ᠰᠢ ᠵᠢᠨ ᠫᠢᠩ ᠺᠠᠨᠠᠳᠠ ᠶᠢᠨ ᠶᠡᠷᠦᠩᠬᠡᠢ ᠰᠠᠶᠢᠳ ᠲ᠋ᠷᠦ᠋ᠳᠧ ᠢᠢ ᠬᠦᠯᠢᠶᠠᠨ ᠠᠪᠴᠤ ᠠᠭᠤᠯᠵᠠᠪᠠ 2017-12-06 13:24

    ᠰᠢᠨᠬᠤᠧᠠ ᠬᠤᠷᠢᠶ᠎ᠠ   ᠪᠡᠭᠡᠵᠢᠩ ᠤᠨ 12 ᠰᠠᠷ᠎ᠠ ᠶᠢᠨ 5 ᠤ ᠡᠲᠦᠷ ᠤᠨ ᠴᠠᠬᠢᠯᠭᠠᠨ ᠮᠡᠲᠡᠭᠡ ( ᠰᠤᠷᠪᠤᠯᠵᠢᠯᠠᠭᠴᠢ ᠪᠠᠢ ᠵᠢᠶᠧ ) 5 ᠤ ᠡᠲᠦᠷ ᠤᠯᠤᠰ ᠤᠨ ᠲᠡᠷᠢᠬᠦᠯᠡᠭᠴᠢ ᠰᠢ ᠵᠢᠨ ᠫᠢᠩ ᠳ᠋ᠢᠶᠤᠤ ᠢᠤᠢ ᠲᠠᠢ ᠲᠦᠷᠦ ᠶᠢᠨ ᠵᠤᠴᠢᠳ ᠪᠠᠭᠤᠲᠠᠯ ᠳ᠋ᠤ ᠺᠠᠨᠠᠲᠠ ᠶᠢᠨ ᠶᠡᠷᠦᠩᠬᠡᠢ ᠰᠠᠶᠢᠳ ᠲ᠋ᠷᠦ᠋ᠳᠧ ᠶᠢ ᠬᠦᠯᠢᠶᠠᠨ ᠠᠪᠴᠤ ᠠᠭᠤᠯᠵᠠᠪᠠ᠃

    ᠰᠢ ᠵᠢᠨ ᠫᠢᠩ ᠲ᠋ᠷᠦ᠋ᠳᠧ ᠢᠢᠨ ᠲᠤᠮᠲᠠᠲᠤ ᠤᠯᠤᠰ ᠲᠤ ᠲᠠᠬᠢᠨ ᠠᠶᠢᠯᠴᠢᠯᠠᠬᠤ ᠪᠡᠷ ᠢᠷᠡᠭᠰᠡᠨ ᠢ ᠪᠠᠶᠠᠷᠯᠠᠨ ᠤᠭᠲᠤᠪᠠ᠃ ᠰᠢ ᠵᠢᠨ ᠫᠢᠩ᠂ ᠲᠤᠮᠲᠠᠲᠤ ᠺᠠᠨᠠᠳ᠋ᠠ ᠶᠢᠨ ᠬᠤᠶᠠᠷ ᠤᠯᠤᠰ ᠤᠨ ᠤᠲᠤᠷᠢᠲᠤᠭᠴᠢᠳ ᠨᠢᠬᠲᠠ ᠬᠠᠷᠢᠴᠠᠭ᠎ᠠ ᠲᠠᠢ᠂ ᠬᠤᠶᠠᠷ ᠤᠯᠤᠰ ᠤᠨ ᠬᠠᠷᠢᠯᠴᠠᠭᠠᠨ ᠤ ᠬᠦᠭ᠍ᠵᠢᠯᠲᠠ ᠳ᠋ᠤ ᠴᠢᠬᠤᠯᠠ ᠬᠦᠲᠦᠯᠬᠦ ᠦᠢᠯᠡᠳᠦᠯ ᠦᠵᠡᠬᠦᠯᠪᠡ᠃ ᠲᠤᠮᠲᠠᠲᠤ ᠺᠠᠨᠠᠳᠠ ᠬᠤᠶᠠᠷ ᠤᠯᠤᠰ ᠦᠪᠡᠷ ᠦᠪᠡᠷ ᠤᠨ ᠶᠢᠡᠨ ᠲᠠᠪᠠᠭᠤᠯᠢᠭ ᠲᠠᠯ᠎ᠠ ᠲᠠᠢ᠂ ᠬᠠᠷᠢᠯᠴᠠᠨ ᠨᠦᠬᠦᠪᠦᠷᠢᠯᠡᠬᠦ ᠴᠢᠨᠠᠷ ᠴᠢᠩᠭ᠋᠎᠎ᠠ᠂ ᠬᠠᠮᠲᠤᠷᠠᠯᠴᠠᠭᠠᠨ ᠤ ᠨᠦᠬᠡᠴᠡ ᠪᠤᠯᠤᠯᠴᠠᠭ᠎ᠠ ᠯᠤᠲᠤ ᠶᠡᠬᠡ ᠃ ᠬᠤᠶᠠᠷ ᠲᠠᠯ᠎ᠠ ᠪᠡᠷ ᠶᠢᠡᠨ ᠦᠵᠡᠯ ᠪᠤᠲᠤᠯ ᠶᠢᠡᠨ ᠴᠢᠯᠦᠭᠡᠲᠡᠢ ᠪᠤᠯᠭᠠᠨ᠂ ᠢᠲᠡᠪᠬᠢ ᠠᠷᠭ᠎ᠠ ᠬᠡᠮᠵᠢᠶ᠎ᠠ ᠠᠪᠴᠤ᠂ ᠬᠤᠶᠠᠷ ᠤᠯᠤᠰ ᠤᠨ ᠬᠠᠷᠢᠯᠴᠠᠭᠠᠨ ᠳ᠋ᠤ ᠨᠡᠩ ᠤᠯᠠᠨ ᠪᠤᠲᠠᠲᠤ ᠦᠷ᠎ᠠ ᠠᠰᠢᠭ ᠤᠯᠬᠤ ᠶᠢ ᠠᠬᠢᠭᠤᠯᠤᠨ᠎ᠠ ᠭᠡᠵᠡᠢ᠃

    ᠰᠢ ᠵᠢᠨ ᠫᠢᠩ ᠴᠢᠬᠤᠯᠠᠴᠢᠯᠠᠬᠤ ᠳ᠋ᠠᠭᠠᠨ᠂ ᠤᠯᠤᠰ ᠲᠦᠷᠦ ᠶᠢᠨ ᠢᠲᠡᠭᠡᠯᠴᠡᠭᠡ ᠪᠠᠨ ᠴᠢᠩᠭ᠋ᠠᠳᠬᠠᠬᠤ ᠪᠤᠯ ᠤᠯᠤᠰ ᠪᠤᠯᠤᠨ ᠤᠯᠤᠰ ᠤᠨ ᠬᠠᠷᠢᠯᠴᠠᠭᠠᠨ ᠤ ᠬᠦᠭ᠍ᠵᠢᠯᠲᠠ ᠶᠢ ᠲᠤᠭᠲᠠᠪᠤᠷᠢᠵᠢᠭᠤᠯᠬᠤ ᠶᠢᠨ ᠤᠷᠢᠲᠠᠯ ᠪᠤᠯᠤᠨ᠎ᠠ᠃ ᠨᠢᠭᠡ ᠤᠯᠤᠰ ᠤᠨ ᠬᠦᠭ᠍ᠵᠢᠯᠲᠠ ᠶᠢᠨ ᠵᠠᠮ ᠢ ᠵᠦᠪᠬᠡᠨ ᠲᠤᠰ ᠤᠯᠤᠰ ᠤᠨ ᠠᠷᠠᠳ ᠲᠦᠮᠡᠨ ᠦᠪᠡᠷ ᠶᠢᠡᠨ ᠲᠤᠭᠲᠠᠭᠠᠬᠤ ᠶᠤᠰᠤᠲᠠᠢ᠃ ᠲᠤᠮᠲᠠᠲᠤ ᠺᠠᠨᠠᠳ᠋ᠠ ᠶᠢᠨ ᠤᠯᠤᠰ ᠲᠦᠷᠦ ᠶᠢᠨ ᠪᠠᠶᠢᠭᠤᠯᠤᠯ ᠠᠳᠠᠯᠢ ᠦᠭᠡᠢ᠂ ᠭᠡᠪᠡᠴᠦ ᠬᠤᠶᠠᠷ ᠲᠠᠯ᠎ᠠ ᠪᠡᠷ ᠶᠢᠡᠨ ᠪᠦᠷᠢᠮᠦᠰᠦᠨ ᠬᠠᠷᠢᠯᠴᠠᠨ ᠬᠦᠨᠳᠦᠳᠭᠡᠵᠦ᠂ ᠰᠠᠨᠠᠯ ᠪᠤᠲᠤᠯ ᠶᠢᠡᠨ ᠰᠤᠯᠢᠯᠴᠠᠨ᠂ ᠰᠤᠯᠢᠯᠴᠠᠭ᠎ᠠ ᠪᠠᠨ ᠦᠷᠭᠡᠳᠭᠡᠨ ᠬᠤᠶᠠᠷ ᠤᠯᠤᠰ ᠤᠨ ᠠᠷᠠᠳ ᠲᠦᠮᠡᠨ ᠳ᠋ᠤ ᠨᠡᠩ ᠤᠯᠠᠨ ᠠᠰᠢᠭ ᠲᠤᠰᠠ ᠠᠪᠴᠢᠷᠠᠬᠤ ᠬᠡᠷᠡᠭᠲᠡᠢ ᠭᠡᠵᠡᠢ᠃

    ᠰᠢ ᠵᠢᠨ ᠫᠢᠩ᠂ ᠲᠤᠮᠲᠠᠲᠤ ᠺᠠᠨᠠᠳᠠ ᠪᠤᠲᠠᠲᠤ ᠬᠠᠮᠲᠤᠷᠠᠯᠴᠠᠭ᠎ᠠ ᠪᠠᠨ ᠦᠷᠭᠡᠳᠭᠡᠵᠦ᠂ ᠬᠠᠮᠲᠤᠷᠠᠯᠴᠠᠭᠠᠨ ᠤ ᠨᠦᠬᠡᠴᠡ ᠪᠤᠯᠤᠯᠴᠠᠭ᠎ᠠ ᠪᠠᠨ ᠭᠦᠢᠴᠡᠳ ᠠᠰᠢᠭᠯᠠᠨ᠂ ᠡᠨᠧᠷᠬᠢ ᠶᠢᠨ ᠡᠬᠢ ᠪᠠᠶᠠᠯᠢᠭ᠂ ᠰᠢᠨᠵᠢᠯᠡᠬᠦ ᠤᠬᠠᠭᠠᠨ ᠲᠧᠭ᠍ᠨᠤᠯᠤᠬᠢ ᠶᠢᠨ ᠰᠢᠨ᠎ᠡ ᠡᠭᠦᠲᠦᠯᠲᠡ᠂ ᠠᠭᠠᠷ ᠠᠶᠠᠯᠠᠯ ᠵᠠᠮ ᠬᠠᠷᠢᠯᠴᠠᠭ᠎ᠠ᠂ ᠮᠦᠩᠬᠦᠨ ᠭᠦᠢᠯᠭᠡᠭᠡᠨ ᠤ ᠦᠢᠯᠡᠴᠢᠯᠡᠭᠡ᠂ ᠤᠲᠤᠬᠢᠴᠢᠯᠠᠭᠰᠠᠨ ᠲᠠᠷᠢᠶᠠᠯᠠᠩ᠂ ᠴᠡᠪᠡᠷ ᠮᠡᠷᠭᠡᠵᠢᠯ ᠵᠡᠷᠭᠡ ᠰᠠᠯᠪᠤᠷᠢ ᠳ᠋ᠤ ᠬᠠᠮᠲᠤᠷᠠᠨ ᠠᠵᠢᠯᠯᠠᠬᠤ ᠭᠢᠯᠠᠰ ᠴᠡᠭ᠍ ᠲᠠᠢ᠃ ᠲᠤᠮᠲᠠᠲᠤ ᠶᠢᠨ ᠲᠠᠯ᠎ᠠ ᠪᠤᠲᠠᠲᠤ ᠬᠦᠴᠦᠨ ᠲᠠᠢ ᠲᠤᠮᠲᠠᠲᠤ ᠤᠯᠤᠰ ᠤᠨ ᠠᠵᠤ ᠠᠬᠤᠶᠢᠯᠠᠯ ᠤᠨ ᠺᠠᠨᠠᠳᠠ ᠳ᠋ᠤ ᠬᠦᠷᠴᠦ ᠬᠦᠷᠦᠩᠬᠡ ᠤᠷᠤᠭᠤᠯᠬᠤ ᠶᠢ ᠵᠤᠷᠢᠭᠵᠢᠭᠤᠯᠬᠤ ᠪᠦᠭᠡᠳ ᠺᠠᠨᠠᠳᠠ ᠶᠢᠨ ᠠᠵᠤ ᠠᠬᠤᠶᠢᠯᠠᠯ ᠤᠨ 《 ᠨᠢᠭᠡ ᠪᠦᠰᠡ ᠨᠢᠭᠡ ᠵᠠᠮ》 ᠤᠨ ᠪᠠᠶᠢᠭᠤᠯᠤᠯᠲᠠ ᠳ᠋ᠤ ᠢᠲᠡᠪᠬᠢᠲᠡᠢ ᠤᠷᠤᠯᠴᠠᠬᠤ ᠶᠢ ᠪᠠᠶᠠᠷᠯᠠᠨ ᠤᠭᠲᠤᠵᠤ ᠪᠠᠶᠢᠨ᠎ᠠ᠃ ᠲᠤᠮᠲᠠᠲᠤ ᠺᠠᠨᠠᠳᠠ ᠶᠢᠨ ᠠᠷᠠᠳ ᠲᠦᠮᠡᠨ ᠤ ᠨᠦᠬᠦᠷᠯᠡᠯ ᠭᠦᠨ ᠵᠤᠵᠠᠭᠠᠨ᠃ ᠬᠤᠶᠠᠷ ᠲᠠᠯ᠎ᠠ ᠪᠡᠷ ᠶᠢᠡᠨ ᠰᠤᠷᠭᠠᠨ ᠬᠦᠮᠦᠵᠢᠯ᠂ ᠰᠤᠶᠤᠯ᠂ ᠠᠶᠠᠯᠠᠯ ᠵᠢᠭᠤᠯᠴᠢᠯᠠᠯ᠂ ᠪᠠᠶ᠎ᠠ ᠶᠢᠨ ᠲᠠᠮᠢᠷ ᠵᠡᠷᠭᠡ ᠰᠠᠯᠪᠤᠷᠢ ᠶᠢᠨ ᠬᠠᠮᠲᠤᠷᠠᠯᠴᠠᠭ᠎ᠠ ᠰᠤᠯᠢᠯᠴᠠᠭ᠎ᠠ ᠪᠠᠨ ᠴᠢᠩᠭ᠋ᠠᠳᠬᠠᠵᠤ᠂ ᠲᠤᠮᠲᠠᠲᠤ ᠺᠠᠨᠠᠳᠠ ᠶᠢᠨ ᠨᠦᠬᠦᠷᠯᠡᠯ ᠢ ᠬᠦᠮᠦᠰ ᠤᠨ ᠰᠡᠳᠬᠢᠯ ᠳ᠋ᠤ ᠭᠦᠨ ᠬᠠᠲᠠᠩᠰᠢᠭᠤᠯᠤᠨ᠎ᠠ᠃ ᠬᠤᠶᠠᠷ ᠲᠠᠯ᠎᠎ᠠ ᠪᠡᠷ ᠶᠢᠡᠨ 2018 ᠤᠨ ᠤ ᠲᠤᠮᠲᠠᠲᠤ ᠺᠠᠨᠠᠳᠠ ᠶᠢᠨ ᠠᠶᠠᠯᠠᠯ ᠵᠢᠭᠤᠯᠴᠢᠯᠠᠯ ᠤᠨ ᠤᠨ ᠢ ᠰᠠᠶᠢᠲᠦᠷ ᠡᠷᠬᠢᠯᠡᠵᠦ᠂ ᠲᠤᠮᠲᠠᠲᠤ ᠶᠢᠨ ᠲᠠᠯ᠎ᠠ 2022 ᠤᠨ ᠤ ᠡᠪᠦᠯ ᠤᠨ ᠤᠯᠢᠮᠫᠢᠺ ᠢ ᠵᠤᠬᠢᠶᠠᠨ ᠪᠠᠶᠢᠭᠤᠯᠬᠤ ᠪᠡᠯᠡᠳᠭᠡᠯ ᠠᠵᠢᠯ ᠤᠨ ᠶᠠᠪᠤᠴᠠ ᠳ᠋ᠤ ᠺᠠᠨᠠᠳᠠ ᠶᠢᠨ ᠲᠡᠷᠢᠬᠦᠨ ᠤ ᠲᠤᠷᠰᠢᠯᠭ᠎ᠠ ᠶᠢ ᠠᠪᠴᠤ ᠬᠡᠷᠡᠭᠯᠡᠬᠦ ᠲᠤᠷᠠᠲᠠᠢ ᠪᠠᠶᠢᠨ᠎ᠠ᠃ ᠮᠦᠨ ᠠᠭᠤᠷ ᠠᠮᠢᠰᠬᠤᠯ ᠤᠨ ᠬᠤᠪᠢᠷᠠᠯᠲᠠ ᠵᠡᠷᠭᠡ ᠴᠢᠬᠤᠯᠠ ᠴᠠᠷᠠᠭ᠎ᠠ ᠬᠦᠷᠢᠶ᠎ᠠ ᠵᠢᠴᠢ ᠤᠯᠠᠨ ᠲᠠᠯ᠎ᠠ ᠶᠢᠨ ᠬᠦᠲᠦᠯᠪᠦᠷᠢ ᠶᠢᠨ ᠲᠤᠲᠤᠷ᠎ᠠ ᠵᠤᠬᠢᠴᠠᠭᠤᠯᠬᠤ ᠪᠠ ᠬᠠᠮᠲᠤᠷᠠᠨ ᠠᠵᠢᠯᠯᠠᠵᠤ ᠲᠤᠮᠲᠠᠲᠤ ᠺᠠᠨᠠᠳᠠ ᠶᠢᠨ ᠪᠠᠶᠢᠯᠲᠤᠬᠤ ᠪᠤᠲᠤᠯᠭ᠎ᠠ ᠶᠢᠨ ᠲᠦᠩᠰᠢᠯᠡᠯ ᠤᠨ ᠬᠠᠷᠢᠯᠴᠠᠭᠠᠨ ᠤ ᠲᠤᠲᠤᠭᠠᠲᠤ ᠠᠭᠤᠯᠤᠭᠲᠠᠬᠤᠨ ᠢ ᠲᠠᠰᠤᠷᠠᠯᠲᠠ ᠦᠭᠡᠢ ᠪᠦᠷᠢᠨ ᠲᠡᠭᠦᠯᠲᠡᠷ ᠪᠤᠯᠭᠠᠨ᠎ᠠ ᠭᠡᠵᠡᠢ᠃

    ᠲ᠋ᠷᠦ᠋ᠳᠧ ᠢᠯᠡᠷᠬᠡᠶᠢᠯᠡᠭᠰᠡᠨ ᠶᠢᠡᠷ᠂ ᠰᠢ ᠲᠡᠷᠢᠬᠦᠯᠡᠭᠴᠢ ᠶᠢᠨ ᠺᠠᠨᠠᠳᠠ ᠲᠤᠮᠲᠠᠲᠤ ᠶᠢᠨ ᠬᠠᠷᠢᠯᠴᠠᠭᠠᠨ ᠤ ᠲᠤᠬᠠᠢ ᠦᠨᠡᠯᠡᠯᠲᠡ ᠶᠢ ᠪᠢ ᠵᠦᠪᠰᠢᠶᠡᠷᠡᠵᠦ ᠪᠠᠶᠢᠨ᠎ᠠ᠃ ᠺᠠᠨᠠᠳᠠ ᠲᠤᠮᠲᠠᠲᠤ ᠶᠢᠨ ᠨᠦᠬᠦᠷᠯᠡᠯ ᠦᠨᠢ ᠤᠲᠠᠭᠠᠨ᠃ ᠰᠡᠬᠦᠯ ᠤᠨ ᠵᠢᠯ ᠡᠴᠡ ᠨᠠᠰᠢ ᠺᠠᠨᠠᠳᠠ ᠲᠤᠮᠲᠠᠲᠤ ᠶᠢᠨ ᠬᠠᠮᠲᠤᠷᠠᠯᠴᠠᠭ᠎ᠠ ᠬᠦᠭ᠍ᠵᠢᠯᠲᠠ ᠶᠢᠨ ᠬᠦᠴᠦᠷᠬᠡᠭ᠌ ᠬᠠᠨᠲᠤᠰᠢ ᠲᠠᠢ ᠪᠠᠶᠢᠵᠤ᠂ ᠬᠤᠶᠠᠷ ᠤᠯᠤᠰ ᠤᠨ ᠠᠷᠠᠳ ᠲᠦᠮᠡᠨ ᠳ᠋ᠤ ᠪᠤᠲᠠᠲᠤ ᠠᠰᠢᠭ ᠲᠤᠰᠠ ᠠᠪᠴᠢᠷᠠᠵᠤ ᠦᠭ᠍ᠭᠦᠭ᠍ᠰᠡᠨ ᠶᠢᠡᠷ ᠪᠠᠷᠠᠬᠤ ᠦᠭᠡᠢ ᠲᠡᠯᠡᠬᠡᠢ ᠨᠡᠶᠢᠲᠡ ᠶᠢᠨ ᠬᠢᠨ ᠳ᠋ᠤ ᠢᠲᠡᠪᠬᠢ ᠮᠡᠲᠡᠭᠡ ᠵᠠᠩᠬᠢ ᠶᠢ ᠤᠯᠠᠮᠵᠢᠯᠠᠪᠠ᠃ ᠺᠠᠨᠠᠲᠠ ᠶᠢᠨ ᠲᠠᠯ᠎ᠠ ᠬᠠᠷᠢᠯᠴᠠᠨ ᠬᠦᠨᠳᠦᠳᠭᠡᠵᠦ ᠬᠠᠷᠢᠯᠴᠠᠨ ᠢᠲᠡᠭᠡᠬᠦ ᠰᠠᠭᠤᠷᠢᠨ ᠳ᠋ᠤ ᠲᠤᠮᠲᠠᠲᠤ ᠶᠢᠨ ᠲᠠᠯ᠎ᠠ ᠯᠤᠭ᠎ᠠ ᠶᠢᠨ ᠬᠠᠷᠢᠯᠴᠠᠭ᠎ᠠ ᠪᠠᠨ ᠭᠦᠨᠵᠡᠭᠡᠶᠢᠷᠡᠬᠦᠯᠵᠦ᠂ ᠬᠤᠶᠠᠷ ᠤᠯᠤᠰ ᠤᠨ ᠠᠷᠠᠯᠵᠢᠶ᠎ᠠ ᠬᠤᠲᠠᠯᠲᠤᠭ᠎ᠠ᠂ ᠬᠦᠮᠦᠨᠯᠢᠭ᠌᠌ ᠵᠡᠷᠭᠡ ᠰᠠᠯᠪᠤᠷᠢ ᠶᠢᠨ ᠰᠤᠯᠢᠯᠴᠠᠭ᠎ᠠ ᠬᠠᠮᠲᠤᠷᠠᠯᠴᠠᠭ᠎ᠠ ᠪᠠᠨ ᠴᠢᠩᠭ᠋ᠠᠳᠬᠠᠨ᠂ ᠪᠦᠬᠦ ᠪᠦᠮᠪᠦᠷᠴᠡᠭ ᠤᠨ ᠬᠦᠨᠳᠦ ᠴᠢᠬᠤᠯᠠ ᠠᠰᠠᠭᠤᠲᠠᠯ ᠪᠠ ᠤᠷᠤᠨ ᠪᠦᠰᠡ ᠶᠢᠨ ᠠᠰᠠᠭᠤᠲᠠᠯ ᠳ᠋ᠤ ᠦᠵᠡᠯ ᠪᠤᠲᠤᠯ ᠶᠢᠡᠨ ᠨᠢᠬᠲᠠ ᠰᠤᠯᠢᠯᠴᠠᠨ᠎ᠠ ᠭᠡᠵᠡᠢ᠃

    ᠨᠠᠮ ᠤᠨ ᠲᠦᠪ ᠬᠤᠷᠢᠶᠠᠨ ᠤ ᠤᠯᠤᠰ ᠲᠦᠷᠦ ᠶᠢᠨ ᠲᠤᠪᠴᠢᠶᠠᠨ ᠤ ᠭᠡᠰᠢᠬᠦᠨ᠂ ᠲᠦᠪ ᠤᠨ ᠱᠦᠵᠢ ᠨᠠᠷ ᠤᠨ ᠭᠠᠵᠠᠷ ᠤᠨ ᠱᠦᠵᠢ᠂ ᠨᠠᠮ ᠤᠨ ᠲᠦᠪ ᠬᠤᠷᠢᠶᠠᠨ ᠤ ᠠᠯᠪᠠᠨ ᠲᠢᠩᠬᠢᠮ ᠤᠨ ᠡᠷᠬᠢᠯᠡᠭᠴᠢ ᠳ᠋ᠢᠩ ᠰᠢᠤᠧᠠᠢ ᠰᠢᠶᠠᠩ᠂ ᠨᠠᠮ ᠤᠨ ᠲᠦᠪ ᠬᠤᠷᠢᠶᠠᠨ ᠤ ᠤᠯᠤᠰ ᠤᠨ ᠲᠤᠪᠴᠢᠶᠠᠨ ᠤ ᠭᠡᠰᠢᠬᠦᠨ᠂ ᠲᠦᠷᠦ ᠶᠢᠨ ᠶᠠᠪᠤᠲᠠᠯ ᠤᠨ ᠭᠡᠰᠢᠬᠦᠨ ᠶᠠᠩ ᠵᠢᠶᠧ ᡂᠢ ᠠᠭᠤᠯᠵᠠᠯᠲᠠ ᠳ᠋ᠤ ᠤᠷᠤᠯᠴᠠᠪᠠ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
010070230030000000000000011120701122066356