᠡᠭᠴᠡᠬᠡ ᠢᠢ ᠨᠡᠩ ᠰ᠋ᠠᠢᠢᠨ ᠬᠠᠩᠭᠠᠵᠤ᠂ ᠬᠦᠮᠤᠨ ᠦ ᠪᠦᠬᠦ ᠲᠠᠯ᠎ᠠ ᠢᠢᠨ ᠬᠦᠭᠵᠢᠯᠳᠠ ᠢᠢ ᠠᠬᠢᠭᠤᠯᠬᠤ ᠴᠢᠬᠤᠯᠠᠳᠠᠢ ᠶᠤᠮ》ᠬᠡᠵᠤ ᠵᠧᠵᠢᠶᠠᠩ ᠤᠨ ᠵᠢᠶᠠᠠ ᠱᠠᠨ ᠰ᠋ᠢᠶᠠᠨ ᠦ ᠨᠠᠮ ᠦᠨ ᠬᠤᠷᠢᠶᠠᠨ ᠦ ᠱᠦᠵᠢ ᠰ᠋ᠢᠤᠢ ᠴᠢᠩ ᠲᠦᠯᠤᠬᠡᠯᠡᠭᠴᠢ ᠬᠡᠯᠡᠪᠡ᠃

    ᠡᡁᠧᠪᠧᠢ ᠢᠢᠨ ᠰ᠋ᠢᠶᠦ᠋ᠩ ᠠᠨ ᠰ᠋ᠢᠨ᠎ᠠ ᠲᠤᠭᠤᠷᠢᠬ ᠲᠤ ᠠᠷᠠᠳ ᠦᠨ ᠰ᠋ᠠᠨᠠᠭ᠎ᠠ ᠢᠢ ᠤᠢᠢᠯᠠᠭᠠᠬᠤ᠂ ᠤᠯᠠᠨ ᠲᠦᠮᠡᠨ ᠦ ᠪᠤᠳᠠᠳᠤ ᠬᠦᠴᠢᠷᠳᠡᠯ ᠢ ᠰ᠋ᠢᠢᠳᠪᠤᠷᠢᠯᠡᠬᠦ ᠢᠢᠨ ᠲᠦᠯᠤᠬᠡ ᠲᠤᠰᠬᠤᠨ ᠳᠤ ᠰ᠋ᠠᠭᠤᠭ᠎ᠠ ᠠᠵᠢᠯᠯᠠᠬᠤ ᠲᠤᠭᠤᠢᠢᠯᠠᠩ ᠨᠢ ᠰ᠋ᠢᠶᠦ᠋ᠩ ᠠᠨ ᠦ ᠭᠤᠷᠪᠠᠨ ᠰ᠋ᠢᠶᠠᠨ ᠦ ᠲᠤᠰᠬᠤᠨ ᠪᠦᠷᠢ ᠳᠤ ᠰ᠋ᠠᠭᠤᠵᠤ᠂ ᠮᠢᠩᠭ᠎ᠠ ᠭᠠᠷᠤᠢ ᠨᠠᠮ ᠦᠨ ᠬᠡᠰᠢᠬᠦᠨ ᠺᠠᠳ᠋ᠷ ᠲᠤᠰᠬᠤᠨ ᠦ ᠠᠷᠠᠳ ᠳᠠᠢ ᠬᠠᠮᠳᠤ ᠵᠢᠨ ᠠᠮᠢᠳᠤᠷᠠᠯ ᠢ ᠦᠩᠭᠡᠷᠡᠭᠦᠯᠪᠡ᠃

    ᠰ᠋ᠢᠶᠦ᠋ᠩ ᠠᠨ ᠰ᠋ᠢᠨ᠎ᠠ ᠲᠤᠭᠤᠷᠢᠬ ᠦᠨ ᠨᠠᠮ ᠦᠨ ᠠᠵᠢᠯᠯᠠᠬᠤ ᠬᠤᠷᠢᠶᠠᠨ ᠦ ᠱᠦᠵᠢ ᠴᠧᠨ ᠭᠠᠩ ᠲᠦᠯᠤᠬᠡᠯᠡᠭᠴᠢ᠂ ᠤᠯᠠᠨ ᠲᠦᠮᠡᠨ ᠦ ᠬᠦᠰᠡᠯ ᠡᠷᠡᠮᠡᠯᠵᠡᠯ ᠢᠶᠡᠷ ᠠᠷᠠᠳ ᠲᠦᠮᠡᠨ ᠳᠤ ᠬᠠᠷᠢᠭᠤᠴᠠᠵᠤ᠂ ᠪᠦᠬᠦ ᠪᠦᠮᠪᠦᠷᠴᠡᠭ ᠦᠨ ᠤᠶᠤᠨ ᠤᠬᠠᠭᠠᠨ ᠢ ᠲᠦᠪᠯᠡᠷᠡᠬᠦᠯᠤᠨ ᠦᠯᠢᠬᠡᠷ ᠵᠢᠱᠢᠶ᠎ᠠ ᠪᠤᠯᠬᠤ ᠬᠤᠳᠠ ᠢᠢ ᠪᠦᠳᠦᠬᠡᠨ ᠪᠠᠢᠢᠭᠤᠯᠵᠤ᠂ 《ᠮᠢᠩᠭᠠᠨ ᠤᠨ ᠦ ᠠᠤᠭ᠎ᠠ ᠪᠤᠳᠤᠯᠭ᠎ᠠ᠂ ᠤᠯᠤᠰ ᠬᠦᠷᠤᠨ ᠦ ᠶᠡᠬᠡ ᠶᠠᠪᠤᠳᠠᠯ》 ᠤ᠋ᠨ ᠲᠡᠤᠬᠡ ᠢᠢᠨ ᠬᠦᠨᠳᠤ ᠨᠠᠢᠢᠳᠠᠯᠭ᠎ᠠ ᠢᠢ ᠬᠦᠰᠡᠷᠳᠡᠬᠦᠯᠬᠦ ᠦᠬᠡᠢ ᠬᠡᠵᠤ ᠬᠡᠯᠡᠪᠡ᠃

    ᠠᠷᠠᠳ ᠲᠦᠮᠡᠨ ᠦ ᠰ᠋ᠠᠢᠢᠨ ᠰ᠋ᠠᠢᠢᠬᠠᠨ ᠠᠮᠢᠳᠤᠷᠠᠯ ᠤᠨ ᠬᠦᠰᠡᠯ ᠡᠷᠡᠮᠡᠯᠵᠡᠯ ᠢ ᠪᠡᠶᠡᠯᠡᠬᠦᠯᠬᠦ ᠳᠤ ᠠᠷᠠᠳ ᠲᠦᠮᠡᠨ ᠳᠤ ᠲᠦᠰᠢᠭᠯᠠᠵᠤ᠂ ᠬᠠᠮᠤᠬ ᠦᠨ ᠦᠷᠬᠡᠨ ᠤᠯᠠᠨ ᠠᠷᠠᠳ ᠲᠦᠮᠡᠨ ᠦ ᠢᠳᠡᠪᠬᠢᠵᠢᠯ ᠪᠤᠯᠤᠨ ᠡᠬᠦᠳᠤᠨ ᠪᠦᠳᠤᠬᠡᠬᠦ ᠴᠢᠳᠠᠪᠤᠷᠢ ᠢᠢ ᠬᠦᠭᠵᠢᠬᠡᠵᠤ᠂ ᠠᠤᠭ᠎ᠠ ᠬᠦᠴᠤᠨ ᠢ ᠨᠢᠬᠳᠠᠷᠠᠭᠤᠯᠬᠤ ᠭᠡᠷᠡᠭᠳᠠᠢ -

    ᠤᠯᠠᠨ ᠵᠢᠯ ᠦᠨ ᠡᠮᠤᠨ᠎ᠠ᠂ ᠨᠢᠩᠰᠢᠶᠠ ᠢᠢᠨ ᠦ᠋ ᠵᠦᠩ ᠬᠤᠳᠠ ᠢᠢᠨ ᠶᠠᠨ ᡂᠢ ᠰ᠋ᠢᠶᠠᠨ ᠦ ᠽᠧᠩ ᠵᠢᠢ ᠫᠠᠨ ᠲᠤᠰᠬᠤᠨ ᠳᠤ ᠡᠬᠡᠯ ᠠᠷᠠᠳ ᠰ᠋ᠢᠬᠢᠷ ᠡᠪᠡᠰᠤ ᠮᠠᠯᠳᠠᠬᠤ ᠳᠤ ᠲᠦᠰᠢᠭᠯᠠᠨ ᠠᠮᠢᠳᠤᠷᠠᠵᠤ᠂ ᠬᠤᠯᠠ ᠤᠢᠢᠷ᠎ᠠ ᠳᠠᠭᠠᠨ ᠨᠡᠷᠡᠳᠠᠢ ᠶᠠᠳᠠᠭᠤ ᠲᠤᠰᠬᠤᠨ ᠪᠠᠢᠢᠪᠠ᠃ ᠡᠳᠤᠬᠡ ᠲᠤᠰᠬᠤᠨ ᠳᠤ 2 ᠲᠦᠮᠡᠨ ᠮᠤ ᠡᠯᠳᠡᠪ ᠠᠮᠤ ᠲᠠᠷᠢᠵᠤ 1.3 ᠲᠦᠮᠡᠨ ᠬᠤᠨᠢ ᠮᠠᠯᠵᠢᠵᠤ ᠪᠤᠢ᠃ ᠨᠠᠮ ᠤᠨ ᠠᠷᠪᠠ ᠶᠢᠰᠦᠳᠦᠬᠡᠷ ᠶᠡᠬᠡ ᠬᠤᠷᠠᠯ ᠤᠨ ᠲᠦᠯᠦᠬᠡᠯᠡᠭᠴᠢ᠂ ᠲᠤᠰᠬᠤᠨ ᠦ ᠨᠠᠮ ᠦᠨ ᠡᠬᠦᠷ ᠦᠨ ᠱᠦᠵᠢ ᠵᠦ ᠢᠤᠢ ᠬᠦᠧᠧ 6 ᠪᠠᠢᠢᠭᠠᠯᠢ ᠵᠢᠨ ᠲᠤᠰᠬᠤᠨ ᠦ ᠠᠷᠠᠳ ᠢ ᠲᠠᠭᠠᠭᠤᠯᠤᠨ ᠬᠠᠨᠴᠤᠢ ᠰ᠋ᠢᠮᠠᠯᠠᠨ ᠬᠠᠮᠳᠤᠪᠡᠷ ᠠᠵᠢᠯᠯᠠᠵᠤ᠂ ᠤᠨᠴᠠᠯᠢᠬᠳᠤ ᠠᠵᠤ ᠤᠢᠢᠯᠡᠰ ᠢ ᠬᠦᠭᠵᠢᠬᠦᠯᠬᠦ ᠵᠢᠨ ᠬᠠᠮᠳᠤ ᠬᠠᠷᠢᠯᠴᠠᠨ ᠬᠠᠪᠰᠤᠷᠤᠯᠴᠠᠬᠤ ᠨᠠᠰᠤᠳᠠᠨ ᠢ ᠠᠰᠠᠷᠠᠬᠤ ᠬᠦᠷᠢᠶᠠᠯᠠᠩ ᠢ ᠪᠠᠢᠢᠭᠤᠯᠪᠠ᠃

    ᠭᠠᠳᠠᠭᠠᠳᠤ ᠠᠵᠤ ᠠᠬᠤᠢᠢᠯᠠᠯ ᠦᠨ ᠠᠵᠢᠯᠴᠢᠨ ᠦ ᠬᠤᠪᠢ ᠪᠡᠷ ᠨᠠᠮ ᠦᠨ ᠠᠷᠪᠠ ᠶᠢᠰᠤᠳᠤᠭᠡᠷ ᠶᠡᠬᠡ ᠬᠤᠷᠠᠯ ᠦᠨ ᠲᠦᠯᠤᠬᠡᠯᠡᠭᠴᠢ ᠪᠡᠷ ᠰ᠋ᠤᠩᠭᠤᠬᠳᠠᠬᠰᠠᠨ ᠨᠢ ᠰ᠋ᠠᠨ ᠰ᠋ᠢᠩ ᠡᠯᠧᠺᠲ᠋ᠷᠤᠨ(ᠰᠦᠵᠧᠤ)ᠬᠠᠭᠠᠰ ᠲᠠᠮᠵᠢᠭᠤᠯᠤᠬᠴᠢ ᠢᠢᠨ ᠬᠢᠵᠠᠭᠠᠷᠳᠤ ᠺᠤᠮᠫᠠᠨᠢ ᠵᠢᠨ ᠨᠠᠮ ᠦᠨ ᠬᠤᠷᠢᠶᠠᠨ ᠦ ᠱᠦᠵᠢ ᠯᠢ ᠴᠧᠩ ᠴᠦᠨ ᠲᠦᠯᠤᠬᠡᠯᠡᠭᠴᠢ ᠵᠢᠨ ᠰ᠋ᠠᠨᠠᠭᠠᠨ ᠳ᠋᠋ᠤ ᠦᠬᠡᠢ ᠶᠠᠪᠤᠳᠠᠯ ᠪᠤᠯᠬᠤ ᠶᠤᠮ᠃

    《ᠢᠯᠡᠳᠬᠡᠯ ᠳᠤ ᠲᠡᠯᠡᠬᠡᠢ  ᠳᠠᠬᠢᠨ ᠦ ᠰ᠋ᠤᠳᠤᠨ ᠴᠢᠳᠠᠪᠤᠷᠢᠳᠠᠨ ᠢ ᠴᠤᠬᠯᠠᠷᠠᠭᠤᠯᠤᠨ ᠭᠡᠷᠡᠭᠯᠡᠬᠦ ᠬᠡᠰᠡᠨᠴᠢᠯᠡᠨ᠂ ᠪᠢᠳᠠ ᠬᠡᠳᠤᠢᠢᠪᠡᠷ ᠭᠠᠳᠠᠭᠠᠳᠤ ᠠᠵᠤ ᠠᠬᠤᠢᠢᠯᠠᠯ ᠳᠤ ᠪᠠᠢᠢᠬᠤ ᠪᠤᠯᠪᠠᠴᠤ ᠡᠬᠡᠬᠡ ᠠᠳᠠᠯᠢ ᠪᠡᠷ ᠨᠡᠢᠢᠬᠡᠮ ᠵᠢᠷᠤᠮ ᠦᠨ ᠤᠳᠤᠬᠢᠴᠢᠯᠠᠯᠳᠠ ᠵᠢᠨ ᠪᠦᠳᠤᠬᠡᠨ ᠪᠠᠢᠢᠭᠤᠯᠤᠯᠳᠠ ᠪᠤᠯᠤᠨ ᠳᠤᠮᠳᠠᠳᠤ ᠶᠢᠨ ᠵᠡᠬᠦᠳᠦ ᠶᠢ ᠲᠡᠷᠬᠡᠯᠰᠢᠬᠦᠯᠬᠦ ᠳᠤ ᠬᠤᠪᠢ ᠨᠡᠮᠡᠷᠢ ᠪᠠᠨ ᠦᠵᠡᠬᠦᠯᠬᠦ ᠴᠢᠬᠤᠯᠠᠳᠠᠢ᠂ ᠪᠢᠳᠠ ᠠᠭᠤᠤ ᠶᠡᠬᠡ ᠴᠠᠬ ᠦᠶ᠎ᠠ ᠳᠤ ᠵᠠᠶᠠᠭᠠᠭᠰᠠᠨ ᠶᠤᠮ》ᠬᠡᠵᠤ ᠯᠢ ᠴᠧᠨ ᠴᠦᠨ ᠬᠡᠯᠡᠨ᠎ᠠ᠃

    ᠠᠷᠠᠳ ᠲᠦᠮᠡᠨ ᠪᠤᠯ ᠲᠡᠤᠬᠡ ᠢᠢᠨ ᠡᠬᠦᠳᠤᠨ ᠪᠦᠳᠤᠭᠡᠭᠴᠢ᠂ ᠠᠷᠠᠳ ᠲᠦᠮᠡᠨ ᠪᠤᠯ ᠠᠵᠤ ᠤᠢᠢᠯᠡᠰ ᠦᠨ ᠭᠤᠤᠯ ᠬᠦᠴᠤᠨ ᠴᠡᠷᠢᠭ ᠮᠦᠨ᠃

    《ᠴᠢᠳᠠᠪᠤᠷᠢᠳᠠᠨ ᠢ ᠬᠠᠢᠢᠷᠠᠯᠠᠬᠤ ᠦᠨᠡᠨᠴᠢ ᠰ᠋ᠡᠳᠬᠢᠯ ᠳᠠᠢ᠂ ᠴᠢᠳᠠᠪᠤᠷᠢᠳᠠᠨ ᠢ ᠴᠤᠬᠯᠠᠷᠠᠭᠤᠯᠬᠤ ᠰ᠋ᠤᠳᠤᠨ ᠠᠷᠭ᠎ᠠ ᠳᠠᠢ ᠡᠪ ᠬᠠᠮᠳᠤ ᠨᠠᠮ 13 ᠳ᠋ᠦᠩᠰᠢᠭᠤᠷ ᠭᠠᠷᠤᠢ ᠠᠷᠠᠳ ᠲᠦᠮᠡᠨ ᠢ ᠲᠠᠭᠠᠭᠤᠯᠤᠨ ᠳᠤᠮᠳᠠᠳᠤ ᠢᠢᠨ ᠵᠡᠬᠦᠳᠤ ᠢᠢ ᠲᠡᠷᠬᠡᠯᠰᠢᠬᠦᠯᠵᠤ ᠴᠢᠳᠠᠬᠤ ᠢᠢ ᠪᠢ ᠪᠠᠳᠤ ᠢᠳᠡᠬᠡᠵᠤ ᠪᠠᠢᠢᠨ᠎ᠠ》ᠬᠡᠵᠤ ᠳᠤᠮᠳᠠᠳᠤ ᠤᠯᠤᠰ ᠦᠨ ᠰ᠋ᠢᠨᠵᠢᠯᠡᠬᠦ ᠤᠬᠠᠭᠠᠨ ᠦ ᠬᠦᠷᠢᠶᠠᠯᠠᠩ ᠦᠨ《ᠵᠠᠭᠤᠨ ᠬᠦᠮᠤᠨ ᠦ ᠲᠦᠯᠤᠪᠯᠡᠬᠡ》 ᠳᠤ ᠰ᠋ᠤᠩᠭᠤᠬᠳᠠᠬᠰᠠᠨ ᠳᠤᠮᠳᠠᠳᠤ ᠤᠯᠤᠰ ᠦᠨ ᠰ᠋ᠢᠨᠵᠢᠯᠡᠬᠦ ᠤᠬᠠᠭᠠᠨ ᠦ ᠬᠦᠷᠢᠶᠠᠯᠠᠩ ᠦᠨ ᠤᠳᠤᠮᠯᠠᠯ ᠤᠨ ᠪᠤᠢᠢᠵᠢᠯᠳᠠ ᠢᠢᠨ ᠰ᠋ᠤᠳᠤᠯᠭᠠᠨ ᠤ ᠭᠠᠵᠠᠷ ᠦᠨ ᠰ᠋ᠤᠳᠤᠯᠤᠬᠴᠢ ᠸᠠᠩ ᠰ᠋ᠢᠦ ᠵᠢᠶᠧ ᠲᠦᠯᠤᠬᠡᠯᠡᠭᠴᠢ ᠬᠡᠯᠡᠨ᠎ᠠ᠃

    ᠠᠷᠠᠳ ᠢᠶᠡᠨ ᠲᠡᠬᠡᠳᠤᠯᠡᠬᠦ ᠰ᠋ᠡᠳᠬᠢᠯᠬᠡ᠂ ᠢᠮᠠᠬᠳᠠ ᠬᠤᠪᠢᠷᠠᠰᠢ ᠦᠬᠡᠢ ᠲᠡᠮᠡᠴᠡᠯ᠃

    ᠰ᠋ᠢ ᠵᠢᠨ ᠫᠢᠩ ᠦᠨ ᠰ᠋ᠢᠨ᠎ᠠ ᠴᠠᠬ ᠦᠶ᠎ᠠ ᠢᠢᠨ ᠳᠤᠮᠳᠠᠳᠤ ᠤᠯᠤᠰ ᠦᠨ ᠤᠨᠴᠠᠯᠢᠬ ᠳᠠᠢ ᠨᠡᠢᠢᠬᠡᠮ ᠵᠢᠷᠤᠮ ᠦᠨ ᠦᠵᠡᠯ ᠰ᠋ᠠᠨᠠᠭᠠᠨ ᠦ ᠵᠢᠯᠤᠭᠤᠳᠤᠯᠭ᠎ᠠ ᠲᠤᠤᠷ᠎ᠠ 13 ᠳ᠋᠋ᠦᠩᠰᠢᠭᠤᠷ ᠭᠠᠷᠤᠢ ᠳᠤᠮᠳᠠᠳᠤ ᠤᠯᠤᠰ ᠦᠨ ᠠᠷᠠᠳ ᠲᠦᠮᠡᠨ ᠦ ᠠᠤᠭ᠎ᠠ ᠬᠦᠴᠤᠨ ᠢ ᠨᠢᠬᠳᠠᠷᠠᠭᠤᠯᠵᠤ᠂ ᠮᠠᠨ ᠦ ᠨᠠᠮ ᠠᠷᠠᠳ ᠲᠦᠮᠡᠨ ᠦ ᠬᠦᠨᠳᠤ ᠨᠠᠢᠢᠳᠠᠯᠭ᠎ᠠ ᠢᠢ ᠦᠯᠦ ᠬᠦᠰᠡᠷᠳᠡᠭᠦᠯᠦᠨ ᠲᠡᠤᠬᠡ ᠢᠢᠨ ᠰ᠋ᠤᠩᠭᠤᠯᠳᠠ ᠳᠤ ᠦᠯᠦ ᠤᠰᠤᠯᠳᠠᠵᠤ᠂ ᠠᠷᠠᠳ ᠲᠦᠮᠡᠨ ᠢᠶᠡᠨ ᠲᠠᠭᠠᠭᠤᠯᠤᠨ ᠨᠡᠩ ᠰ᠋ᠠᠢᠢᠨ ᠰ᠋ᠠᠢᠢᠬᠠᠨ ᠠᠮᠢᠳᠤᠷᠠᠯ ᠢ ᠴᠤᠬᠴᠠᠯᠠᠨ ᠪᠠᠢᠢᠭᠤᠯᠵᠤ᠂ ᠳᠤᠮᠳᠠᠳᠤ ᠢᠢᠨ ᠦᠨᠳᠤᠰᠤᠳᠠᠨ ᠦ ᠠᠭᠤᠤ ᠶᠡᠬᠡ ᠰ᠋ᠡᠷᠬᠦᠨ ᠮᠠᠨᠳᠤᠯᠳᠠ ᠢᠢᠨ ᠬᠦᠰᠡᠯ ᠵᠡᠭᠦᠳᠦ ᠪᠡᠨ ᠲᠡᠷᠬᠡᠯᠰᠢᠬᠦᠯᠬᠦ ᠨᠢ ᠯᠠᠪᠳᠠᠢ᠃ (ᠰᠢᠨᠬᠤᠧᠠ ᠬᠤᠷᠢᠶᠠᠨ ᠤ ᠰᠤᠷᠪᠤᠯᠵᠢᠯᠠᠭᠴᠢ ᠴᠧᠨ ᠰᠢᠶᠤᠤ ᠬᠤ᠂ ᠸᠠᠩ ᠮᠢᠨ᠂ ᠰᠢᠶᠦ᠋ᠩ ᠵᠧᠩ ᠶᠠᠨ᠂ ᠬᠤᠧᠠᠩ ᠰᠢᠶᠤᠤ ᠰᠢ᠂ ᠺᠠᠩ ᠮᠢᠶᠤᠤ)

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠪᠣᠯᠣᠷᠴᠡᠴᠡᠭ᠌

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701121844954