ᠰᠢ ᠵᠢᠨ ᠫᠢᠩ᠄ ᠡᠳ᠋ ᠤᠨ ᠵᠠᠰᠠᠭ ᠤᠨ ᠰᠢᠨ᠎ᠡ ᠶᠢ ᠡᠬᠦᠳᠬᠦ ᠬᠦᠴᠦᠨ ᠪᠤᠯᠤᠨ ᠦᠷᠢᠰᠦᠯᠳᠦᠬᠦ ᠬᠦᠴᠦᠨ ᠢᠶᠡᠨ ᠳᠠᠰᠤᠷᠠᠯᠳᠠ ᠦᠬᠡᠢ ᠨᠡᠮᠡᠭᠳᠡᠬᠦᠯᠬᠦ ᠬᠡᠷᠡᠭᠳᠡᠢ 2017-10-31 11:26

    ᠰᠢᠨᠬᠤᠧᠠ ᠬᠤᠷᠢᠶ᠎ᠠ   ᠪᠡᠭᠡᠵᠢᠩ ᠤᠨ 10 ᠰᠠᠷ᠎ᠠ ᠶᠢᠨ 30 ᠤ ᠡᠳᠦᠷ ᠤᠨ ᠴᠠᠬᠢᠯᠭᠠᠨ ᠮᠡᠳᠡᠭᠡ (ᠰᠤᠷᠪᠤᠯᠵᠢᠯᠠᠭᠴᠢ ᠯᠢ ᠵᠦᠩ ᠹᠠ) ᠤᠯᠤᠰ ᠤᠨ ᠲ᠋ᠡᠷᠢᠬᠦᠯᠡᠭᠴᠢ ᠰᠢ ᠵᠢᠨ ᠫᠢᠩ 30 ᠤ ᠡᠳᠦᠷ ᠠᠷᠠ᠍ᠳ ᠤᠨ ᠶᠡᠭᠡ ᠬᠤᠷᠠ᠍ᠯ ᠤᠨ ᠲ᠋ᠠ᠍ᠩᠬᠢᠮ ᠳ᠋ᠦ ᠴᠢᠩᠬᠤᠧᠠ ᠶᠡᠭᠡ ᠰᠤᠷᠭᠠ᠍ᠭᠤᠯᠢ ᠵᠢᠨ ᠡᠳ᠋ ᠤᠨ ᠵᠠᠰᠠᠭ ᠤᠨ ᠬᠠ᠍ᠮᠢᠶᠠ᠍ᠷᠤᠯᠳᠠ ᠵᠢᠨ ᠳᠡᠭᠡᠳᠦ ᠰᠤᠷᠭᠠ᠍ᠭᠤᠯᠢ ᠵᠢᠨ ᠵᠦᠪᠯᠡᠭᠴᠢᠳ ᠤᠨ ᠺᠤᠮᠢᠰ ᠤᠨ ᠭᠠ᠍ᠳᠠ᠍ᠭᠠ᠍ᠳᠦ ᠵᠢᠨ ᠭᠡᠰᠢᠬᠦᠨ ᠪᠠ ᠳᠤᠮᠳᠠ᠍ᠳᠤ ᠵᠢᠨ ᠲ᠋ᠠ᠍ᠯ᠎ᠠ ᠵᠢᠨ ᠠᠵᠤ ᠠᠬᠤᠢᠢᠯᠠ᠍ᠯᠳᠠ᠍ᠨ ᠬᠡᠰᠢᠬᠦᠨ ᠲ᠋ᠠ᠍ᠢ ᠠᠭᠤᠯᠵᠠ᠍ᠪᠠ᠃

    ᠰᠢ ᠵᠢᠨ ᠫᠢᠩ᠂ ᠰᠠ᠍ᠶ᠊ᠢᠬᠠ᠍ᠨ ᠲ᠋ᠡᠬᠦᠰᠦᠭᠰᠡᠨ ᠳᠤᠮᠳᠠ᠍ᠳᠤ ᠤᠯᠤᠰ ᠤᠨ ᠡᠪ ᠬᠠ᠍ᠮᠳᠦ ᠨᠠ᠍ᠮ ᠤᠨ ᠠᠷᠪᠠ ᠶᠢᠰᠦᠳᠦᠭᠡᠷ ᠶᠡᠭᠡ ᠬᠤᠷᠠ᠍ᠯ ᠨᠢ ᠴᠢᠬᠤᠯᠠ ᠶᠡᠭᠡ ᠠᠴᠢ ᠬᠤᠯᠪᠤᠭᠳᠠ᠍ᠯ ᠲ᠋ᠠ᠍ᠢ ᠶᠤᠮ᠂ ᠪᠢᠳᠡᠨ ᠤ ᠳᠤᠮᠳᠠ᠍ᠳᠤ ᠤᠯᠤᠰ ᠤᠨ ᠤᠨᠴᠠ᠍ᠯᠢᠭ ᠲ᠋ᠠ᠍ᠢ ᠨᠡᠢᠢᠭᠡᠮ ᠵᠢᠷᠤᠮ ᠤᠨ ᠵᠠ᠍ᠮ ᠢᠶᠡᠷ ᠦᠷᠬᠦᠯᠵᠢᠯᠡᠨ ᠵᠠ᠍ᠮᠨᠠ᠍ᠬᠤ ᠢᠳᠡᠭᠡᠯ ᠢ ᠨᠡᠩ ᠪᠠᠳᠤᠵᠢᠭᠤᠯᠵᠠ᠍ᠢ᠃ ᠳᠤᠮᠳᠠ᠍ᠳᠤ ᠤᠯᠤᠰ ᠤᠨ ᠤᠨᠴᠠ᠍ᠯᠢᠭ ᠲ᠋ᠠ᠍ᠢ ᠨᠡᠢᠢᠭᠡᠮ ᠵᠢᠷᠤᠮ ᠰᠢᠨ᠎ᠠ ᠴᠠ᠍ᠭ ᠦᠶ᠎ᠠ ᠳ᠋ᠦ ᠤᠷᠤᠪᠠ᠃ ᠳᠤᠮᠳᠠ᠍ᠳᠤ ᠤᠯᠤᠰ ᠤᠨ ᠡᠳ᠋ ᠤᠨ ᠵᠠᠰᠠᠭ ᠳᠡᠭᠡᠳᠦ ᠬᠤᠷᠳᠤᠴᠠ ᠪᠡᠷ ᠨᠡᠮᠡᠭᠳᠡᠬᠦ ᠱᠠ᠍ᠳᠤᠨ ᠡᠴᠡ ᠴᠢᠨᠠ᠍ᠷ ᠰᠠ᠍ᠢᠢᠳᠠ᠍ᠢ ᠬᠦᠭᠵᠢᠯᠳᠠ ᠵᠢᠨ ᠱᠠ᠍ᠳᠤᠨ ᠳᠤ ᠰᠢᠯᠵᠢᠵᠠ᠍ᠢ᠃ ᠳᠤᠮᠳᠠ᠍ᠳᠤ ᠤᠯᠤᠰ ᠤᠨ ᠡᠳ᠋ ᠤᠨ ᠵᠠᠰᠠᠭ ᠤᠨ ᠬᠦᠭᠵᠢᠯᠳᠠ ᠵᠢᠨ ᠪᠠᠢᠢᠯᠳᠤᠬᠤ ᠪᠤᠳᠤᠯᠭ᠎ᠠ ᠵᠢᠨ ᠬᠠ᠍ᠷᠠ᠍ᠯᠳᠠ ᠪᠤᠯ ᠶᠠ᠍ᠰᠤ ᠴᠢᠨᠠ᠍ᠷ ᠤᠨ ᠬᠤᠪᠢᠰᠤᠯᠳᠠ᠂ ᠦᠷ᠎ᠠ ᠠᠰᠢᠬ ᠤᠨ ᠬᠤᠪᠢᠰᠤᠯᠳᠠ᠂ ᠬᠦᠳᠡᠯᠭᠡᠬᠦ ᠬᠦᠴᠦᠨ ᠤ ᠬᠤᠪᠢᠰᠤᠯᠳᠠ ᠵᠢᠨ ᠰᠠ᠍ᠭᠤᠷᠢᠨ ᠳᠡᠭᠡᠷ᠎ᠠ ᠤᠳᠤᠬᠢᠴᠢᠯᠠ᠍ᠬᠰᠠ᠍ᠨ ᠡᠳ᠋ ᠤᠨ ᠵᠠᠰᠠᠭ ᠤᠨ ᠰᠢᠰᠲ᠋ᠧᠮ ᠢ ᠪᠠᠢᠢᠭᠤᠯᠵᠦ᠂ ᠪᠦᠬᠦ ᠡᠯᠧᠮᠧᠨ᠋ᠲ ᠤᠨ ᠦᠢᠯᠡᠳᠪᠤᠷᠢᠯᠡᠯ ᠤᠨ ᠨᠤᠷᠮ᠎ᠠ ᠵᠢ ᠳᠡᠭᠡᠭᠰᠢᠯᠡᠬᠦᠯᠵᠦ᠂ ᠡᠳ᠋ ᠤᠨ ᠵᠠᠰᠠᠭ ᠤᠨ ᠰᠢᠨ᠎ᠠ ᠵᠢ ᠡᠬᠦᠳᠬᠦ ᠬᠦᠴᠦ ᠪᠠ ᠦᠷᠢᠰᠦᠯᠳᠦᠬᠦ ᠬᠦᠴᠦ ᠵᠢ ᠳᠠ᠍ᠰᠤᠷᠠ᠍ᠯᠳᠠ ᠦᠭᠡᠢ ᠨᠡᠮᠡᠭᠳᠡᠬᠦᠯᠬᠦ ᠶᠠ᠍ᠪᠤᠳᠠ᠍ᠯ ᠪᠤᠯᠤᠨ᠎ᠠ᠃ ᠪᠢᠳᠠ ᠰᠢᠨ᠎ᠠ ᠬᠦᠭᠵᠢᠯᠳᠠ ᠵᠢᠨ ᠤᠢᠢᠯᠠ᠍ᠭᠠ᠍ᠭᠳᠠ᠍ᠬᠤᠨ ᠢ ᠡᠷᠡᠰ ᠭᠤᠢᠢᠪᠢᠰᠢ ᠦᠭᠡᠢ ᠲ᠋ᠤᠤᠱᠯᠠ᠍ᠭᠤᠯᠵᠦ᠂ ᠬᠠ᠍ᠩᠭᠠ᠍ᠯᠭ᠎ᠠ ᠵᠢᠨ ᠲ᠋ᠠ᠍ᠯ᠎ᠠ ᠵᠢᠨ ᠪᠦᠳᠦᠴᠡ ᠵᠢᠨ ᠴᠢᠨᠠ᠍ᠷᠳᠠ᠍ᠢ ᠦᠭᠡᠷᠡᠴᠢᠯᠡᠯᠳᠠ ᠪᠡᠷ ᠭᠤᠤᠯ ᠰᠢᠵᠢᠮ ᠪᠤᠯᠭᠠ᠍ᠵᠦ᠂ ᠰᠢᠨ᠎ᠠ ᠬᠡᠯᠪᠡᠷᠢ ᠶᠢᠨ ᠠᠵᠤ ᠦᠢᠯᠡᠳᠪᠤᠷᠢᠵᠢᠯᠳᠠ᠂ ᠮᠡᠳᠡᠭᠡ ᠵᠠ᠍ᠩᠬᠢᠵᠢᠯᠳᠠ᠂ ᠬᠤᠳᠠ ᠪᠠᠯᠭᠠ᠍ᠰᠤᠵᠢᠯᠳᠠ᠂ ᠬᠦᠳᠡᠭᠡ ᠠᠵᠤ ᠠᠬᠤᠢ ᠵᠢᠨ ᠤᠳᠤᠬᠢᠴᠢᠯᠠ᠍ᠯᠳᠠ ᠵᠡᠷᠭᠡᠪᠡᠷ ᠬᠦᠭᠵᠢᠬᠦ ᠵᠢ ᠠᠬᠢᠭᠤᠯᠵᠦ᠂ ᠰᠢᠨ᠎ᠠ ᠵᠢ ᠡᠬᠦᠳᠬᠦ ᠮᠠ᠍ᠶ᠊ᠢᠭ ᠤᠨ ᠤᠯᠤᠰ ᠢ ᠲ᠋ᠦᠷᠭᠡᠳᠭᠡᠨ ᠪᠠᠢᠢᠭᠤᠯᠵᠦ᠂ ᠬᠦᠳᠡᠭᠡ ᠲ᠋ᠤᠰᠬᠤᠨ ᠢ ᠬᠦᠭᠵᠢᠬᠦᠯᠦᠨ ᠮᠠ᠍ᠨᠳᠤᠭᠤᠯᠬᠤ ᠪᠠᠢᠢᠯᠳᠤᠬᠤ ᠪᠤᠳᠤᠯᠭ᠎ᠠ ᠵᠢ ᠭᠡᠷᠡᠭᠵᠢᠬᠦᠯᠵᠦ᠂ ᠤᠷᠤᠨ ᠪᠦᠰᠡ ᠵᠢ ᠵᠤᠬᠢᠴᠠ᠍ᠭᠤᠯᠤᠨ ᠬᠦᠭᠵᠢᠬᠦᠯᠬᠦ ᠪᠠᠢᠢᠯᠳᠤᠬᠤ ᠪᠤᠳᠤᠯᠭ᠎ᠠ ᠵᠢ ᠭᠡᠷᠡᠭᠵᠢᠬᠦᠯᠵᠦ᠂ ᠨᠡᠢᠢᠭᠡᠮ ᠵᠢᠷᠤᠮ ᠤᠨ ᠵᠠ᠍ᠬ᠎ᠠ ᠳᠡᠯᠭᠡᠬᠦᠷ ᠤᠨ ᠡᠳ᠋ ᠤᠨ ᠵᠠᠰᠠᠭ ᠤᠨ ᠪᠠᠢᠢᠭᠤᠯᠤᠮᠵᠢ ᠵᠢ ᠳᠦᠷᠬᠡᠳᠬᠡᠨ ᠳᠡᠬᠦᠯᠳᠡᠷᠵᠢᠬᠦᠯᠵᠦ᠂ ᠨᠡᠩ ᠲ᠋ᠡᠭᠡᠳᠤ ᠲ᠋ᠡᠰ ᠳᠠ᠍ᠪᠬᠤᠷᠭ᠎ᠠ ᠵᠢᠨ ᠨᠡᠭᠡᠭᠡᠯᠳᠡᠳᠦ ᠮᠠ᠍ᠶ᠊ᠢᠭ ᠤᠨ ᠡᠳ᠋ ᠤᠨ ᠵᠠᠰᠠᠭ ᠢ ᠬᠦᠭᠵᠢᠬᠦᠯᠦᠨ᠎ᠠ ᠭᠡᠵᠦ ᠵᠢᠭᠠ᠍ᠵᠦ ᠭᠠ᠍ᠷᠭᠠ᠍ᠪᠠ᠃

    ᠰᠢ ᠵᠢᠨ ᠫᠢᠩ᠂ ᠴᠢᠳᠠ᠍ᠪᠤᠷᠢᠳᠠ᠍ᠨ ᠪᠤᠯ ᠰᠢᠨ᠎ᠠ ᠵᠢ ᠡᠬᠦᠳᠬᠦ ᠵᠢᠨ ᠦᠨᠳᠦᠰᠦ ᠰᠠ᠍ᠭᠤᠷᠢ᠂ ᠰᠢᠨ᠎ᠠ ᠵᠢ ᠡᠬᠦᠳᠬᠦ ᠵᠢᠨ ᠭᠤᠤᠯ ᠡᠯᠧᠮᠧᠨ᠋ᠲ ᠪᠤᠯᠤᠨ᠎ᠠ᠃ ᠴᠢᠳᠠ᠍ᠪᠤᠷᠢᠳᠠ᠍ᠨ ᠢ ᠬᠦᠮᠦᠵᠢᠭᠦᠯᠬᠦ ᠵᠢᠨ ᠦᠨᠳᠦᠰᠤᠨ ᠵᠦᠢᠯ ᠨᠢ ᠰᠤᠷᠭᠠ᠍ᠨ ᠬᠦᠮᠦᠵᠢᠯ ᠳ᠋ᠦ ᠳᠦᠰᠢᠭᠯᠡᠬᠦ ᠳ᠋ᠦ ᠪᠤᠢ᠃ ᠰᠤᠷᠭᠠ᠍ᠨ ᠬᠦᠮᠦᠵᠢᠯ ᠨᠢ ᠳᠤᠮᠳᠠ᠍ᠳᠤ ᠤᠯᠤᠰ ᠤᠨ ᠤᠨᠴᠠ᠍ᠯᠢᠭ ᠲ᠋ᠠ᠍ᠢ ᠨᠡᠢᠢᠭᠡᠮ ᠵᠢᠷᠤᠮ ᠤᠨ ᠦᠢᠯᠡᠰ ᠤᠨ ᠪᠦᠳᠦᠭᠡᠨ ᠪᠠᠢᠢᠭᠤᠯᠤᠬᠴᠢ ᠪᠠ ᠵᠠ᠍ᠯᠭᠠ᠍ᠮᠵᠢᠯᠠ᠍ᠬᠴᠢ ᠵᠢ ᠬᠦᠮᠦᠵᠢᠭᠦᠯᠬᠦ ᠡᠴᠡ ᠪᠢᠰᠢ᠂ ᠬᠦᠨᠳᠡᠯᠡᠨ ᠡᠴᠡ ᠬᠠ᠍ᠷᠠ᠍ᠬᠴᠢ ᠪᠤᠶᠤ ᠡᠰᠡᠷᠬᠦᠴᠡᠭᠴᠢ ᠵᠢ ᠬᠦᠮᠦᠵᠢᠭᠦᠯᠬᠦ ᠪᠢᠰᠢ ᠶᠤᠮ᠃ ᠤᠳᠤᠬᠠ᠍ᠨ ᠳ᠋ᠦ᠂ ᠳᠤᠮᠳᠠ᠍ᠳᠤ ᠤᠯᠤᠰ ᠳᠡᠯᠡᠭᠡᠢ ᠵᠢᠨ ᠲ᠋ᠡᠷᠢᠬᠦᠨ ᠵᠡᠷᠭᠡ ᠶᠢᠨ ᠶᠡᠭᠡ ᠰᠤᠷᠭᠠ᠍ᠭᠤᠯᠢ ᠪᠠ ᠲ᠋ᠡᠷᠢᠬᠦᠨ ᠵᠡᠷᠭᠡ ᠶᠢᠨ ᠰᠢᠨᠵᠢᠯᠡᠭᠡᠨ ᠢ ᠳᠦᠷᠬᠡᠳᠬᠡᠨ ᠪᠠᠢᠢᠭᠤᠯᠬᠤ ᠪᠠᠢᠢᠯᠳᠤᠬᠤ ᠪᠤᠳᠤᠯᠭ᠎ᠠ ᠵᠢᠨ ᠰᠢᠢᠳᠪᠤᠷᠢᠳᠦ ᠪᠤᠳᠤᠯᠭ᠎ᠠ ᠲ᠋ᠤᠭᠳᠠ᠍ᠭᠠ᠍ᠵᠦ᠂ ᠳᠡᠭᠡᠳᠦ ᠵᠡᠷᠭᠡ ᠵᠢᠨ ᠰᠤᠷᠭᠠ᠍ᠨ ᠬᠦᠮᠦᠵᠢᠯ ᠤᠨ ᠬᠦᠭᠵᠢᠯᠳᠠ ᠵᠢᠨ ᠳᠦᠪᠰᠢᠨ ᠢ ᠳᠡᠭᠡᠭᠰᠢᠯᠡᠬᠦᠯᠵᠦ᠂ ᠤᠯᠤᠰ ᠤᠨ ᠭᠤᠤᠯᠯᠠ᠍ᠬᠤ ᠦᠷᠢᠰᠦᠯᠳᠦᠬᠦ ᠬᠦᠴᠦ ᠵᠢ ᠨᠡᠮᠡᠭᠳᠡᠬᠦᠯᠬᠦ ᠪᠡᠷ ᠪᠠᠢᠢᠨ᠎ᠠ ᠭᠡᠵᠦ ᠵᠢᠭᠠ᠍ᠵᠦ ᠭᠠ᠍ᠷᠭᠠ᠍ᠪᠠ᠃

    ᠰᠢ ᠵᠢᠨ ᠫᠢᠩ᠂ ᠳᠤᠮᠳᠠ᠍ᠳᠤ ᠤᠯᠤᠰ ᠶᠠ᠍ᠭ ᠤᠷᠢᠳᠤ ᠡᠮᠦᠨ᠎ᠠ ᠪᠠᠢᠢᠭ᠎ᠠ ᠦᠭᠡᠢ ᠡᠷᠴᠢ ᠵᠤᠷᠢᠭ ᠪᠠ ᠡᠷᠴᠢᠮ ᠢᠶᠡᠷ ᠦᠭᠡᠷᠡᠴᠢᠯᠡᠯᠳᠠ ᠵᠢ ᠪᠦᠬᠦ ᠲ᠋ᠠ᠍ᠯ᠎ᠠ ᠪᠡᠷ ᠬᠦᠨᠵᠡᠭᠡᠢᠢᠷᠡᠬᠦᠯᠵᠦ᠂ ᠦᠷᠬᠦᠯᠵᠢᠯᠡᠨ ᠨᠡᠭᠡᠭᠡᠯᠳᠡ ᠪᠡᠷ ᠦᠭᠡᠷᠡᠴᠢᠯᠡᠯᠳᠠ ᠵᠢ ᠠᠬᠢᠭᠤᠯᠵᠦ᠂ ᠬᠦᠭᠵᠢᠯᠳᠠ ᠵᠢ ᠠᠬᠢᠭᠤᠯᠤᠨ᠎ᠠ᠃ ᠲ᠋ᠤᠮᠲᠠ᠍ᠲᠤ ᠤᠯᠤᠰ ᠲ᠋ᠤᠰ ᠪᠡᠶ᠎ᠠ ᠢᠢᠨ ᠡᠷᠭᠡ ᠮᠡᠲᠡᠯ᠂ ᠠᠮᠤᠷ ᠲ᠋ᠦᠪᠰᠢᠨ ᠪᠤᠯᠤᠨ ᠬᠦᠭᠵᠢᠯᠲᠠ ᠢᠢᠨ ᠠᠰᠢᠭ ᠲ᠋ᠤᠰᠠ ᠪᠠᠠ ᠡᠷᠡᠰ ᠬᠠ᠍ᠮᠠ᠍ᠭᠠ᠍ᠯᠠ᠍ᠬᠤ ᠢᠢᠨ ᠵᠡᠷᠭᠡᠪᠠᠷ ᠭᠠ᠍ᠲᠠ᠍ᠭᠠ᠍ᠲᠤ ᠨᠡᠭᠡᠭᠡᠯᠲᠡ ᠬᠢᠬᠦ ᠦᠨᠲᠦᠰᠦᠨ ᠤᠯᠤᠰ ᠤᠨ ᠪᠤᠲᠤᠯᠭ᠎ᠠ ᠪᠠᠠ ᠪᠠᠷᠢᠮᠲᠠ᠍ᠯᠠ᠍ᠵᠦ᠂ ᠬᠠ᠍ᠷᠢᠯᠴᠠ᠍ᠠ ᠠᠰᠢᠭᠲᠠ᠍ᠢ ᠬᠠ᠍ᠮᠲᠤᠪᠠᠷ ᠠᠰᠢᠭ ᠬᠦᠷᠲᠡᠬᠦ ᠨᠡᠭᠡᠭᠡᠯᠲᠡ ᠶᠢᠨ ᠪᠠᠢᠢᠯᠲᠤᠬᠤ ᠪᠤᠲᠤᠯᠭ᠎ᠠ ᠢᠢ ᠡᠷᠡᠰ ᠭᠤᠢᠢᠪᠢᠰᠢ ᠦᠭᠡᠢ ᠭᠡᠷᠡᠭᠵᠢᠭᠦᠯᠦᠨ᠂ ᠭᠠ᠍ᠲᠠ᠍ᠭᠠ᠍ᠲᠤ ᠨᠡᠭᠡᠭᠡᠯᠲᠡ ᠢᠢᠨ ᠴᠢᠨᠠ᠍ᠷ ᠪᠤᠯᠤᠨ ᠳᠦᠪᠰᠢᠨ ᠢᠶᠡᠨ ᠲ᠋ᠠ᠍ᠰᠤᠷᠠ᠍ᠯᠲᠠ ᠦᠭᠡᠢ ᠲ᠋ᠡᠭᠡᠭᠰᠢᠯᠡᠭᠦᠯᠦᠨ᠎ᠠ᠃ ᠲ᠋ᠤᠮᠲᠠ᠍ᠲᠤ ᠤᠯᠤᠰ ᠪᠤᠯ ᠡᠳ᠋ ᠤᠨ ᠵᠠᠰᠠᠭ ᠤᠨ ᠪᠦᠬᠦ ᠲ᠋ᠡᠯᠡᠭᠡᠢᠢᠵᠢᠯᠲᠠ ᠡᠴᠡ ᠠᠰᠢᠭ ᠬᠦᠷᠲᠡᠭᠴᠢ ᠮᠦᠨ᠂ ᠨᠡᠩ ᠴᠤ ᠬᠤᠪᠢ ᠨᠡᠮᠡᠷᠢ ᠦᠵᠡᠭᠦᠯᠦᠭᠴᠢ ᠮᠦᠨ᠂ ᠲ᠋ᠤᠮᠲᠠ᠍ᠲᠤ ᠤᠯᠤᠰ ᠤᠨ ᠬᠦᠭᠵᠢᠯᠲᠠ ᠪᠤᠯ ᠲ᠋ᠡᠯᠡᠭᠡᠢ ᠳ᠋ᠠ᠍ᠬᠢᠨ ᠤ ᠠᠵᠠ ᠲ᠋ᠤᠬᠢᠶᠠ᠍ᠯ ᠪᠤᠯᠤᠨ᠎ᠠ᠃ ᠲ᠋ᠤᠮᠲᠠ᠍ᠲᠤ ᠤᠯᠤᠰ ᠤᠨ ᠨᠡᠭᠡᠭᠡᠯᠲᠡ ᠪᠤᠯ ᠭᠡᠡ ᠨᠢ ᠲ᠋ᠡᠢᠢᠯᠵᠤ ᠲ᠋ᠡᠢᠢᠯᠦᠭᠲᠡᠬᠦ ᠭᠡᠰᠡᠡ ᠶᠠ᠍ᠪᠤᠳᠠ᠍ᠯ ᠪᠢᠰᠢ᠂ ᠬᠠ᠍ᠷᠢᠨ ᠬᠠ᠍ᠮᠲᠤᠷᠠ᠍ᠯᠴᠠ᠍ᠵᠦ ᠬᠠ᠍ᠮᠲᠤᠪᠠᠷ ᠠᠰᠢᠭ ᠬᠦᠷᠲᠡᠬᠦ ᠶᠠ᠍ᠪᠤᠲᠠ᠍ᠯ ᠪᠤᠯᠤᠨ᠎ᠠ᠃ ᠲ᠋ᠤᠮᠲᠠ᠍ᠲᠤ ᠤᠯᠤᠰ ᠲ᠋ᠦ ᠠᠷᠠ᠍ᠯᠵᠢᠶ᠎ᠠ ᠪᠦᠲᠦᠭᠦ ᠦᠭᠡᠢ ᠴᠤ ᠵᠢᠷᠤᠮ ᠪᠤᠢ ᠭᠡᠰᠡᠡ ᠦᠭᠡ ᠪᠠᠢᠢᠲᠠ᠍ᠭ᠃ ᠲ᠋ᠤᠮᠲᠠ᠍ᠲᠤ ᠤᠯᠤᠰ ᠡᠵᠡᠷᠭᠡᠭ ᠵᠤᠷᠪᠤᠰ ᠢ ᠲ᠋ᠤᠭᠲᠠ᠍ᠭᠠ᠍ᠬᠤ ᠦᠭᠡᠢ᠂ ᠪᠤᠰᠤᠳ ᠤᠨ ᠠᠰᠢᠬ ᠢ ᠬᠤᠨᠵᠢᠬᠤ ᠦᠭᠡᠢ᠃ ᠲ᠋ᠤᠮᠲᠠ᠍ᠲᠤ ᠤᠯᠤᠰ ᠨᠡᠭᠡᠭᠡᠯᠲᠡ ᠪᠠᠠ ᠴᠢᠨᠠ᠍ᠭᠰᠢᠲᠠ ᠦᠷᠭᠡᠳᠭᠡᠬᠦ ᠠᠷᠭ᠎ᠠ ᠬᠡᠮᠵᠢᠶ᠎ᠠ ᠢᠢ ᠨᠢᠭᠡᠡᠲᠡ ᠲ᠋ᠤᠭᠲᠠ᠍ᠭᠠ᠍ᠭᠰᠠ᠍ᠠ ᠪᠦᠭᠡᠳ ᠦᠷᠬᠦᠯᠵᠢᠯᠡᠡ ᠲ᠋ᠤᠭᠲᠠ᠍ᠭᠠ᠍ᠨ᠎ᠠ᠃ ᠲ᠋ᠤᠮᠲᠠ᠍ᠲᠤ ᠢᠢᠨ ᠦᠨᠲᠦᠰᠦᠲᠡᠡ ᠲ᠋ᠠ᠍ᠪᠤᠠ ᠮᠢᠩᠭᠠ᠍ᠠ ᠵᠢᠯ ᠤᠨ ᠲ᠋ᠡᠤᠭᠡ ᠢᠢᠨ ᠬᠦᠭᠵᠢᠯᠲᠠ ᠲ᠋ᠤᠮᠲᠠ ᠡᠩᠭᠡ ᠲ᠋ᠠ᠍ᠢᠢᠪᠤᠩ ᠤᠨ ᠭᠧᠠ ᠢ ᠤᠯᠠ᠍ᠮᠵᠢᠯᠠ᠍ᠵᠦ ᠢᠷᠡᠵᠠ᠍ᠢ᠂ ᠲ᠋ᠤᠮᠲᠠ᠍ᠲᠤ ᠤᠯᠤᠰ ᠡᠩᠭᠡ ᠲ᠋ᠠ᠍ᠢᠢᠪᠤᠩ ᠬᠦᠭᠵᠢᠯᠲᠠ ᠢᠢᠨ ᠵᠠ᠍ᠮ ᠢᠶᠡᠷ ᠶᠠ᠍ᠪᠤᠬᠤ ᠢᠢ ᠪᠠᠷᠢᠮᠲᠠ᠍ᠯᠠ᠍ᠵᠦ᠂ ᠵᠦᠪ ᠠᠰᠢᠬ ᠵᠢᠷᠤᠮ ᠤᠨ ᠦᠵᠡᠯᠲᠡ ᠢᠢ ᠭᠡᠷᠡᠭᠵᠢᠭᠦᠯᠵᠦ᠂ ᠬᠠ᠍ᠮᠲᠤᠪᠠᠷ ᠵᠦᠪᠯᠡᠵᠦ ᠬᠠ᠍ᠮᠲᠤᠪᠠᠷ ᠪᠠᠢᠢᠭᠤᠯᠵᠦ ᠬᠠ᠍ᠮᠲᠤᠪᠠᠷ ᠡᠳ᠋ᠯᠡᠬᠦ ᠪᠦᠬᠦ ᠲ᠋ᠡᠯᠡᠭᠡᠢ ᠢᠢᠨ ᠵᠠ᠍ᠰᠠ᠍ᠯᠲᠠ ᠢᠢᠨ ᠦᠵᠡᠯᠲᠡ ᠢᠢ ᠪᠠᠷᠢᠮᠲᠠ᠍ᠯᠠ᠍ᠵᠦ᠂ ᠪᠦᠬᠦ ᠲ᠋ᠡᠯᠡᠭᠡᠢ ᠢᠢᠨ ᠵᠠ᠍ᠰᠠ᠍ᠯᠲᠠ ᠢᠢᠨ ᠰᠢᠰᠲ᠋ᠧᠮ ᠤᠨ ᠦᠭᠡᠷᠡᠴᠢᠯᠡᠯᠲᠡ ᠪᠤᠯᠤᠨ ᠪᠦᠲᠦᠭᠡᠡ ᠪᠠᠢᠢᠭᠤᠯᠤᠯᠲᠠ ᠳ᠋ᠤ ᠢᠲᠡᠪᠬᠢᠲᠠ᠍ᠢ ᠤᠷᠤᠯᠴᠠ᠍ᠵᠦ᠂ ᠬᠦᠮᠦᠨ ᠳᠦᠷᠦᠯᠬᠢᠳᠡᠨ ᠤ ᠬᠤᠪᠢ ᠵᠠ᠍ᠶᠠ᠍ᠭᠠ᠍ᠨ ᠤ ᠬᠠ᠍ᠮᠲᠤ ᠢᠢᠨ ᠴᠤᠭᠴᠠ ᠢᠢ ᠪᠠᠢᠢᠭᠤᠯᠬᠤ ᠢᠢ ᠠᠬᠢᠭᠤᠯᠤᠨ᠎ᠠ ᠭᠡᠵᠦ ᠴᠢᠬᠤᠯᠠ᠍ᠴᠢᠯᠠ᠍ᠪᠠ᠃

    ᠰᠢ ᠵᠢᠨ ᠫᠢᠩ᠂ ᠪᠢ ᠠᠮᠧᠷᠢᠺᠠ ᠢᠢᠨ ᠶᠡᠷᠦᠩᠭᠡᠢᠢᠯᠡᠭᠴᠢ ᠲ᠋ᠷᠡᠮᠫ  ᠤᠨ ᠤᠲᠠ᠍ᠯ ᠦᠭᠡᠢ ᠲ᠋ᠤᠮᠲᠠ᠍ᠲᠤ ᠤᠯᠤᠰ ᠲ᠋ᠦ ᠠᠢᠢᠯᠴᠢᠯᠠ᠍ᠯ ᠬᠢᠬᠦ ᠢᠢ ᠬᠦᠰᠡᠨ ᠬᠦᠯᠢᠶᠡᠵᠦ ᠪᠠᠢᠢᠨ᠎ᠠ᠃ ᠲ᠋ᠤᠮᠲᠠ᠍ᠲᠤ ᠤᠯᠤᠰ ᠤᠨ ᠬᠢᠨ ᠲ᠋ᠤᠷᠠ᠍ᠲᠠ᠍ᠶ᠎ᠠ ᠠᠮᠧᠷᠢᠺᠠ ᠯᠤᠭ᠎ᠠ ᠦᠨᠲᠦᠷ ᠲ᠋ᠦ ᠵᠤᠭᠰᠤᠠ ᠠᠯᠤᠰ ᠢ ᠪᠠᠷᠠ᠍ᠯᠠ᠍ᠵᠦ᠂ ᠲ᠋ᠤᠰ ᠲ᠋ᠤᠰ ᠤᠨ ᠢᠶᠡᠨ ᠠᠰᠢᠭ ᠲ᠋ᠤᠰᠠ ᠪᠤᠯᠤᠨ ᠠᠨᠭᠬᠠ᠍ᠷᠤᠯ ᠲ᠋ᠠ᠍ᠯᠪᠢᠵᠤ ᠪᠠᠢᠢᠭ᠎ᠠ ᠠᠰᠠ᠍ᠭᠤᠳᠠ᠍ᠯ ᠢ ᠬᠠ᠍ᠷᠠ᠍ᠭᠠ᠍ᠯᠵᠠ᠍ᠠ᠂ ᠵᠦᠷᠢᠯᠲᠦᠭᠡᠡ ᠪᠤᠯᠤᠠ ᠵᠦᠷᠢᠴᠡᠯ ᠢᠶᠡᠨ ᠲ᠋ᠤᠬᠢᠷᠠ᠍ᠮᠵᠢᠲᠠ᠍ᠢ ᠨᠠ᠍ᠮᠲᠠ᠍ᠭᠤᠯᠵᠦ᠂ ᠲ᠋ᠤᠮᠲᠠ᠍ᠲᠤ ᠠᠮᠧᠷᠢᠺᠠ ᠢᠢᠨ ᠬᠠ᠍ᠮᠲᠤᠷᠠ᠍ᠯᠴᠠ᠍ᠭ᠎ᠠ ᠢᠢ ᠬᠠ᠍ᠮᠲᠤᠪᠠᠷ ᠠᠬᠢᠭᠤᠯᠵᠦ᠂ ᠬᠠ᠍ᠷᠢᠯᠴᠠ᠍ᠠ ᠠᠰᠢᠭᠲᠠ᠍ᠢ ᠬᠠ᠍ᠮᠲᠤᠪᠠᠷ ᠠᠰᠢᠭ ᠬᠦᠷᠲᠡᠬᠦ ᠢᠢ ᠪᠡᠶᠡᠯᠡᠭᠦᠯᠤᠨ᠎ᠠ᠂ ᠪᠢᠲᠠ ᠲ᠋ᠤᠮᠲᠠ᠍ᠲᠤ ᠠᠮᠧᠷᠢᠺᠠ ᠢᠢᠨ ᠬᠠ᠍ᠷᠢᠯᠴᠠ᠍ᠭ᠎ᠠ ᠢᠢᠨ ᠠᠯᠤᠰ ᠢᠷᠡᠭᠡᠲᠦᠢ ᠳ᠋ᠤ ᠪᠠᠶᠠ᠍ᠰᠤᠩᠭᠤᠢ ᠤᠪᠤᠷ ᠲ᠋ᠠ᠍ᠢ ᠪᠠᠢᠢᠨ᠎ᠠ ᠭᠡᠵᠦ ᠵᠢᠭᠠ᠍ᠵᠦ ᠭᠠ᠍ᠷᠭᠠ᠍ᠪᠠ᠃

    ᠰᠢ ᠵᠢᠨ ᠫᠢᠩ᠂ ᠭᠡᠰᠢᠭᠦᠳ ᠤᠨ ᠲ᠋ᠤᠮᠲᠠ᠍ᠲᠤ ᠤᠯᠤᠰ ᠤᠨ ᠡᠳ᠋ ᠤᠨ ᠵᠠᠰᠠᠭ ᠪᠤᠯᠤᠨ ᠬᠠ᠍ᠮᠢᠶᠠ᠍ᠷᠤᠯᠳᠠ ᠶᠢᠨ ᠰᠤᠷᠭᠠ᠍ᠠ ᠬᠦᠮᠦᠵᠢᠯ ᠤᠨ ᠦᠢᠯᠡᠰ ᠤᠨ ᠬᠦᠭᠵᠢᠯᠲᠠ ᠢᠢ ᠠᠬᠢᠭᠤᠯᠵᠤ᠂ ᠲ᠋ᠤᠮᠲᠠ᠍ᠲᠤ ᠭᠠ᠍ᠲᠠ᠍ᠭᠠ᠍ᠲᠤ ᠢᠢᠨ ᠰᠤᠯᠢᠯᠴᠠ᠍ᠭ᠎ᠠ ᠬᠠ᠍ᠮᠲᠤᠷᠠ᠍ᠯᠴᠠ᠍ᠭ᠎ᠠ ᠳ᠋ᠤ ᠢᠲᠡᠪᠬᠢᠲᠠ᠍ᠢ ᠬᠤᠪᠢ ᠨᠡᠮᠡᠷᠢ ᠦᠵᠡᠭᠦᠯᠦᠭᠰᠡᠡ ᠢ ᠮᠠ᠍ᠭᠲᠠ᠍ᠠ ᠰᠠ᠍ᠢᠢᠰᠢᠶᠠ᠍ᠪᠠ᠃ ᠭᠡᠰᠢᠭᠦᠳ ᠦᠪᠡᠷ ᠤᠨ ᠲ᠋ᠠ᠍ᠪᠠᠭᠤᠯᠢᠭ ᠢᠶᠡᠨ ᠪᠠᠲᠠ᠍ᠷᠠ᠍ᠭᠤᠯᠵᠦ᠂ ᠲ᠋ᠤᠮᠲᠠ᠍ᠲᠤ ᠤᠯᠤᠰ ᠤᠨ ᠬᠦᠭᠵᠢᠯᠲᠠ ᠢᠢᠨ ᠲ᠋ᠦᠯᠦᠭᠡ ᠢᠯᠡᠭᠦᠭᠡᠡ ᠠᠷᠭ᠎ᠠ ᠤᠬᠠ᠍ᠭᠠ᠍ᠠ ᠭᠠ᠍ᠷᠭᠠ᠍ᠠ ᠦᠭᠴᠤ᠂ ᠲ᠋ᠤᠮᠲᠠ᠍ᠲᠤ ᠤᠯᠤᠰ ᠲ᠋ᠠ᠍ᠢ ᠬᠠ᠍ᠷᠢᠯᠴᠠ᠍ᠠ ᠠᠰᠢᠭᠲᠠ᠍ᠢ ᠬᠠ᠍ᠮᠲᠤᠷᠠ᠍ᠯᠴᠠ᠍ᠭ᠎ᠠ ᠢᠯᠡᠭᠦᠭᠡᠡ ᠦᠷᠨᠢᠭᠦᠯᠵᠦ᠂ ᠲ᠋ᠡᠯᠡᠭᠡᠢ ᠳ᠋ᠠ᠍ᠬᠢᠨ ᠳ᠋ᠤ ᠲ᠋ᠤᠮᠲᠠ᠍ᠲᠤ ᠤᠯᠤᠰ ᠢ ᠪᠤᠰᠤᠳᠴᠢ ᠪᠠᠷ ᠪᠦᠬᠦ ᠲ᠋ᠠ᠍ᠯ᠎ᠠ ᠪᠠᠷ ᠲ᠋ᠠ᠍ᠨᠢᠯᠴᠠ᠍ᠭᠤᠯᠤᠨ ᠦᠭᠴᠤ᠂ ᠲ᠋ᠤᠮᠲᠠ᠍ᠲᠤ ᠤᠯᠤᠰ ᠤᠨ ᠠᠷᠠ᠍ᠳ ᠲ᠋ᠦᠮᠡᠡ ᠤ ᠡᠯ᠎ᠠ ᠤᠯᠤᠰ ᠤᠨ ᠠᠷᠠ᠍ᠳ ᠲ᠋ᠦᠮᠡᠡ ᠯᠤᠭᠡ ᠢᠢᠨ ᠤᠢᠢᠯᠠ᠍ᠭᠠ᠍ᠯᠴᠠ᠍ᠭ᠎ᠠ ᠪᠠ ᠨᠦᠬᠦᠷᠯᠡᠯ ᠢ ᠵᠤᠵᠠ᠍ᠭᠠ᠍ᠳᠬᠠ᠍ᠬᠤ ᠪᠤᠯᠳᠤᠭᠠ᠍ᠢ ᠭᠡᠵᠤ ᠬᠦᠰᠡᠪᠡ᠃

    ᠴᠢᠩᠬᠤᠧᠠ ᠶᠡᠬᠡ ᠰᠤᠷᠭᠠᠭᠤᠯᠢ ᠵᠢᠨ ᠡᠳ᠋ ᠤᠨ ᠵᠠᠰᠠᠭ ᠤᠨ ᠬᠠᠮᠢᠶ᠍᠋ᠠᠷᠤᠯᠳᠠ ᠵᠢᠨ ᠳᠡᠬᠡᠳᠦ ᠰᠤᠷᠭᠠᠭᠤᠯᠢ ᠵᠢᠨ ᠵᠦᠪᠯᠡᠭᠴᠢᠳ ᠤᠨ ᠺᠤᠮᠢᠰ ᠤᠨ ᠳᠡᠷᠢᠬᠦᠯᠡᠭᠴᠢ ᠪᠦᠯᠧᠢᠢᠶ᠍᠋ᠧ᠂ ᠪᠤᠤᠷᠰᠧᠠ ᠰᠠᠭᠤᠷᠢ ᠮᠦᠩᠭᠦᠨ ᠤ ᠨᠡᠢᠢᠭᠡᠮᠯᠢᠭ᠌ ᠤᠨ ᠳᠡᠷᠢᠬᠦᠯᠡᠭᠴᠢ ᠪᠤᠤᠷᠰᠧᠠ᠂ ᠡᡁᠧᠢᠢᠱᠢ ᠪᠦᠯᠦᠭᠯᠡᠯ ᠤᠨ ᠬᠡᠷᠡᠭ ᠮᠡᠳᠡᠭᠴᠢᠳ ᠤᠨ ᠳᠠᠷᠤᠭ᠎ᠠ ᠰᠦ ᠱᠢ ᠮᠢᠨ᠂ ᠠᠯᠮᠤᠷᠠᠳ ᠺᠤᠮᠫᠠᠨᠢ ᠵᠢᠨ ᠳᠡᠷᠢᠬᠦᠨ ᠬᠦᠢᠴᠡᠳᠬᠡᠭᠴᠢ ᠲᠤᠰᠢᠶ᠍᠋ᠠᠯᠳᠡᠨ ᠺᠦᠺᠧ᠂ ᠯᠢᠶ᠍᠋ᠡᠨ ᠱᠦ ᠺᠤᠮᠫᠠᠨᠢ ᠵᠢᠨ ᠡᠬᠦᠰᠬᠡᠨ ᠪᠠᠢᠢᠭᠤᠯᠤᠬᠴᠢ ᠪᠦᠬᠡᠳ ᠳᠡᠷᠢᠬᠦᠨ ᠬᠦᠢᠴᠡᠳᠬᠡᠭᠴᠢ ᠲᠤᠰᠢᠶ᠍᠋ᠠᠯᠳᠡᠨ ᠵᠠᠺᠧᠪᠧᠭᠧ ᠵᠡᠷᠬᠡ ᠳᠦᠯᠦᠬᠡᠯᠡᠭᠴᠢ ᠬᠡᠰᠢᠬᠦᠳ ᠤᠷᠢᠳ ᠬᠤᠵᠢᠳ ᠦᠬᠡ ᠬᠡᠯᠡᠪᠡ᠃ ᠳᠡᠳᠡ ᠳᠤᠮᠳᠠᠳᠤ ᠤᠯᠤᠰ ᠤᠨ ᠡᠪ ᠬᠠᠮᠳᠤ ᠨᠠᠮ᠋ ᠤᠨ ᠠᠷᠪᠠ ᠶᠢᠰᠦᠳᠦᠬᠡᠷ ᠶᠡᠬᠡ ᠬᠤᠷᠠᠯ ᠤᠨ ᠠᠮᠵᠢᠯᠳᠠ ᠳᠠᠢ ᠬᠤᠷᠠᠯᠳᠤᠬᠰᠠᠨ ᠳ᠋ᠤ ᠪᠠᠶ᠍᠋ᠠᠷ ᠬᠦᠷᠬᠡᠭᠰᠡᠨ ᠤ ᠬᠠᠮᠳᠤ᠂ ᠰᠢ ᠳᠡᠷᠢᠬᠦᠯᠡᠭᠴᠢ ᠵᠢᠨ ᠨᠠᠮ᠋ ᠤᠨ ᠠᠷᠪᠠ ᠶᠢᠰᠦᠳᠦᠬᠡᠷ ᠶᠡᠬᠡ ᠬᠤᠷᠠᠯ ᠳ᠋ᠤ ᠬᠢᠭᠰᠡᠨ ᠢᠯᠡᠳᠬᠡᠯ ᠨᠢ ᠬᠦᠮᠦᠨ ᠠᠷᠠᠳ ᠤᠨ ᠰᠡᠳᠬᠢᠯ ᠳ᠋ᠤ ᠬᠦᠨ ᠰᠠᠭᠤᠬᠳᠠᠯ ᠦᠯᠡᠳᠡᠬᠡᠵᠦ᠂ ᠳᠤᠮᠳᠠᠳᠤ ᠤᠯᠤᠰ ᠤᠨ ᠡᠳ᠋ ᠤᠨ ᠵᠠᠰᠠᠭ ᠨᠡᠢᠢᠭᠡᠮ᠋ ᠤᠨ ᠬᠦᠴᠦᠷᠬᠡᠭ᠌ ᠶᠡᠬᠡ ᠬᠦᠭᠵᠢᠯᠳᠡ ᠵᠢ ᠠᠮᠵᠢᠯᠳᠠ ᠳᠠᠢ ᠤᠳᠤᠷᠢᠳᠦᠨ ᠳᠠᠭᠠᠭᠤᠯᠵᠦ᠂ ᠳᠤᠮᠳᠠᠳᠤ ᠤᠯᠤᠰ ᠤᠨ ᠬᠢᠨ ᠤ ᠶᠠᠳᠠᠭᠤ ᠬᠦᠴᠢᠷᠳᠡᠯᠲᠠᠢ ᠬᠦᠮᠦᠨ ᠠᠮᠠ ᠢᠢ ᠴᠦᠬᠡᠳᠭᠡᠬᠦ ᠦᠢᠯᠡᠰ ᠤᠨ ᠳᠠᠯ᠎ᠠ ᠪᠠᠷ ᠬᠢ ᠠᠮᠵᠢᠯᠳᠡ ᠪᠦᠳᠦᠮᠵᠢ ᠪᠡ ᠰᠢᠨ᠎ᠠ ᠬᠦᠭᠵᠢᠯᠳᠡ ᠵᠢ ᠠᠬᠢᠭᠤᠯᠬᠤ ᠳᠠᠯ᠎ᠠ ᠪᠠᠷ ᠭᠠᠷᠭᠠᠬᠰᠠᠨ ᠴᠢᠷᠮᠠᠢᠢᠯᠭ᠎ᠠ ᠢᠢ ᠮᠠᠬᠳᠠᠭᠤᠰᠢᠳᠠᠢ ᠪᠠᠢᠢᠨ᠎ᠠ ᠬᠡᠵᠦ ᠢᠯᠡᠳᠬᠡᠪᠡ᠃ ᠪᠢᠳᠡ ᠳᠤᠮᠳᠠᠳᠤ ᠤᠯᠤᠰ ᠤᠨ ᠢᠷᠡᠬᠡᠳᠦᠢ ᠳ᠋ᠤ ᠢᠳᠡᠬᠡᠯ ᠲᠦᠭᠦᠷᠡᠩ ᠪᠠᠢᠢᠨ᠎ᠠ᠃ ᠲᠡᠯᠡᠬᠡᠢ ᠨᠡᠢᠢᠭᠡᠮ᠋ ᠤᠨ ᠬᠢᠨ ᠳᠤᠮᠳᠠᠳᠤ ᠤᠯᠤᠰ ᠤᠨ ᠦᠬᠡᠷᠡᠴᠢᠯᠡᠯᠳᠡ ᠨᠡᠬᠡᠬᠡᠯᠳᠡ ᠵᠢᠨ ᠠᠬᠢᠴᠠ ᠲᠤᠮᠳᠠ ᠳᠤᠮᠳᠠᠳᠤ ᠤᠯᠤᠰ ᠯᠤᠭ᠎ᠠ ᠬᠠᠷᠢᠯᠴᠠᠨ ᠠᠰᠢᠬᠳᠠᠢ ᠬᠠᠮᠳᠤᠷᠠᠯᠴᠠᠭ᠎ᠠ ᠵᠢ ᠬᠦᠨᠵᠡᠬᠡᠢᠢᠷᠡᠬᠦᠯᠵᠦ᠂ ᠳᠤᠮᠳᠠᠳᠤ ᠤᠯᠤᠰ ᠤᠨ ᠬᠢᠨ ᠤᠯᠠᠨ ᠤᠯᠤᠰ ᠤᠨ ᠬᠡᠷᠡᠭ ᠶᠠᠪᠤᠳᠠᠯ ᠳ᠋ᠤ ᠨᠡᠩ ᠶᠡᠬᠡ ᠢᠳᠡᠪᠬᠢᠳᠡᠢ ᠦᠢᠯᠡᠳᠦᠯ ᠦᠵᠡᠬᠦᠯᠬᠦ ᠵᠢ ᠬᠦᠰᠡᠨ ᠬᠦᠯᠢᠶ᠍᠋ᠡᠵᠤ ᠪᠠᠢᠢᠨ᠎ᠠ᠃ ᠠᠮᠧᠷᠢᠺᠠ ᠵᠢᠨ ᠡᠯ᠎ᠠ ᠳᠠᠯ᠎ᠠ ᠵᠢᠨ ᠬᠢᠨ ᠴᠤ ᠶᠡᠷᠦᠩᠬᠡᠢᠢᠯᠡᠭᠴᠢ ᠳᠷᠡᠮᠫ ᠤᠨ ᠳᠤᠮᠳᠠᠳᠤ ᠤᠯᠤᠰ ᠳᠡᠬᠢ ᠠᠢᠢᠯᠴᠢᠯᠠᠯᠳᠠ ᠪᠤᠯᠤᠨ ᠠᠮᠧᠷᠢᠺᠠ ᠳᠤᠮᠳᠠᠳᠤ ᠵᠢᠨ ᠳᠡᠷᠢᠬᠦᠨ ᠤ ᠪᠡᠬᠡᠵᠢᠩ ᠳ᠋ᠡᠬᠢ ᠠᠭᠤᠯᠵᠠᠯᠳᠠ ᠢᠳᠡᠪᠬᠢᠳᠡᠢ ᠦᠷ᠎ᠠ ᠪᠦᠳᠦᠮᠵᠢ ᠤᠯᠬᠤ ᠵᠢ ᠬᠦᠰᠡᠨ ᠬᠦᠯᠢᠶ᠍᠋ᠡᠵᠤ ᠪᠠᠢᠢᠨ᠎ᠠ᠂ ᠠᠮᠧᠷᠢᠺᠠ ᠳᠤᠮᠳᠠᠳᠤ ᠵᠢᠨ ᠬᠠᠷᠢᠯᠴᠠᠭ᠎ᠠ ᠳᠠᠰᠤᠷᠠᠯᠳᠠ ᠦᠬᠡᠢ ᠤᠷᠤᠬᠰᠢ ᠬᠦᠭᠵᠢᠬᠦ ᠪᠤᠯᠳᠤᠭᠠᠢ ᠬᠡᠵᠦ ᠢᠯᠡᠳᠬᠡᠪᠡ᠃

    ᠠᠭᠤᠯᠵᠠᠯᠳᠠ ᠡᠴᠡ ᠡᠮᠤᠨ᠎ᠠ᠂ ᠰᠢ ᠵᠢᠨ ᠫᠢᠩ ᠭᠡᠰᠢᠬᠦᠳ ᠳᠠᠢ ᠨᠢᠬᠡᠳ ᠨᠢᠬᠡ ᠪᠡᠷ ᠭᠠᠷ ᠠᠳᠬᠤᠨ ᠵᠤᠯᠭᠠᠯᠴᠠᠵᠦ᠂ ᠬᠠᠮᠳᠤᠪᠠᠷ ᠬᠡᠷᠡᠯ ᠵᠢᠷᠤᠬ ᠳᠠᠳᠠᠭᠤᠯᠤᠨ ᠳᠤᠷᠠᠰᠬᠠᠯ ᠦᠯᠡᠳᠡᠬᠡᠪᠡ᠃ ᠨᠠᠮ᠋ ᠤᠨ ᠳᠦᠪ ᠬᠤᠷᠢᠶ᠍᠋ᠠᠨ ᠤ ᠤᠯᠤᠰ ᠳᠦᠷᠦ ᠵᠢᠨ ᠳᠤᠪᠴᠢᠶ᠍᠋ᠠᠨ ᠤ ᠬᠡᠰᠢᠬᠦᠨ᠂ ᠳᠦᠪ ᠤᠨ ᠱᠦᠵᠢ ᠨᠠᠷ ᠤᠨ ᠭᠠᠵᠠᠷ ᠤᠨ ᠱᠦᠵᠢ᠂ ᠳᠦᠪ ᠤᠨ ᠠᠯᠪᠠᠨ ᠳᠢᠩᠬᠢᠮ᠋ ᠤᠨ ᠡᠷᠬᠢᠯᠡᠭᠴᠢ ᠳ᠋ᠢᠩ ᠰᠢᠤᠧᠠᠢ ᠰᠢᠶ᠍᠋ᠠᠩ᠂ ᠳᠦᠷᠦ ᠵᠢᠨ ᠶᠠᠪᠤᠳᠠᠯ ᠤᠨ ᠬᠤᠷᠢᠶ᠍᠋ᠠᠨ ᠤ ᠳᠡᠳ᠋ ᠶᠡᠷᠦᠩᠬᠡᠢ ᠰᠠᠢᠢᠳ ᠮᠠ ᠺᠠᠢ᠂ ᠳᠦᠷᠦ ᠵᠢᠨ ᠶᠠᠪᠤᠳᠠᠯ ᠤᠨ ᠬᠤᠷᠢᠶ᠍᠋ᠠᠨ ᠤ ᠳᠡᠳ᠋ ᠶᠡᠷᠦᠩᠬᠡᠢ ᠰᠠᠢᠢᠳ ᠯᠢᠦ ᠶᠠᠨ ᠳ᠋ᠦᠩ᠂ ᠨᠠᠮ᠋ ᠤᠨ ᠳᠦᠪ ᠬᠤᠷᠢᠶ᠍᠋ᠠᠨ ᠤ ᠤᠯᠤᠰ ᠳᠦᠷᠦ ᠵᠢᠨ ᠳᠤᠪᠴᠢᠶ᠍᠋ᠠᠨ ᠤ ᠬᠡᠰᠢᠬᠦᠨ᠂ ᠳᠦᠷᠦ ᠵᠢᠨ ᠶᠠᠪᠤᠳᠠᠯ ᠤᠨ ᠬᠡᠰᠢᠬᠦᠨ ᠶᠠᠩ ᠵᠢᠶ᠍᠋ᠧ ᡂᠢ᠂ ᠪᠦᠬᠦ ᠤᠯᠤᠰ ᠤᠨ ᠤᠯᠤᠰ ᠳᠦᠷᠦ ᠵᠢᠨ ᠵᠦᠪᠯᠡᠯᠬᠡᠨ ᠤ ᠳᠡᠳ᠋ ᠳᠡᠷᠢᠬᠦᠯᠡᠭᠴᠢ ᠴᠧᠠ ᠶᠤᠧᠠᠨ᠂ ᠪᠦᠬᠦ ᠤᠯᠤᠰ ᠤᠨ ᠤᠯᠤᠰ ᠳᠦᠷᠦ ᠵᠢᠨ ᠵᠦᠪᠯᠡᠯᠬᠡᠨ ᠤ ᠳᠡᠳ᠋ ᠳᠡᠷᠢᠬᠦᠯᠡᠭᠴᠢ ᠵᠧᠦ ᠰᠢᠶ᠍᠋ᠤᠤ ᠴᠤᠧᠠᠨ ᠨᠠᠷ ᠠᠭᠤᠯᠵᠠᠯᠳᠠ ᠳ᠋ᠤ ᠤᠷᠤᠯᠴᠠᠪᠠ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
010070230030000000000000011120701121883360