ᠰᠢ ᠵᠢᠨ ᠫᠢᠩ ᠶᠡᠷᠦᠩᠬᠡᠢ ᠱᠦᠵᠢ ᠳᠦᠪ ᠤᠨ ᠤᠯᠤᠰ ᠳᠦᠷᠦ ᠶᠢᠨ ᠳᠤᠪᠴᠢᠶᠠᠨ ᠤ ᠪᠠᠶᠢᠩᠭᠤ ᠶᠢᠨ ᠬᠡᠰᠢᠬᠦᠳ ᠢ ᠳᠠᠭᠠᠭᠤᠯᠤᠨ ᠨᠠᠮ ᠳᠤ ᠤᠷᠤᠬᠤ ᠳᠠᠩᠭᠠᠷᠢᠭ ᠤᠨ ᠦᠬᠡ ᠶᠢ ᠳᠠᠬᠢᠨ ᠤᠩᠰᠢᠪᠠ 2017-11-01 09:48

    ᠰᠢᠨᠬᠤᠧᠠ ᠬᠤᠷᠢᠶ᠎ᠠ   ᠱᠠᠩᠬᠠᠢ᠂ ᠵᠧᠵᠢᠶᠠᠩ ᠤᠨ ᠵᠢᠶᠠ ᠰᠢᠩ ᠤᠨ 10 ᠰᠠᠷ᠎ᠠ ᠶᠢᠨ 31 ᠤ ᠡᠳᠦᠷ ᠤᠨ ᠴᠠᠬᠢᠯᠭᠠᠨ ᠮᠡᠳᠡᠭᠡ   ᠨᠠᠮ ᠤᠨ ᠠᠷᠪᠠ ᠶᠢᠰᠦᠳᠦᠭᠡᠷ ᠶᠡᠬᠡ ᠬᠤᠷᠠᠯ ᠲᠡᠬᠦᠰᠦᠭᠡᠳ ᠨᠢᠬᠡ ᠯᠡ ᠭᠠᠷᠠᠭ ᠪᠤᠯᠤᠮᠠᠭᠴᠠ᠂ ᠨᠠᠮ ᠤᠨ ᠲᠦᠪ ᠬᠤᠷᠢᠶᠠᠨ ᠤ ᠶᠡᠷᠤᠩᠬᠡᠢ ᠱᠦᠵᠢ᠂ ᠤᠯᠤᠰ ᠤᠨ ᠲᠡᠷᠢᠬᠦᠯᠡᠭᠴᠢ᠂ ᠲᠦᠪ ᠤᠨ ᠴᠡᠷᠢᠭ ᠤᠨ ᠶᠠᠪᠤᠳᠠᠯ ᠤᠨ ᠬᠤᠷᠢᠶᠠᠨ ᠤ ᠲᠡᠷᠢᠬᠦᠯᠡᠭᠴᠢ ᠰᠢ ᠵᠢᠨ ᠫᠢᠩ ᠲᠤᠮᠳᠠᠳᠤ ᠤᠯᠤᠰ ᠤᠨ ᠡᠪ ᠬᠠᠮᠳᠤ ᠨᠠᠮ ᠤᠨ ᠲᠦᠪ ᠬᠤᠷᠢᠶᠠᠨ ᠤ ᠤᠯᠤᠰ ᠲᠦᠷᠦ ᠢᠢᠨ ᠲᠤᠪᠴᠢᠶᠠᠨ ᠤ ᠪᠠᠢᠢᠩᠭᠤ ᠢᠢᠨ ᠬᠡᠰᠢᠬᠦᠨ ᠯᠢ ᠺᠧ ᠴᠢᠶᠠᠩ᠂ ᠯᠢ ᠵᠠᠨ ᠱᠦ᠂ ᠸᠠᠩ ᠶᠠᠩ᠂ ᠸᠠᠩ ᠬᠤ ᠨᠢᠩ᠂ ᠵᠤᠤ ᠯᠧ ᠵᠢᠢ᠂ ᠬᠠᠨ ᠵᠧᠩ ᠢ ᠲᠠᠭᠠᠭᠤᠯᠤᠨ᠂ 10 ᠰᠠᠷ᠎ᠠ ᠢᠢᠨ 31 ᠤ ᠡᠳᠤᠷ ᠲᠤᠰᠬᠠᠢᠢᠯᠠᠨ ᠪᠡᠭᠡᠵᠢᠩ ᠡᠴᠡ ᠱᠠᠩᠬᠠᠢ ᠪᠤᠯᠤᠨ ᠵᠧᠵᠢᠶᠠᠩ ᠤᠨ ᠵᠢᠶᠠ ᠰᠢᠩ ᠳ᠋ᠤ ᠢᠷᠡᠵᠥ᠂ ᠱᠠᠩᠬᠠᠢ ᠳ᠋ᠡᠬᠢ ᠲᠤᠮᠳᠠᠳᠤ ᠤᠯᠤᠰ ᠤᠨ ᠡᠪ ᠬᠠᠮᠳᠤ ᠨᠠᠮ ᠤᠨ ᠠᠩᠬᠠᠳᠤᠭᠠᠷ ᠶᠡᠬᠡ ᠬᠤᠷᠡᠯ ᠬᠤᠷᠠᠯᠳᠤᠭᠰᠠᠠ ᠭᠠᠵᠠᠷ ᠪᠤᠯᠤᠨ ᠵᠧᠵᠢᠶᠠᠩ ᠤᠨ ᠵᠢᠶᠠ ᠰᠢᠩ ᠤᠨ ᠨᠠᠨ ᠬᠤ ᠨᠠᠭᠤᠷ ᠤᠨ ᠤᠯᠠᠭᠠᠨ ᠤᠩᠭᠤᠴᠠᠠ ᠳ᠋ᠤ ᠪᠠᠷᠠᠳᠠᠵᠥ᠂ ᠨᠠᠮ ᠪᠠᠢᠢᠭᠤᠯᠤᠭᠰᠠᠠ ᠲᠡᠤᠬᠡ ᠢᠢ ᠡᠷᠬᠢᠴᠡᠬᠦᠯᠵᠥ᠂ ᠨᠠᠮ ᠳ᠋ᠤ ᠤᠷᠤᠬᠤ ᠲᠠᠩᠭᠠᠷᠢᠭ ᠤᠨ ᠦᠬᠡ ᠵᠢ ᠲᠠᠬᠢᠨ ᠤᠩᠰᠢᠵᠥ᠂ ᠰᠢᠨ᠎ᠠ ᠨᠢᠬᠡ ᠬᠤᠭᠤᠴᠠᠭᠠᠨ ᠤ ᠲᠦᠪ ᠤᠨ ᠤᠳᠤᠷᠢᠳᠬᠤ ᠬᠠᠮᠳᠤ ᠢᠢᠨ ᠪᠠᠳᠤ ᠴᠢᠨᠭᠭ᠎ᠠ ᠤᠯᠤᠰ ᠲᠦᠷᠦ ᠢᠢᠨ ᠢᠳᠡᠭᠡᠯ ᠪᠢᠰᠢᠷᠡᠯ ᠢ ᠢᠯᠡᠷᠬᠡᠢᠢᠯᠡᠪᠡ᠃

    ᠰᠢ ᠵᠢᠨ ᠫᠢᠩ ᠴᠢᠬᠤᠯᠠ ᠶᠠᠷᠢᠶ᠎ᠠ ᠲᠠᠯᠪᠢᠵᠥ᠂ ᠤᠭ ᠰᠠᠨᠠᠭ᠎ᠠ ᠪᠡᠨ ᠦᠯᠥ ᠮᠠᠷᠳᠠᠵᠥ᠂ ᠡᠬᠦᠷᠬᠡ ᠬᠠᠷᠢᠭᠤᠴᠠᠯᠭ᠎ᠠ ᠪᠡᠨ ᠪᠡᠳᠤ ᠴᠡᠬᠡᠵᠢᠯᠡᠵᠥ᠂ ᠡᠬᠦᠷᠢᠳᠡ ᠤᠷᠤᠭᠰᠢᠯᠠᠪᠠᠯ ᠰᠠᠶ᠊ᠢ ᠲᠤᠮᠳᠠᠳᠤ ᠤᠯᠤᠰ ᠤᠨ ᠡᠪ ᠬᠠᠮᠳᠤ ᠨᠠᠮ ᠢ ᠡᠬᠦᠷᠢᠳᠡ ᠵᠠᠯᠠᠭᠤ ᠪᠠᠢᠢᠯᠭᠠᠵᠥ ᠴᠢᠳᠠᠨ᠎ᠠ᠃ ᠪᠦᠬᠦ ᠨᠠᠮ ᠪᠦᠬᠦ ᠤᠯᠤᠰ ᠤᠨ ᠦᠨᠳᠦᠰᠦᠳᠡᠨ ᠨᠤᠬᠦᠳ ᠤᠨ ᠠᠷᠠᠳ ᠲᠦᠮᠡᠨ ᠪᠦᠯᠬᠦᠮᠳᠡᠨ ᠨᠢᠬᠡᠳᠴᠦ᠂ ᠬᠠᠳᠠᠭᠤᠵᠢᠯᠳᠠᠢ ᠠᠵᠢᠯᠯᠠᠵᠥ ᠪᠤᠳᠠᠳᠠᠢ ᠠᠵᠢᠯᠯᠠᠪᠠᠯ᠂ ᠲᠤᠮᠳᠠᠳᠤ ᠢᠢᠨ ᠦᠨᠳᠦᠰᠦᠳᠡᠨ ᠤ ᠠᠭᠤᠤ ᠶᠡᠬᠡ ᠰᠡᠷᠬᠦᠨ ᠮᠠᠨᠳᠤᠯᠳᠠ ᠢᠢᠨ ᠠᠪᠤᠷᠭᠤ ᠤᠩᠭᠤᠴᠠ ᠯᠠᠪᠳᠠᠢ ᠰᠠᠯᠬᠢ ᠲᠠᠪᠠᠯᠭᠠᠨ ᠢ ᠰᠦᠷᠦᠨ ᠤᠷᠤᠭᠰᠢᠯᠠᠵᠥ᠂ ᠬᠡᠷᠡᠯ ᠰᠠᠴᠤᠷᠠᠩᠭᠤᠢ ᠲᠡᠷᠳᠡᠭᠡ ᠬᠦᠪᠡᠭᠡ ᠳ᠋ᠤ ᠢᠯᠠᠯᠳᠡ ᠲᠠᠢ ᠪᠡᠷ ᠬᠦᠷᠴᠦ ᠴᠢᠳᠠᠬᠤ ᠶᠤᠮ ᠬᠡᠵᠥ ᠴᠢᠬᠤᠯᠠᠴᠢᠯᠠᠪᠠ᠃

    31 ᠤ ᠦᠳᠡ ᠡᠴᠡ ᠡᠮᠤᠨ᠎ᠠ᠂ ᠰᠢ ᠵᠢᠨ ᠫᠢᠩ ᠨᠡᠷ ᠨᠢᠰᠬᠦ ᠤᠩᠭᠤᠴᠠᠨ ᠡᠴᠡ ᠪᠠᠭᠤᠮᠠᠭᠴᠠ᠂ ᠱᠠᠩᠬᠠᠢ ᠬᠤᠳᠠ ᠢᠢᠨ ᠰᠢᠩ ᠶᠧ ᠵᠠᠮ ᠤᠨ 76  ᠳ᠋ᠤᠭᠠᠷ ᠨᠤᠮᠧᠷ ᠲᠥ ᠪᠠᠢᠢᠭ᠎ᠠ ᠲᠤᠮᠳᠠᠳᠤ ᠤᠯᠤᠰ ᠤᠨ ᠡᠪ ᠬᠠᠮᠳᠤ ᠨᠠᠮ ᠤᠨ ᠠᠩᠬᠠᠳᠤᠭᠠᠷ ᠶᠡᠬᠡ ᠬᠤᠷᠡᠯ ᠬᠤᠷᠠᠯᠳᠤᠭᠰᠠᠠ ᠭᠠᠵᠠᠷ ᠲᠥ ᠬᠦᠷᠪᠡ᠃ ᠭᠠᠰᠠᠯᠠᠩ ᠵᠤᠪᠠᠯᠠᠩ ᠢ ᠲᠤᠭᠤᠯᠤᠭᠰᠠᠠ ᠡᠨᠡᠬᠦ ᠴᠢᠯᠠᠭᠤᠨ ᠪᠠᠷᠢᠯᠭ᠎ᠠ ᠢᠢ 1952 ᠤᠨ ᠤ 9 ᠰᠠᠷ᠎ᠠ ᠳ᠋ᠤ ᠰᠡᠯᠪᠢᠨ ᠵᠠᠰᠠᠭᠠᠳ ᠬᠦᠮᠥᠰ ᠲᠥ ᠨᠡᠬᠡᠬᠡᠭᠰᠡᠡ ᠶᠤᠮ᠂ ᠬᠦᠷ ᠨᠠᠷᠬᠢᠶᠠᠨ ᠲᠠᠢ ᠲᠦᠪ ᠬᠤᠳᠠ ᠢᠢᠨ ᠲᠤᠮᠳᠠ ᠲᠦᠪ ᠬᠢᠴᠢᠶᠡᠩᠬᠦᠢ ᠬᠠᠷᠠᠭᠳᠠᠨ᠎ᠠ᠃ 96 ᠵᠢᠯ ᠤᠨ ᠡᠮᠤᠨ᠎ᠠ᠂ 1921 ᠤᠨ ᠤ 7 ᠰᠠᠷ᠎ᠠ ᠳ᠋ᠤ᠂ ᠲᠤᠮᠳᠠᠳᠤ ᠤᠯᠤᠰ ᠤᠨ ᠡᠪ ᠬᠠᠮᠳᠤ ᠨᠠᠮ ᠤᠨ ᠠᠩᠬᠠᠳᠤᠭᠠᠷ ᠤᠳᠠᠭ᠎ᠠ ᠢᠢᠨ ᠪᠦᠬᠦ ᠤᠯᠤᠰ ᠤᠨ ᠲᠦᠯᠥᠬᠡᠯᠡᠭᠴᠢᠳ ᠤᠨ ᠶᠡᠬᠡ ᠬᠤᠷᠠᠯ ᠡᠨᠳᠡ ᠬᠤᠷᠠᠯᠳᠤᠪᠠ᠂ ᠬᠤᠷᠠᠯ ᠤᠨ ᠭᠤᠤᠯ ᠵᠦᠪᠯᠡᠬᠦ ᠵᠦᠢᠯ ᠨᠢ ᠲᠤᠮᠳᠠᠳᠤ ᠤᠯᠤᠰ ᠤᠨ ᠡᠪ ᠬᠠᠮᠳᠤ ᠨᠠᠮ ᠢ ᠪᠠᠢᠢᠭᠤᠯᠬᠤ ᠶᠠᠪᠤᠳᠠᠯ ᠪᠤᠯᠤᠨ᠎ᠠ᠃

    ᠰᠢ ᠵᠢᠨ ᠫᠢᠩ ᠨᠡᠷ ᠰᠢᠩ ᠶᠧ ᠵᠠᠮ ᠳ᠋ᠤ ᠲᠡᠷᠭᠡᠨ ᠡᠴᠡ ᠪᠠᠭᠤᠭᠠᠤᠠ ᠶᠠᠪᠠᠭᠠᠨ ᠢᠶᠡᠷ ᠲᠤᠮᠳᠠᠳᠤ ᠤᠯᠤᠰ ᠤᠨ ᠡᠪ ᠬᠠᠮᠳᠤ ᠨᠠᠮ ᠤᠨ ᠠᠩᠬᠠᠳᠤᠭᠠᠷ ᠶᠡᠬᠡ ᠬᠤᠷᠠᠯ ᠬᠤᠷᠠᠯᠳᠤᠭᠰᠠᠠ ᠭᠠᠵᠠᠷ ᠤᠨ ᠲᠤᠷᠠᠰᠬᠠᠯ ᠤᠨ ᠤᠷᠳᠤᠨ ᠳ᠋ᠤ ᠬᠦᠷᠪᠡ᠃ ᠰᠢ ᠵᠢᠨ ᠫᠢᠩ ᠱᠠᠩᠬᠠᠢ ᠳ᠋ᠤ ᠠᠵᠢᠯᠯᠠᠵᠥ ᠪᠠᠢᠢᠬᠤ ᠬᠤᠭᠤᠴᠠᠭᠠᠨ ᠳ᠋ᠠᠭᠠᠨ ᠡᠨᠳᠡ ᠭᠤᠷᠪᠠ ᠤᠳᠠᠭ᠎ᠠ ᠢᠷᠡᠭᠰᠡᠡ ᠶᠤᠮ᠃ ᠡᠨᠳᠡ᠂ ᠰᠢ ᠵᠢᠨ ᠫᠢᠩ ᠶᠠᠭᠤᠨ ᠤ ᠡᠮᠤᠨ᠎ᠠ ᠲᠤᠮᠳᠠᠳᠤ ᠤᠯᠤᠰ ᠤᠨ ᠡᠪ ᠬᠠᠮᠳᠤ ᠨᠠᠮ ᠤᠨ ᠠᠩᠬᠠᠳᠤᠭᠠᠷ ᠶᠡᠬᠡ ᠬᠤᠷᠠᠯ ᠤᠨ ᠬᠤᠷᠠᠯ ᠤᠨ ᠬᠡᠷ ᠤᠨ ᠪᠠᠭᠤᠷᠢ ᠳ᠋ᠤ ᠪᠠᠷᠠᠳᠠᠪᠠ᠃ ᠡᠨᠡᠬᠦ 18 ᠲᠡᠭᠰᠢ ᠲᠦᠷᠪᠡᠯᠵᠢᠨ ᠮᠧᠲ᠋ᠷ ᠤᠨ ᠬᠡᠷ ᠢ ᠲᠤᠬᠠᠢ ᠵᠢᠨ ᠵᠢᠯ ᠤᠨ ᠬᠤᠷᠠᠯ ᠬᠢᠭᠰᠡᠡ ᠪᠠᠢᠢᠳᠠᠯ ᠢᠶᠡᠷ ᠲᠦᠪᠬᠢᠨᠡᠬᠦᠯᠥᠭᠰᠡᠡ ᠪᠠᠢᠢᠯ᠎ᠠ᠃ ᠰᠢ ᠵᠢᠨ ᠫᠢᠩ ᠤᠳᠠᠳᠠᠯ᠎ᠠ ᠰᠢᠷᠳᠡᠵᠥ᠂ ᠬᠤᠷᠠᠯ ᠬᠤᠷᠠᠯᠳᠤᠭᠰᠠᠠ ᠭᠠᠵᠠᠷ ᠢ ᠵᠠᠪᠠᠯ ᠰᠠᠢᠢᠳᠤᠷ ᠬᠠᠮᠠᠭᠠᠯᠠᠵᠥ᠂ ᠰᠠᠢᠢᠳᠤᠷ ᠠᠰᠢᠬᠯᠠᠬᠤ ᠬᠡᠷᠡᠭᠳᠡᠢ ᠬᠡᠵᠥ ᠵᠡᠬᠢᠪᠡ᠃

    ᠰᠢ ᠵᠢᠨ ᠫᠢᠩ᠂ ᠮᠠᠤ ᠽᠧ ᠳ᠋ᠦᠩ ᠨᠦᠬᠦᠷ ᠡᠨᠳᠡᠬᠢ ᠢᠢ ᠲᠤᠮᠳᠠᠳᠤ ᠤᠯᠤᠰ ᠤᠨ ᠡᠪ ᠬᠠᠮᠳᠤ ᠨᠠᠮ ᠤᠨ《ᠬᠦᠩᠬᠡᠵᠢᠭᠦᠯᠭᠡ ᠶᠢᠨ ᠤᠷᠤ》ᠬᠡᠵᠥ ᠬᠡᠯᠡᠪᠡ᠂ ᠡᠨᠡᠬᠦ ᠵᠦᠢᠷᠯᠡᠯ ᠲᠤᠩ ᠲᠦᠷᠰᠦᠯᠢᠭ ᠪᠤᠯᠵᠠᠢ᠂ ᠮᠢᠨᠦ ᠦᠵᠡᠬᠦ ᠪᠡᠷ ᠡᠨᠳᠡᠬᠢ ᠨᠢ ᠮᠠᠨ ᠤ ᠲᠤᠮᠳᠠᠳᠤ ᠤᠯᠤᠰ ᠤᠨ ᠡᠪ ᠬᠠᠮᠳᠤᠴᠤᠳ ᠤᠨ ᠤᠶᠤᠨ ᠰᠠᠨᠠᠭᠠᠨ ᠤ ᠭᠡᠷ ᠤᠷᠤᠨ ᠪᠤᠯᠤᠨ᠎ᠠ ᠬᠡᠵᠥ ᠭᠦᠨ ᠰᠡᠳᠭᠢᠯᠭᠡ ᠲᠠᠢ ᠪᠡᠷ ᠬᠡᠯᠡᠪᠡ᠃ ᠲᠠᠷᠠᠭ᠎ᠠ ᠨᠢ᠂ ᠰᠢ ᠵᠢᠨ ᠫᠢᠩ ᠨᠡᠷ ᠲᠤᠮᠳᠠᠳᠤ ᠤᠯᠤᠰ ᠤᠨ ᠡᠪ ᠬᠠᠮᠳᠤ ᠨᠠᠮ ᠤᠨ ᠠᠩᠬᠠᠳᠤᠭᠠᠷ ᠶᠡᠬᠡ ᠬᠤᠷᠠᠯ ᠤᠨ ᠲᠦᠯᠥᠬᠡᠯᠡᠭᠴᠢᠳ ᠤᠨ ᠬᠦᠳᠦᠬᠦᠷ ᠰᠡᠢᠢᠯᠥᠮᠡᠯ ᠳ᠋ᠤ ᠪᠠᠷᠠᠳᠠᠵᠥ᠂《ᠠᠭᠤᠤ ᠶᠡᠬᠡ ᠡᠬᠢᠯᠡᠯᠳᠡ- ᠲᠤᠮᠳᠠᠳᠤ ᠤᠯᠤᠰ ᠤᠨ ᠡᠪ ᠬᠠᠮᠳᠤ ᠨᠠᠮ ᠢ ᠡᠬᠦᠰᠬᠡᠨ ᠪᠠᠢᠢᠭᠤᠯᠤᠭᠰᠠᠠ ᠲᠡᠤᠬᠡ ᠢᠢᠨ ᠲᠡᠯᠬᠡᠨ ᠦᠵᠡᠬᠦᠯᠥᠯᠬᠡ》 ᠶ᠋ᠢ ᠲᠤᠭᠤᠷᠢᠨ ᠦᠵᠡᠪᠡ᠃

    《ᠡᠮᠤᠨᠡᠬᠢ ᠨᠢ ᠤᠨᠠᠪᠠᠯ ᠬᠤᠢᠢᠨᠠᠬᠢ ᠨᠢ ᠵᠠᠯᠭᠠᠮᠵᠢᠯᠠᠵᠥ᠂ ᠮᠦᠬᠦᠯ ᠡᠴᠡ ᠠᠪᠤᠷᠠᠵᠥ ᠲᠤᠬᠳᠠᠨᠢᠯ ᠢ ᠡᠷᠢᠯᠬᠢᠯᠡᠨᠡᠮ》᠂《ᠦᠢᠮᠡᠬᠡᠨ ᠲᠡᠪᠵᠢᠶᠡᠨ ᠳ᠋ᠤ ᠤᠴᠠᠷᠠᠭᠰᠠᠠ ᠴᠦ᠂ ᠨᠠᠮ ᠪᠠᠢᠢᠭᠤᠯᠬᠤ ᠪᠡᠷ ᠬᠠᠳᠠᠭᠤ ᠪᠤᠯᠵᠤᠨᠠᠮ》᠂ 《ᠪᠠᠭᠠᠳᠤᠷ ᠰᠤᠳᠤᠨᠴᠤᠳ ᠴᠤᠭᠯᠠᠷᠠᠵᠥ᠂ ᠭᠠᠯᠪᠠ ᠲᠡᠯᠡᠬᠡᠢ ᠢᠢ ᠲᠤᠬᠳᠠᠭᠠᠨᠠᠮ》ᠵᠡᠷᠬᠡ ᠲᠤᠰᠬᠠᠢ ᠰᠡᠳᠤᠪᠳᠤ ᠦᠵᠡᠬᠦᠯᠥᠯᠬᠡ ᠢᠢᠨ ᠲᠤᠭᠤᠷᠢᠭ ᠲᠥ ᠦᠯᠡᠮᠵᠢᠬᠡᠨ ᠪᠤᠳᠠᠰ ᠪᠤᠯᠤᠨ ᠬᠡᠷᠡᠯ ᠵᠢᠷᠤᠭ ᠢ ᠲᠡᠯᠭᠡᠨ ᠦᠵᠡᠬᠦᠯᠵᠥ᠂ ᠵᠠᠷᠢᠮ ᠢ ᠨᠢ ᠰᠡᠢᠢᠯᠥᠭᠰᠡᠡ ᠪᠤᠶᠤ ᠡᠯᠡᠰᠦ ᠪᠡᠷ ᠬᠢᠭᠰᠡᠡ ᠪᠠᠢᠢᠯ᠎ᠠ᠂ ᠰᠢ ᠵᠢᠨ ᠫᠢᠩ ᠲᠠᠨᠢᠯᠴᠠᠭᠤᠯᠭ᠎ᠠ ᠢᠢ ᠰᠤᠨᠤᠰᠬᠤ ᠢᠢᠨ ᠲᠠᠭᠠᠤ ᠨᠠᠷᠢᠨ ᠵᠦᠢᠯᠡᠰ ᠢ ᠯᠠᠪᠯᠠᠨ ᠠᠰᠠᠭᠤᠵᠥ ᠪᠠᠢᠢᠯ᠎ᠠ᠃ ᠲᠡᠷᠡᠪᠡᠷ ᠭᠦᠳᠦᠬᠦᠷ ᠰᠡᠢᠢᠯᠦᠮᠡᠯ ᠢ ᠬᠠᠷᠠᠵᠤ ᠲᠤᠮᠳᠠᠳᠤ ᠤᠯᠤᠰ ᠤᠨ ᠡᠪ ᠬᠠᠮᠳᠤ ᠨᠠᠮ ᠤᠨ ᠠᠨᠭᠬᠠᠳᠤᠭᠠᠷ ᠶᠡᠬᠡ ᠬᠤᠷᠠᠯ ᠤᠨ 13 ᠲᠦᠯᠦᠭᠡᠯᠡᠭᠴᠢ ᠶᠢᠨ ᠨᠡᠷᠡᠰ ᠢ ᠨᠢᠭᠡ ᠨᠢᠭᠡ ᠪᠡᠷ ᠶᠠᠷᠢᠵᠤ᠂ ᠪᠠᠭᠠᠳᠤᠷ ᠰᠤᠳᠤᠨᠴᠤᠳ ᠤᠨ ᠴᠤᠯᠭᠤᠷᠠᠯ ᠮᠡᠨᠳᠦᠯᠡᠯ ᠢ ᠪᠢᠰᠢᠷᠡᠵᠤ᠂ ᠰᠢᠷᠦᠭᠦᠨ ᠲᠡᠮᠡᠴᠡᠯ ᠤᠨ ᠰᠢᠯᠭᠠᠯᠳᠠ ᠢᠢ ᠲᠠᠭᠠᠭᠠᠬᠰᠠᠨ ᠦᠨᠭᠭᠡᠷᠡᠯᠳᠡ ᠢᠢ ᠪᠢᠰᠢᠷᠡᠵᠤ ᠪᠠᠢᠢᠯ᠎ᠠ᠃

    ᠰᠢ ᠵᠢᠨ ᠫᠢᠩ᠂ ᠨᠠᠮ ᠪᠠᠢᠢᠭᠤᠯᠬᠤ ᠦᠶ᠎ᠠ ᠢᠢᠨ ᠲᠡᠤᠬᠡ ᠢᠢᠨ ᠲᠤᠷᠠᠰᠬᠠᠯᠳᠤ ᠵᠦᠢᠯᠡᠰ ᠪᠦᠷᠢ ᠨᠢ ᠲᠤᠢᠢᠯ ᠤᠨ ᠬᠤᠪᠤᠷ ᠴᠤᠬᠠᠭ᠂ ᠦᠵᠡᠭᠳᠡᠯ ᠪᠦᠷᠢ ᠨᠢ ᠭᠦᠨ ᠰᠡᠳᠬᠢᠭᠦᠰᠢᠳᠠᠢ ᠪᠠᠢᠢᠭ᠎ᠠ ᠶᠤᠮ᠂ ᠪᠢᠳᠡ ᠦᠷᠬᠦᠯᠵᠢ ᠡᠷᠬᠢᠴᠡᠬᠦᠯᠵᠥ᠂ ᠬᠦᠨᠵᠡᠬᠡᠢ ᠰᠡᠳᠬᠢᠨ ᠪᠤᠳᠤᠵᠥ᠂ ᠡᠬᠦᠨ ᠤ ᠲᠤᠮᠳᠡ ᠡᠴᠡ ᠮᠠᠨ ᠤ ᠨᠠᠮ ᠤᠨ ᠤᠭ ᠰᠠᠨᠠᠭ᠎ᠠ ᠢᠢ ᠤᠢᠢᠯᠠᠭᠠᠬᠤ ᠬᠡᠷᠡᠭᠳᠡᠢ ᠬᠡᠵᠥ ᠵᠢᠭᠠᠵᠥ ᠭᠠᠷᠭᠠᠪᠠ᠃

    《ᠬᠦᠰᠡᠯ ᠤᠨ ᠵᠢᠡᠨ ᠲᠦᠯᠦᠭᠡ ᠲᠡᠮᠡᠴᠡᠶ᠎ᠠ》ᠭᠡᠬᠦ ᠭᠠᠷᠴᠠᠭ ᠲᠠᠢ ᠸᠢᠳᠢᠣ᠋ ᠨᠢ ᠮᠠᠨ ᠤ ᠨᠠᠮ ᠤᠨ ᠰᠦᠷ ᠳᠠᠯᠠᠢᠢᠴᠠᠳᠠᠢ ᠲᠡᠮᠡᠴᠡᠯ ᠤᠨ ᠶᠠᠪᠤᠴᠠ ᠵᠢ ᠢᠯᠡᠷᠡᠭᠦᠯᠪᠡ᠂ ᠰᠢ ᠵᠢᠨ ᠫᠢᠩ ᠨᠠᠷ ᠡᠨᠡᠬᠦ ᠸᠢᠳ᠋ᠢᠣ᠋ ᠵᠢ ᠰᠠᠢᠢᠲᠤᠷ ᠰᠤᠨᠢᠷᠬᠠᠵᠠᠢ᠃ ᠰᠢ ᠵᠢᠨ ᠫᠢᠩ᠂ ᠮᠠᠨ ᠤ ᠨᠠᠮ ᠤᠨ ᠪᠦᠬᠦ ᠲᠡᠤᠬᠡ ᠴᠦᠮ ᠳᠤᠮᠳᠠᠳᠤ ᠤᠯᠤᠰ ᠤᠨ ᠡᠪ ᠬᠠᠮᠲᠦ ᠨᠠᠮ ᠤᠨ ᠠᠩᠬᠠᠳᠤᠭᠠᠷ ᠶᠡᠬᠡ ᠬᠤᠷᠠᠯ ᠡᠴᠡ ᠡᠬᠢᠯᠡᠭᠰᠡᠨ ᠶᠤᠮ᠂ ᠪᠢᠳᠡ ᠬᠡᠳᠤᠢ ᠬᠤᠯᠠ ᠶᠠᠪᠤᠭᠰᠠᠨ ᠴᠤ ᠢᠷᠡᠭᠰᠡᠨ ᠵᠠᠮ ᠢᠶᠡᠨ ᠮᠠᠷᠳᠠᠵᠤ ᠪᠤᠯᠬᠤ ᠦᠭᠡᠢ ᠭᠡᠵᠤ ᠢᠯᠡᠳᠭᠡᠪᠡ᠃

    ᠳᠤᠷᠠᠰᠬᠠᠯ ᠤᠨ ᠤᠷᠳᠤᠨ ᠤ ᠲᠠᠩᠭᠠᠷᠢᠬᠯᠠᠬᠤ ᠲᠢᠩᠭᠢᠮ ᠳᠤ᠂ ᠳᠤᠮᠳᠠᠳᠤ ᠤᠯᠤᠰ ᠤᠨ ᠡᠪ ᠬᠠᠮᠲᠦ ᠨᠠᠮ ᠤᠨ ᠲᠤᠭ ᠢ ᠡᠯᠭᠦᠵᠤ ᠪᠠᠢᠢᠯ᠎ᠠ᠃ ᠨᠠᠮ ᠤᠨ ᠲᠤᠭ ᠤᠨ ᠡᠮᠦᠨ᠎ᠠ᠂ ᠰᠢ ᠵᠢᠨ ᠫᠢᠩ ᠨᠠᠮ ᠤᠨ ᠲᠦᠪ ᠬᠤᠷᠢᠶᠠᠨ ᠤ ᠤᠯᠤᠰ ᠲᠦᠷᠦ ᠵᠢᠨ ᠲᠤᠪᠴᠢᠶᠠᠨ ᠤ ᠪᠤᠰᠤᠳ ᠪᠠᠢᠢᠩᠭᠤ ᠵᠢᠨ ᠭᠡᠰᠢᠭᠦᠳ ᠢ ᠳᠠᠭᠠᠭᠤᠯᠵᠤ ᠨᠠᠮ ᠳᠦ ᠤᠷᠤᠬᠤ ᠲᠠᠩᠭᠠᠷᠢᠭ ᠤᠨ ᠦᠬᠡ ᠵᠢ ᠳᠠᠬᠢᠨ ᠤᠩᠰᠢᠪᠠ᠃ ᠰᠢ ᠵᠢᠨ ᠫᠢᠩ ᠤᠨ ᠳᠠᠭᠠᠭᠤᠯᠭ᠎ᠠ ᠪᠡᠷ᠂ ᠢᠳᠡ ᠬᠦᠴᠦᠲᠠᠢ ᠲᠠᠩᠭᠠᠷᠢᠬᠯᠠᠬᠤ ᠳᠠᠭᠤᠨ ᠲᠢᠩᠭᠢᠮ ᠲᠠᠶᠠᠭᠠᠷ ᠲᠦ ᠴᠤᠤᠷᠢᠶᠠᠳᠤᠵᠤ᠂ ᠲᠤᠬᠠᠢ ᠵᠢᠨ ᠲᠠᠯᠠᠪᠠᠢ ᠵᠢᠨ ᠬᠦᠮᠦᠰ ᠢ ᠲᠦᠢᠯ ᠢᠶᠡᠷ ᠳᠤᠭᠳᠤᠯᠤᠭᠤᠯᠵᠤ᠂ ᠲᠡᠷᠡᠬᠦ ᠤᠷᠤᠭ᠎ᠠ ᠪᠤᠰᠬᠠᠭ᠎ᠠ ᠴᠠᠭ ᠦᠶ᠎ᠠ ᠳᠦ ᠳᠠᠬᠢᠨ ᠬᠦᠷᠦᠭᠰᠡᠨ ᠮᠡᠳᠦ ᠰᠠᠨᠠᠭᠳᠠᠭᠤᠯᠤᠨ᠎ᠠ᠃ ᠰᠢ ᠵᠢᠨ ᠫᠢᠩ᠂ ᠨᠠᠮ ᠳᠦ ᠤᠷᠤᠬᠤ ᠲᠠᠩᠭᠠᠷᠢᠭ ᠤᠨ ᠦᠭᠡ ᠲᠡᠢᠢᠮᠦ ᠠᠷᠪᠢᠨ ᠪᠢᠰᠢ᠂ ᠴᠡᠭᠡᠵᠢᠯᠡᠬᠦ ᠳᠦ ᠴᠤ ᠬᠦᠴᠢᠷ ᠪᠢᠰᠢ᠂ ᠬᠦᠴᠢᠷ ᠨᠢ ᠭᠡᠪᠡᠯ ᠨᠠᠰᠤᠨ ᠲᠤᠷᠰᠢᠳᠠ ᠪᠠᠷᠢᠮᠳᠠᠯᠠᠬᠤ ᠶᠠᠪᠤᠳᠠᠯ ᠪᠤᠯᠤᠨ᠎ᠠ᠃ ᠨᠠᠮ ᠤᠨ ᠭᠡᠰᠢᠭᠦᠨ ᠨᠢᠭᠡᠪᠦᠷᠢ ᠨᠠᠮ ᠳᠦ ᠤᠷᠤᠬᠤ ᠲᠠᠩᠭᠠᠷᠢᠭ ᠢᠶᠡᠨ ᠪᠠᠲᠦ ᠴᠡᠭᠡᠵᠢᠯᠡᠵᠤ᠂ ᠦᠷᠭᠦᠯᠵᠢ ᠡᠭᠦᠨ ᠢᠶᠡᠷ ᠪᠠᠷᠢᠮᠵᠢᠶ᠎ᠠ ᠪᠤᠯᠭᠠᠵᠤ᠂ ᠡᠭᠦᠷᠢᠳᠡ ᠪᠠᠷᠢᠮᠳᠠᠯᠠᠬᠤ ᠬᠡᠷᠡᠭᠲᠠᠢ ᠭᠡᠵᠤ ᠴᠢᠬᠤᠯᠠᠴᠢᠯᠠᠪᠠ᠃

    ᠲᠤᠰ ᠡᠳᠦᠷ ᠤᠨ ᠦᠳᠡ ᠵᠢᠨ ᠬᠤᠢᠢᠨ᠎ᠠ᠂ ᠰᠢ ᠵᠢᠨ ᠫᠢᠩ ᠨᠠᠷ ᠱᠠᠩᠬᠠᠢ ᠡᠴᠡ ᠭᠠᠯᠲᠦ ᠲᠡᠷᠭᠡᠨ ᠳᠦ ᠰᠠᠭᠤᠵᠤ ᠵᠧᠵᠢᠶᠠᠩ ᠤᠨ ᠵᠢᠶᠠ ᠰᠢᠩ ᠬᠤᠲᠠ ᠳᠦ ᠢᠷᠡᠵᠤ᠂ ᠳᠤᠮᠳᠠᠳᠤ ᠤᠯᠤᠰ ᠤᠨ ᠡᠪ ᠬᠠᠮᠲᠦ ᠨᠠᠮ ᠤᠨ ᠠᠩᠬᠠᠳᠤᠭᠠᠷ ᠶᠡᠬᠡ ᠬᠤᠷᠠᠯ ᠤᠨ ᠤᠯᠠ ᠮᠦᠷ ᠢ ᠦᠷᠭᠦᠯᠵᠢᠯᠡᠨ ᠬᠠᠢᠢᠪᠠ᠃ ᠲᠤᠬᠠᠢ ᠵᠢᠨ ᠦᠶ᠎ᠠ ᠳᠤ᠂ ᠱᠠᠩᠬᠠᠢ ᠳᠦ ᠬᠤᠷᠠᠯᠳᠤᠵᠤ ᠪᠠᠢᠢᠭᠰᠠᠨ ᠳᠤᠮᠳᠠᠳᠤ ᠤᠯᠤᠰ ᠤᠨ ᠡᠪ ᠬᠠᠮᠲᠦ ᠨᠠᠮ ᠤᠨ ᠠᠩᠬᠠᠳᠤᠭᠠᠷ ᠶᠡᠬᠡ ᠬᠤᠷᠠᠯ ᠨᠢ ᠱᠠᠩᠬᠠᠢ ᠵᠢᠨ ᠹᠷᠠᠨᠼᠢ ᠵᠢᠨ ᠳᠦᠷᠢᠶᠡᠰᠦᠨ ᠭᠠᠵᠠᠷ ᠤᠨ ᠴᠠᠭᠳᠠᠭ᠎ᠠ ᠢᠢᠨ ᠳᠠᠭᠠᠷᠢᠯᠳᠠ ᠳᠦ ᠤᠴᠠᠷᠠᠵᠤ᠂ ᠪᠠᠴᠢᠮ ᠰᠢᠯᠵᠢᠭᠡᠳ ᠵᠧᠵᠢᠶᠠᠩ ᠤᠨ ᠵᠢᠶᠠ ᠰᠢᠩ ᠤᠨ ᠨᠠᠨ ᠬᠤ ᠨᠠᠭᠤᠷ ᠤᠨ ᠨᠢᠭᠡᠨ ᠵᠢᠵᠢᠭ᠌ ᠤᠩᠭᠤᠴᠠᠨ ᠳᠡᠭᠡᠷ᠎ᠠ ᠦᠷᠭᠦᠯᠵᠢᠯᠡᠨ ᠬᠤᠷᠠᠯᠳᠤᠭᠤᠯᠵᠤ᠂ ᠤᠩᠭᠤᠴᠠᠨ ᠳᠡᠭᠡᠷ᠎᠎ᠡ ᠶᠡᠬᠡ ᠬᠤᠷᠠᠯ ᠤᠨ ᠪᠦᠬᠦ ᠵᠦᠪᠯᠡᠬᠦ ᠵᠦᠢᠯᠡᠰ ᠢ ᠵᠦᠪᠯᠡᠵᠥ ᠲᠠᠭᠤᠰᠬᠠᠪᠠ᠃ ᠡᠭᠦᠨ ᠡᠴᠡ ᠪᠤᠯᠵᠤ ᠡᠨᠡᠬᠦ ᠤᠩᠭᠤᠴᠠ ᠨᠢ ᠤᠯᠠᠭᠠᠨ ᠤᠩᠭᠤᠴᠠ ᠭᠡᠬᠦ ᠨᠡᠷ᠎ᠠ ᠵᠢ ᠤᠯᠵᠤ ᠳᠡᠯᠡᠬᠡᠢ ᠳᠠᠶᠠᠭᠠᠷ ᠲᠦ ᠳᠠᠭᠤᠷᠢᠰᠤᠬᠰᠠᠨ ᠶᠤᠮ᠃

    ᠵᠦᠭᠡᠯᠡᠨ ᠰᠠᠯᠬᠢ ᠰᠡᠷᠴᠢᠭᠢᠨᠡᠵᠤ᠂ ᠨᠠᠮᠬᠠᠨ ᠳᠠᠪᠠᠯᠭᠠᠨ ᠬᠠᠶᠠᠯᠠᠭᠰᠠᠠ ᠨᠠᠨ ᠬᠤ ᠨᠠᠭᠤᠷ᠂ ᠦᠳᠡ ᠵᠢᠨ ᠬᠤᠢᠢᠨᠠᠬᠢ 4᠄40 ᠴᠠᠭ ᠤᠨ ᠦᠶ᠎ᠠ ᠪᠡᠷ ᠰᠢ ᠵᠢᠨ ᠫᠢᠩ ᠨᠠᠷ ᠢ ᠤᠭᠲᠤᠨ ᠠᠪᠴᠠᠢ᠃ ᠰᠢ ᠵᠢᠨ ᠫᠢᠩ ᠨᠠᠷ ᠨᠠᠭᠤᠷ ᠤᠨ ᠬᠦᠪᠡᠭᠡᠨ ᠳᠦ ᠢᠷᠡᠵᠤ ᠤᠯᠠᠭᠠᠨ ᠤᠩᠭᠤᠴᠠᠠ ᠳ᠋ᠤ ᠪᠠᠷᠠᠳᠠᠵᠥ᠂ ᠤᠯᠠᠭᠠᠨ ᠤᠩᠭᠤᠴᠠ ᠵᠢ ᠠᠰᠢᠬᠯᠠᠵᠥ ᠤᠯᠤᠰ ᠢᠶᠡᠨ ᠬᠠᠢᠢᠷᠠᠯᠠᠬᠤ ᠦᠵᠡᠯ ᠤᠨ ᠬᠦᠮᠦᠵᠢᠯ ᠬᠢᠵᠤ ᠪᠠᠢᠢᠬᠤ ᠪᠠᠢᠢᠳᠠᠯ ᠢ ᠨᠠᠷᠢᠨ ᠤᠢᠢᠯᠠᠭᠠᠪᠠ᠃ ᠰᠢ ᠵᠢᠨ ᠫᠢᠩ᠂ ᠵᠢᠵᠢᠭᠬᠡᠨ ᠤᠯᠠᠭᠠᠨ ᠤᠩᠭᠤᠴᠠ ᠲᠦᠮᠡᠨ ᠵᠢᠩ ᠢ ᠠᠴᠢᠶᠠᠯᠠᠵᠤ᠂ ᠳᠤᠮᠳᠠᠳᠤ ᠤᠯᠤᠰ ᠤᠨ ᠬᠤᠪᠢᠰᠬᠠᠯ ᠤᠨ ᠭᠠᠯ ᠭᠤᠯᠤᠮᠳᠠ ᠢᠢ ᠬᠦᠭᠵᠢᠭᠡᠵᠤ᠂ ᠳᠤᠮᠳᠠᠳᠤ ᠤᠯᠤᠰ ᠤᠨ ᠡᠪ ᠬᠠᠮᠲᠦ ᠨᠠᠮ ᠤᠨ ᠵᠠᠭᠤᠨ ᠠᠯᠤᠰᠯᠠᠭᠰᠠᠨ ᠠᠶᠠᠨ ᠢ ᠡᠬᠢᠯᠡᠭᠦᠯᠵᠠᠢ ᠭᠡᠵᠤ ᠵᠢᠭᠠᠵᠤ ᠭᠠᠷᠭᠠᠪᠠ᠃

    ᠨᠠᠨ ᠬᠤ ᠨᠠᠭᠤᠷ ᠡᠴᠡ ᠰᠠᠯᠵᠤ᠂ ᠰᠢ ᠵᠢᠨ ᠫᠢᠩ ᠨᠠᠷ ᠨᠠᠨ ᠬᠤ ᠵᠢᠨ ᠬᠤᠪᠢᠰᠬᠠᠯ ᠤᠨ ᠳᠤᠷᠠᠰᠬᠠᠯ ᠤᠨ ᠤᠷᠳᠤᠨ ᠢᠶᠡᠷ ᠲᠤᠭᠤᠷᠢᠨ ᠦᠵᠡᠪᠡ᠃ ᠡᠨᠡᠬᠦ ᠳᠤᠷᠠᠰᠬᠠᠯ ᠤᠨ ᠤᠷᠳᠤᠨ ᠢ 2006 ᠤᠨ ᠤ 6 ᠰᠠᠷ᠎ᠠ ᠵᠢᠨ 28  ᠤ ᠡᠳᠦᠷ ᠲᠤᠬᠠᠢ ᠵᠢᠨ ᠦᠶ᠎ᠠ ᠵᠢᠨ ᠵᠧᠵᠢᠶᠠᠩ ᠮᠤᠵᠢ ᠵᠢᠨ ᠨᠠᠮ ᠤᠨ ᠬᠤᠷᠢᠶᠠᠨ ᠤ ᠱᠦᠵᠢ ᠰᠢ ᠵᠢᠨ ᠫᠢᠩ ᠰᠠᠭᠤᠷᠢ ᠲᠠᠯᠪᠢᠵᠤ᠂ 2011 ᠤᠨ ᠳᠦ ᠨᠠᠮ ᠪᠠᠢᠢᠭᠤᠯᠤᠭᠳᠠᠭᠰᠠᠨ 90 ᠵᠢᠯ ᠤᠨ ᠤᠢ ᠵᠢ ᠳᠤᠷᠠᠰᠬᠠᠬᠤ ᠡᠴᠡ ᠡᠮᠦᠨ᠎ᠠ ᠠᠰᠢᠬᠯᠠᠯᠳᠡ ᠳᠦ ᠤᠷᠤᠭᠤᠯᠵᠠᠢ᠃ ᠳᠤᠷᠠᠰᠬᠠᠯ ᠤᠨ ᠤᠷᠳᠤᠨ ᠤ ᠲᠤᠭᠤᠷᠢᠭ ᠬᠡᠯᠪᠡᠷᠢ ᠵᠢᠨ ᠲᠢᠩᠭᠢᠮ ᠳᠤᠳᠤᠷ᠎ᠠ᠂ ᠤᠯᠠᠭᠠᠨ ᠤᠩᠭᠤᠴᠠ ᠵᠢᠨ ᠱᠤᠭᠤᠮᠠᠯ ᠰᠦᠨᠳᠡᠷᠯᠡᠵᠥ᠂ ᠠᠯᠤᠬ᠎ᠠ ᠬᠠᠳᠤᠭᠤᠷ ᠤᠨ ᠵᠢᠷᠤᠭ ᠬᠠᠷᠠᠭ᠎ᠠ ᠢᠢ ᠪᠤᠯᠢᠶᠡᠨ᠂ ᠡᠨᠡᠬᠦ ᠬᠤᠶᠠᠷ ᠳᠤᠷᠠᠰᠬᠠᠯ ᠤᠨ ᠪᠤᠳᠠᠰ ᠨᠢ ᠭᠡᠷᠡᠯ ᠭᠢᠯᠪᠠᠭ᠎ᠠ ᠰᠠᠴᠤᠷᠠᠭᠤᠯᠵᠤ᠂ ᠳᠤᠮᠳᠠᠳᠤ ᠤᠯᠤᠰ ᠤᠨ ᠡᠪ ᠬᠠᠮᠲᠦ ᠨᠠᠮ ᠳᠤᠮᠳᠠᠳᠤ ᠤᠯᠤᠰ ᠨᠡᠷᠡᠮᠵᠢᠲᠦ ᠬᠦᠯᠭᠡ ᠤᠩᠭᠤᠴᠠ ᠵᠢ ᠵᠢᠯᠤᠭᠤᠳᠴᠤ ᠳᠠᠪᠠᠯᠭᠠᠨ ᠢ ᠰᠦᠷᠦᠨ ᠤᠷᠤᠭᠰᠢᠯᠠᠭᠰᠠᠨ ᠢ ᠬᠠᠷᠠᠭᠤᠯᠵᠤ ᠪᠠᠢᠢᠯ᠎ᠠ᠃ ᠰᠢ ᠵᠢᠨ ᠫᠢᠩ ᠨᠠᠷ《ᠭᠠᠯᠪᠠ ᠳᠡᠯᠡᠬᠡᠢ ᠵᠢ ᠲᠤᠭᠳᠠᠭᠠᠭᠰᠠᠨ ᠨᠢ》 ᠭᠡᠬᠦ ᠭᠤᠤᠯ ᠰᠡᠳᠦᠪᠳᠦ ᠦᠵᠡᠭᠦᠯᠦᠯᠭᠡ ᠵᠢᠨ ᠲᠢᠩᠭᠢᠮ ᠳᠦ ᠢᠷᠡᠵᠤ᠂ ᠤᠷᠢᠳ ᠬᠤᠵᠢᠳ《ᠤᠷᠤᠰᠢᠨ ᠲᠤᠭᠳᠠᠨᠢᠬᠤ ᠵᠠᠮ ᠢ ᠬᠠᠢᠢᠬᠰᠠᠨ ᠨᠢ》᠂《ᠳᠤᠮᠳᠠᠳᠤ ᠤᠯᠤᠰ ᠤᠨ ᠡᠪ ᠬᠠᠮᠲᠦ ᠨᠠᠮ ᠪᠠᠢᠢᠭᠤᠯᠤᠭᠳᠠᠭᠰᠠᠨ ᠨᠢ》ᠵᠡᠷᠭᠡ ᠲᠤᠰᠬᠠᠢ ᠰᠡᠳᠦᠪᠲᠦ ᠦᠵᠡᠭᠦᠯᠦᠯᠭᠡ ᠵᠢ ᠰᠤᠨᠢᠷᠬᠠᠪᠠ᠃ ᠡᠨᠳᠡ ᠳᠡᠯᠭᠡᠨ ᠦᠵᠡᠭᠦᠯᠵᠤ ᠪᠠᠢᠢᠭ᠎ᠠ ᠪᠤᠳᠠᠰ ᠪᠠ ᠬᠡᠷᠡᠯ ᠵᠢᠷᠤᠭ ᠪᠤᠯᠤᠨ ᠱᠠᠩᠬᠠᠢ ᠵᠢᠨ ᠳᠤᠮᠳᠠᠳᠤ ᠤᠯᠤᠰ ᠤᠨ ᠡᠪ ᠬᠠᠮᠲᠦ ᠨᠠᠮ ᠤᠨ ᠠᠩᠬᠠᠳᠤᠭᠠᠷ ᠶᠡᠬᠡ ᠬᠤᠷᠠᠯ ᠬᠤᠷᠠᠯᠳᠤᠭᠰᠠᠠ ᠭᠠᠵᠠᠷ ᠤᠨ ᠦᠵᠡᠭᠦᠯᠦᠯᠭᠡ ᠨᠢ ᠪᠠᠳᠤ ᠭᠡᠷᠡᠴᠢ ᠪᠤᠯᠵᠤ᠂ ᠳᠤᠮᠳᠠᠳᠤ ᠤᠯᠤᠰ ᠤᠨ ᠡᠪ ᠬᠠᠮᠲᠦ ᠨᠠᠮ ᠤᠨ ᠮᠡᠨᠳᠦᠯᠡᠭᠰᠡᠨ ᠲᠡᠤᠬᠡ ᠵᠢᠨ ᠪᠦᠬᠦᠢᠢᠯᠡ ᠶᠠᠪᠤᠴᠠ ᠵᠢ ᠨᠠᠷᠢᠨ ᠲᠡᠮᠳᠡᠭᠯᠡᠵᠠᠢ᠃ ᠰᠢ ᠵᠢᠨ ᠫᠢᠩ ᠪᠠᠢᠢᠨ ᠪᠠᠢᠢᠨ ᠪᠠᠢᠢᠩᠭᠤ ᠵᠢᠨ ᠬᠤᠷᠢᠶᠠᠨ ᠤ ᠪᠤᠰᠤᠳ ᠨᠦᠬᠦᠳ ᠲᠠᠢ ᠰᠠᠨᠠᠯ ᠢᠶᠡᠨ ᠰᠤᠯᠢᠯᠴᠠᠵᠥ ᠪᠠᠢᠢᠯ᠎ᠠ᠃ ᠰᠢ ᠵᠢᠨ ᠫᠢᠩ᠂ ᠳᠤᠷᠠᠰᠬᠠᠯ ᠤᠨ ᠤᠷᠳᠤᠨ ᠳ᠋ᠤ ᠰᠠᠭᠤᠷᠢ ᠲᠠᠯᠪᠢᠬᠰᠠᠨ ᠲᠡᠷᠡ ᠮᠦᠴᠡ ᠡᠴᠡ ᠡᠬᠢᠯᠡᠨ᠂ ᠪᠠᠷᠢᠯᠭ᠎ᠠ ᠳᠠᠭᠤᠰᠪᠠᠯ ᠢᠷᠡᠵᠦ ᠦᠵᠡᠶ᠎ᠠ ᠭᠡᠵᠦ ᠪᠤᠳᠤᠵᠦ ᠪᠠᠢᠢᠯ᠎ᠠ᠂ ᠦᠨᠦᠳᠦᠷ ᠰᠠᠨᠠᠬᠰᠠᠨ ᠬᠡᠷᠡᠭ ᠰᠡᠳᠭᠢᠯᠴᠢᠯᠠᠨ ᠪᠦᠲᠦᠵᠦ᠂ ᠦᠨᠡᠨᠬᠦ ᠭᠦᠨ ᠬᠦᠮᠦᠵᠢᠯ ᠬᠦᠷᠲᠡᠵᠦ ᠵᠤᠷᠢᠬᠵᠢᠵᠠᠢ᠃ ᠵᠧᠵᠢᠶᠠᠩ ᠳ᠋ᠤ ᠠᠵᠢᠯᠯᠠᠵᠤ ᠪᠠᠢᠢᠬᠤ ᠬᠤᠭᠤᠴᠠᠭᠠᠨ ᠳᠤ᠂ ᠪᠢ《ᠤᠯᠠᠭᠠᠨ ᠤᠩᠭᠤᠴᠠ ᠵᠢᠨ ᠵᠤᠷᠢᠭ ᠰᠠᠨᠠᠭ᠎ᠠ》 ᠶ᠋ᠢ ᠭᠠᠯᠪᠠ ᠳᠡᠯᠡᠬᠡᠢ ᠵᠢ ᠲᠤᠬᠲᠠᠭᠠᠵᠤ᠂ ᠦᠷᠦᠭᠡᠯ ᠡᠴᠡ ᠲᠡᠷᠢᠭᠦᠯᠡᠬᠦ ᠡᠭᠦᠳᠦᠨ ᠪᠦᠲᠦᠭᠡᠬᠦ ᠵᠤᠷᠢᠭ ᠰᠠᠨᠠᠭ᠎ᠠ᠂ ᠬᠦᠰᠡᠯᠡᠩ ᠵᠢᠨᠨ ᠪᠠᠲᠤᠳᠬᠠᠵᠤ᠂ ᠨᠤᠭᠤᠷᠠᠰᠢ ᠦᠭᠡᠢ ᠲᠡᠮᠡᠴᠡᠬᠦ ᠵᠤᠷᠢᠬ ᠰᠠᠨᠠᠭ᠎ᠠ᠂ ᠨᠡᠢᠢᠲᠡ ᠵᠢᠨ ᠲᠦᠯᠦᠭᠡ ᠨᠠᠮ ᠪᠠᠢᠢᠭᠤᠯᠵᠤ᠂ ᠠᠷᠠᠳ ᠲᠦᠮᠡᠨ ᠤ ᠲᠦᠯᠦᠭᠡ ᠰᠢᠳᠤᠷᠭᠤ ᠪᠡᠷ ᠵᠢᠳᠬᠦᠬᠦ ᠵᠤᠷᠢᠬ ᠰᠠᠨᠠᠭ᠎ᠠ ᠭᠡᠮᠡᠨ ᠬᠤᠷᠢᠶᠠᠩᠭᠤᠢᠢᠯᠠᠵᠤ ᠦᠩᠭᠡᠷᠡᠪᠡ᠃ ᠪᠢᠳᠠ ᠴᠠᠬ ᠦᠶ᠎ᠠ ᠵᠢᠨ ᠤᠨᠴᠠᠯᠢᠬ ᠲᠡᠢ ᠤᠶᠠᠯᠳᠤᠭᠤᠯᠤᠨ《ᠤᠯᠠᠭᠠᠨ ᠤᠩᠭᠤᠴᠠ ᠵᠢᠨ ᠵᠤᠷᠢᠬ ᠰᠠᠨᠠᠭ᠎ᠠ》 ᠵᠢ ᠬᠦᠴᠦᠯᠡᠨ ᠪᠠᠳᠠᠷᠠᠭᠤᠯᠬᠤ ᠬᠡᠷᠡᠭᠲᠡᠢ ᠭᠡᠵᠦ ᠢᠯᠡᠳᠬᠡᠪᠡ᠃

    ᠲᠤᠭᠤᠷᠢᠨ ᠦᠵᠡᠵᠦ ᠳᠠᠭᠤᠰᠤᠬᠰᠠᠨ ᠤ ᠳᠠᠷᠠᠭ᠎ᠠ᠂ ᠰᠢ ᠵᠢᠨ ᠫᠢᠩ ᠴᠢᠬᠤᠯᠠ ᠶᠠᠷᠢᠶ᠎ᠠ ᠲᠠᠯᠪᠢᠪᠠ᠃ ᠲᠡᠷᠡ᠂ ᠲᠦᠪ ᠬᠤᠷᠢᠶᠠᠨ ᠤ ᠤᠯᠤᠰ ᠲᠦᠷᠦ ᠵᠢᠨ ᠲᠤᠪᠴᠢᠶᠠᠨ ᠤ ᠪᠠᠢᠢᠩᠭᠤ ᠵᠢᠨ ᠭᠡᠰᠢᠭᠦᠳ ᠡᠨᠡ ᠤᠳᠠᠭ᠎ᠠ ᠬᠠᠮᠲᠤ ᠪᠡᠷ ᠡᠨᠳᠡ ᠢᠷᠡᠭᠰᠡᠨ ᠵᠤᠷᠢᠯᠭ᠎ᠠ ᠪᠤᠯ ᠮᠠᠨ ᠤ ᠨᠠᠮ ᠤᠨ ᠭᠡᠷᠡᠯ ᠰᠠᠴᠤᠷᠠᠩᠭᠤᠢ ᠦᠩᠭᠡᠷᠡᠯᠲᠡ ᠢᠯᠠᠨᠭᠭᠤᠶ᠎ᠠ ᠨᠠᠮ ᠪᠠᠢᠢᠭᠤᠯᠬᠤ ᠦᠶ᠎ᠠ ᠵᠢᠨ ᠲᠡᠤᠬᠡ ᠵᠢ ᠡᠷᠬᠢᠴᠡᠭᠦᠯᠵᠦ᠂ ᠬᠤᠪᠢᠰᠬᠠᠯ ᠤᠨ ᠤᠯᠠᠮᠵᠢᠯᠠᠯ ᠤᠨ ᠬᠦᠮᠦᠵᠢᠯ ᠬᠦᠷᠳᠡᠵᠤ᠂ ᠬᠤᠪᠢᠰᠬᠠᠯ ᠤᠨ ᠠᠬᠠᠮᠠᠳ ᠦᠶ᠎ᠠ ᠵᠢᠨ ᠬᠢᠨ ᠤ ᠡᠷᠬᠢᠮ ᠳᠡᠭᠡᠳᠦ ᠵᠤᠷᠢᠬ ᠰᠠᠨᠠᠭ᠎ᠠ ᠵᠢ ᠰᠤᠷᠤᠯᠴᠠᠵᠤ᠂ ᠡᠭᠦᠷᠭᠡᠯᠡᠵᠥ ᠪᠠᠢᠢᠭ᠎ᠠ ᠴᠢᠬᠤᠯᠠ ᠶᠡᠬᠡ ᠬᠠᠷᠢᠭᠤᠴᠠᠯᠭ᠎ᠠ ᠪᠡᠨ ᠲᠤᠳᠤᠷᠬᠠᠢᠢᠯᠠᠵᠤ᠂ ᠨᠠᠮ ᠤᠨ ᠠᠷᠪᠠ ᠶᠢᠰᠦᠳᠦᠭᠡᠷ ᠶᠡᠬᠡ ᠬᠤᠷᠠᠯ ᠡᠴᠡ ᠳᠤᠷᠠᠳᠤᠬᠰᠠᠨ ᠬᠠᠷᠠᠯᠲᠠ ᠡᠭᠦᠷᠭᠡ ᠵᠢ ᠪᠡᠶᠡᠯᠡᠭᠦᠯᠬᠦ ᠪᠡᠷ ᠲᠡᠮᠡᠴᠡᠬᠦ ᠬᠠᠷᠢᠭᠤᠴᠠᠯᠭᠠᠲᠤ ᠰᠡᠳᠬᠢᠯᠭᠡ ᠪᠠ ᠡᠭᠦᠷᠭᠡᠳᠤ ᠪᠤᠳᠤᠯ ᠢᠶᠡᠨ ᠨᠡᠮᠡᠭᠳᠡᠭᠦᠯᠬᠦ ᠵᠢᠨ ᠲᠦᠯᠥᠭᠡ ᠶᠤᠮ ᠭᠡᠵᠦ ᠢᠯᠡᠳᠬᠡᠪᠡ᠃

    ᠰᠢ ᠵᠢᠨ ᠫᠢᠩ᠂ ᠱᠠᠩᠬᠠᠢ ᠵᠢᠨ ᠨᠠᠮ ᠤᠨ ᠠᠩᠬᠠᠳᠤᠭᠠᠷ ᠶᠡᠬᠡ ᠬᠤᠷᠠᠯ ᠬᠤᠷᠠᠯᠳᠤᠭᠰᠠᠠ ᠭᠠᠵᠠᠷ᠂ ᠵᠢᠶᠠ ᠰᠢᠩ ᠤᠨ ᠨᠠᠨ ᠬᠤ ᠨᠠᠭᠤᠷ ᠤᠨ ᠤᠯᠠᠭᠠᠨ ᠤᠩᠭᠤᠴᠠ ᠪᠤᠯ ᠮᠠᠨ ᠤ ᠨᠠᠮ ᠤᠨ ᠬᠦᠰᠡᠯ ᠵᠡᠭᠦᠳᠦ ᠬᠦᠪᠤᠷᠢᠵᠤ ᠡᠬᠢᠯᠡᠭᠰᠡᠨ ᠭᠠᠵᠠᠷ ᠪᠤᠯᠤᠨ᠎ᠠ᠃ ᠮᠠᠨ ᠤ ᠨᠠᠮ ᠡᠨᠳᠡ ᠮᠡᠨᠳᠦᠯᠡᠵᠦ᠂ ᠡᠨᠳᠡ ᠡᠴᠡ ᠠᠶᠠᠨ ᠳ᠋ᠤ ᠮᠤᠷᠳᠠᠵᠤ᠂ ᠡᠨᠳᠡ ᠡᠴᠡ ᠪᠦᠬᠦ ᠤᠯᠤᠰ ᠲᠤ ᠲᠦᠷᠦ ᠪᠠᠷᠢᠬᠤ ᠲᠡᠰᠢ ᠤᠷᠤᠬᠰᠢᠯᠠᠬᠰᠠᠨ ᠶᠤᠮ᠃ ᠡᠨᠳᠡᠬᠢ ᠪᠤᠯ ᠮᠠᠨ ᠤ ᠨᠠᠮ ᠤᠨ ᠤᠬ ᠦᠨᠳᠦᠰᠦ ᠪᠤᠯᠤᠨ᠎ᠠ ᠭᠡᠵᠦ ᠵᠢᠭᠠᠵᠤ ᠭᠠᠷᠭᠠᠪᠠ᠃

    ᠰᠢ ᠵᠢᠨ ᠫᠢᠩ᠂《ᠶᠠᠪᠤᠳᠠᠯ ᠤᠴᠢᠷ ᠢ ᠦᠵᠡᠬᠦᠢ ᠳ᠋ᠤᠷ ᠬᠢᠯᠪᠠᠷ ᠳᠦᠭᠦᠮ ᠪᠤᠯᠪᠠᠴᠤ᠂ ᠬᠦᠭᠵᠢᠯ ᠬᠤᠪᠢᠷᠠᠯ ᠤᠨ ᠡᠴᠦᠰ ᠳ᠋ᠦᠩ ᠠᠨᠤ ᠢᠮᠠᠬᠳᠠ ᠪᠡᠷᠬᠡ ᠬᠠᠲᠠᠭᠤᠵᠢᠯᠲᠠᠢ ᠪᠠᠢᠢᠬᠤ ᠪᠦᠯᠦᠭᠡ》᠃ 96 ᠵᠢᠯ ᠤᠨ ᠲᠤᠷᠰᠢ᠂ ᠮᠠᠨ ᠤ ᠨᠠᠮ ᠠᠷᠠᠳ ᠲᠦᠮᠡᠨ ᠢ ᠪᠦᠯᠬᠦᠮᠳᠡᠭᠦᠯᠦᠨ ᠳᠠᠢᠢᠴᠢᠯᠠᠵᠤ ᠳᠡᠯᠡᠬᠡᠢ ᠳ᠋ᠠᠬᠢᠨ ᠤ ᠠᠩᠬᠠᠷᠤᠯ ᠢ ᠲᠠᠳᠠᠬᠰᠠᠨ ᠠᠭᠤᠤ ᠶᠡᠬᠡ ᠠᠮᠵᠢᠯᠲᠠ ᠤᠯᠵᠠᠢ᠂ ᠡᠭᠦᠨ ᠳ᠋ᠤ ᠪᠢᠳᠠ ᠤᠮᠤᠬᠰᠢᠵᠤ ᠪᠠᠬᠠᠳᠤᠭᠤᠰᠢᠳᠠᠢ ᠶᠤᠮ᠃ ᠡᠭᠦᠨ ᠤ ᠬᠠᠮᠲᠤ᠂ ᠠᠵᠢᠯ ᠦᠢᠯᠡᠰ ᠤᠨ ᠬᠦᠭᠵᠢᠯᠲᠡ ᠡᠭᠦᠷᠢᠲᠡ ᠬᠢᠵᠠᠭᠠᠷ ᠦᠭᠡᠢ᠂ ᠡᠪ ᠬᠠᠮᠲᠤᠴᠤᠳ ᠤᠨ ᠤᠬ ᠰᠠᠨᠠᠭ᠎ᠠ ᠡᠭᠦᠷᠢᠲᠡ ᠬᠤᠪᠢᠷᠠᠰᠢ ᠦᠭᠡᠢ ᠶᠤᠮ᠃ ᠭᠠᠬᠴᠠᠬᠦ ᠤᠬ ᠰᠠᠨᠠᠭ᠎ᠠ ᠪᠡᠨ ᠦᠯᠦ ᠮᠠᠷᠲᠠᠪᠠᠯ ᠰᠠᠶ᠊ᠢ ᠲᠡᠤᠬᠡ ᠵᠢ ᠲᠠᠢᠢᠳᠬᠤᠷᠠᠭᠤᠯᠵᠤ᠂ ᠳᠡᠭᠡᠳᠦᠰ ᠢᠶᠡᠨ ᠲᠠᠢᠢᠳᠬᠤᠷᠠᠭᠤᠯᠵᠤ ᠴᠢᠳᠠᠨ᠎ᠠ᠂ ᠰᠠᠶ᠊ᠢ ᠠᠷᠠᠳ ᠤᠨ ᠰᠡᠳᠬᠢᠯ ᠢ ᠤᠯᠵᠤ᠂ ᠴᠠᠬ ᠦᠶ᠎ᠠ ᠵᠢ ᠤᠯᠵᠥ ᠴᠢᠳᠠᠨ᠎ᠠ᠂ ᠰᠠᠶ᠊ᠢ ᠰᠠᠢᠢᠨ ᠢᠶᠡᠷ ᠡᠬᠢᠯᠡᠭᠦᠯᠵᠤ ᠰᠠᠢᠢᠬᠠᠨ ᠪᠦᠳᠦᠭᠡᠵᠤ᠂ ᠴᠤᠴᠠᠯᠲᠠ ᠦᠭᠡᠢ ᠤᠷᠤᠬᠰᠢᠯᠠᠵᠤ ᠴᠢᠳᠠᠨ᠎ᠠ ᠭᠡᠵᠦ ᠴᠢᠬᠤᠯᠠᠴᠢᠯᠠᠪᠠ᠃

    ᠰᠢ ᠵᠢᠨ ᠫᠢᠩ᠂ ᠨᠠᠮ ᠤᠨ ᠠᠷᠪᠠ ᠶᠢᠰᠦᠳᠦᠭᠡᠷ ᠶᠡᠬᠡ ᠬᠤᠷᠠᠯ ᠡᠴᠡ ᠨᠠᠮ ᠪᠤᠯᠤᠨ ᠤᠯᠤᠰ ᠤᠨ ᠠᠵᠢᠯ ᠦᠢᠯᠡᠰ ᠤᠨ ᠬᠦᠭᠵᠢᠯᠲᠡ ᠵᠢᠨ ᠬᠠᠷᠠᠯᠲᠠ ᠡᠭᠦᠷᠭᠡ ᠵᠢ ᠵᠢᠷᠤᠬᠯᠠᠪᠠ᠂ ᠪᠦᠬᠦ ᠨᠠᠮ ᠤᠨ ᠨᠦᠬᠦᠳ ᠡᠷᠬᠡᠪᠰᠢ ᠪᠦᠬᠦ ᠰᠡᠳᠬᠢᠯ ᠪᠦᠬᠦ ᠵᠤᠷᠢᠬ ᠢᠶᠡᠷ ᠢᠶᠡᠨ ᠠᠷᠠᠳ ᠲᠦᠮᠡᠨ ᠳ᠋ᠤ ᠦᠢᠯᠡᠴᠢᠯᠡᠬᠦ ᠦᠨᠳᠦᠰᠦᠨ ᠵᠤᠷᠢᠯᠲᠠ ᠵᠢ ᠪᠠᠷᠢᠮᠲᠠᠯᠠᠵᠤ᠂ ᠠᠷᠠᠳ ᠲᠦᠮᠡᠨ ᠢ ᠲᠠᠰᠤᠷᠠᠯᠲᠠ ᠦᠭᠡᠢ ᠳᠠᠢᠢᠴᠢᠯᠠᠨ ᠨᠡᠩ ᠵᠤᠯ ᠵᠢᠷᠭᠠᠯᠲᠠᠢ ᠰᠠᠢᠢᠨ ᠰᠠᠢᠢᠬᠠᠨ ᠠᠮᠢᠳᠤᠷᠠᠯ ᠢ ᠡᠭᠦᠳᠦᠨ ᠪᠦᠲᠦᠭᠡᠬᠦ ᠬᠡᠷᠡᠭᠲᠡᠢ; ᠡᠪ ᠬᠠᠮᠲᠤ ᠶᠤᠰᠤᠨ ᠤ ᠠᠯᠤᠰ ᠤᠨ ᠬᠦᠰᠡᠯᠡᠩ ᠢ ᠪᠠᠲᠤ ᠴᠡᠭᠡᠵᠢᠯᠡᠵᠦ᠂ ᠳᠤᠮᠳᠠᠳᠤ ᠤᠯᠤᠰ ᠤᠨ ᠤᠨᠴᠠᠯᠢᠬ ᠲᠡᠢ ᠨᠡᠢᠢᠭᠡᠮ ᠵᠢᠷᠤᠮ ᠤᠨ ᠬᠠᠮᠲᠤ ᠵᠢᠨ ᠬᠦᠰᠡᠯᠡᠩ ᠢ ᠪᠠᠲᠤᠳᠬᠠᠵᠤ᠂ ᠰᠠᠢᠢᠨ ᠰᠠᠢᠢᠬᠠᠨ ᠢᠷᠡᠭᠡᠳᠦᠢ ᠪᠠ ᠬᠠᠮᠤᠬ ᠤᠨ ᠳᠡᠭᠡᠳᠦ ᠬᠦᠰᠡᠯᠡᠩ ᠵᠦᠭ  ᠶᠢᠡᠨ ᠠᠯᠬᠤᠮ ᠠᠯᠬᠤᠮ ᠢᠶᠡᠷ ᠤᠷᠤᠬᠰᠢᠯᠠᠬᠤ ᠬᠡᠷᠡᠭᠲᠡᠢ; ᠢᠮᠠᠬᠲᠠ ᠳᠠᠷᠤᠤ ᠪᠤᠯᠭᠤᠮᠵᠢᠲᠠᠢ᠂ ᠪᠠᠷᠳᠠᠮᠨᠠᠬᠤ ᠦᠭᠡᠢ ᠪᠠᠴᠢᠮᠳᠠᠬᠤ ᠦᠭᠡᠢ ᠪᠠᠢᠢᠬᠤ ᠰᠤᠷᠲᠠᠯ ᠢ ᠪᠠᠷᠢᠮᠳᠠᠯᠠᠵᠥ᠂ ᠬᠦᠴᠢᠷ ᠪᠡᠷᠬᠡᠰᠢᠶᠡᠯ ᠡᠴᠡ ᠠᠶᠤᠬᠤ ᠦᠭᠡᠢ᠂ ᠦᠷᠡᠭᠳᠡᠯ ᠰᠦᠢᠳᠦᠯ ᠡᠴᠡ ᠠᠶᠤᠬᠤ ᠦᠭᠡᠢ ᠪᠠᠢᠢᠵᠤ᠂《ᠬᠤᠤᠰ ᠵᠠᠭᠤᠨ ᠵᠢᠯ》 ᠤᠨ ᠲᠡᠮᠡᠴᠡᠬᠦ ᠬᠠᠷᠠᠯᠲᠠ ᠵᠢ ᠪᠡᠶᠡᠯᠡᠭᠦᠯᠬᠦ᠂ ᠳᠤᠮᠳᠠᠳᠤ ᠵᠢᠨ ᠦᠨᠳᠦᠰᠦᠲᠡᠨ ᠤ ᠠᠭᠤᠤ ᠶᠡᠬᠡ ᠰᠡᠷᠭᠦᠨ ᠮᠠᠨᠳᠤᠯᠲᠠ ᠵᠢᠨ ᠳᠤᠮᠳᠠᠳᠤ ᠵᠢᠨ ᠵᠡᠭᠦᠳᠦ ᠵᠢ ᠲᠡᠷᠭᠡᠯᠰᠢᠭᠦᠯᠬᠦ ᠵᠢᠨ ᠲᠦᠯᠦᠭᠡ ᠴᠦᠬᠦᠷᠡᠰᠢ ᠦᠭᠡᠢ ᠲᠡᠮᠡᠴᠡᠬᠦ ᠬᠡᠷᠡᠭᠲᠡᠢ ᠭᠡᠵᠦ ᠵᠢᠭᠠᠵᠤ ᠭᠠᠷᠭᠠᠪᠠ᠃

    ᠮᠤᠷᠳᠠᠬᠤ ᠡᠴᠡ ᠪᠡᠨ ᠡᠮᠤᠨ᠎ᠠ᠂ ᠰᠢ ᠵᠢᠨ ᠫᠢᠩ ᠨᠦᠬᠦᠷ ᠳᠤᠷᠠᠰᠬᠠᠯ ᠤᠨ ᠤᠷᠳᠤᠨ ᠤ ᠠᠵᠢᠯᠲᠠᠳ ᠲᠠᠢ ᠲᠤᠳᠤᠨᠤᠰᠤᠬ ᠢᠶᠡᠷ ᠭᠠᠷ ᠠᠳᠬᠤᠵᠤ᠂ ᠤᠯᠠᠨ ᠢ ᠨᠠᠮ ᠤᠨ ᠭᠡᠷᠡᠯ ᠰᠠᠴᠤᠷᠠᠩᠭᠤᠢ ᠲᠡᠤᠬᠡ ᠡᠴᠡ ᠡᠷᠡᠯᠭᠡᠭᠯᠡᠨ ᠤᠷᠤᠬᠰᠢᠯᠠᠬᠤ ᠬᠦᠴᠦᠨ ᠢ ᠤᠯᠵᠤ᠂ ᠨᠠᠮ ᠪᠤᠯᠤᠨ ᠠᠷᠠᠳ ᠲᠦᠮᠡᠨ ᠤ ᠦᠢᠯᠡᠰ ᠤᠨ ᠲᠦᠯᠦᠭᠡ ᠲᠠᠰᠤᠷᠠᠯᠲᠠ ᠦᠭᠡᠢ ᠬᠤᠪᠢ ᠨᠡᠮᠡᠷᠢ ᠦᠵᠡᠭᠦᠯᠬᠦ ᠵᠢᠨ ᠬᠠᠮᠲᠤ ᠦᠪᠡᠷ ᠤᠨ ᠠᠮᠢᠳᠤᠷᠠᠯ ᠤᠨ ᠬᠠᠭᠤᠳᠠᠰᠤ ᠪᠡᠨ ᠰᠠᠢᠢᠳᠤᠷ ᠪᠢᠴᠢᠭᠯᠡᠬᠦ ᠪᠤᠯᠳᠤᠭᠠᠢ ᠭᠡᠵᠤ ᠵᠤᠷᠢᠬᠵᠢᠭᠤᠯᠪᠠ᠃ ᠤᠯᠠᠨ ᠢᠶᠡᠷ ᠢᠶᠡᠨ ᠤᠳᠠᠳᠠᠯ᠎ᠠ ᠠᠯᠠᠭ᠎ᠠ ᠲᠠᠰᠢᠵᠤ ᠪᠠᠢᠢᠯ᠎ᠠ᠃ ᠨᠠᠮ ᠤᠨ ᠲᠦᠪ ᠬᠤᠷᠢᠶᠠᠨ ᠤ ᠤᠯᠤᠰ ᠲᠦᠷᠦ ᠵᠢᠨ ᠲᠤᠪᠴᠢᠶᠠᠨ ᠤ ᠭᠡᠰᠢᠭᠦᠨ ᠳ᠋ᠢᠩ ᠰᠢᠤᠧᠠᠢ ᠰᠢᠶᠠᠩ᠂ ᠯᠢ ᠴᠢᠶᠠᠩ᠂ ᠴᠧᠨ ᠰᠢ ᠪᠠ ᠲᠦᠪ ᠤᠨ ᠬᠤᠯᠪᠤᠬᠳᠠᠯ ᠪᠦᠬᠦᠢ ᠰᠠᠯᠠᠭ᠎ᠠ ᠮᠦᠴᠢᠷ ᠤᠨ ᠬᠠᠷᠢᠭᠤᠴᠠᠯᠭᠠᠲᠠᠨ᠂ ᠱᠠᠩᠬᠠᠢ ᠬᠤᠲᠠ᠂ ᠵᠧᠵᠢᠶᠠᠩ ᠮᠤᠵᠢ ᠵᠢᠨ ᠬᠤᠯᠪᠤᠬᠳᠠᠯ ᠪᠦᠬᠦᠢ ᠬᠠᠷᠢᠭᠤᠴᠠᠯᠭᠠᠲᠠᠨ ᠳᠡᠭᠡᠷᠡᠬᠢ ᠠᠵᠢᠯᠯᠠᠭ᠎ᠠ ᠳ᠋ᠤ ᠤᠷᠤᠯᠴᠠᠪᠠ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
010070230030000000000000011120701121887538