蒙古文网站Logo
ᠰᠢᠨᠬᠤᠸᠠ ᠮᠤᠩᠭ᠋ᠤᠯ ᠨᠧᠲ

ᠶᠡᠬᠡ ᠳᠡᠬᠡᠳᠦ ᠰᠤᠷᠭᠠᠭᠤᠯᠢ ᠳᠤ ᠡᠯᠰᠡᠬᠦ ᠰᠢᠯᠭᠠᠯᠳᠠ ᠬᠠᠭᠠᠯᠭᠠᠨ ᠳᠡᠬᠡᠷ᠎ᠡ ᠴᠢᠨᠢ ᠢᠷᠡᠵᠤ ᠪᠠᠶᠢᠨ᠎ᠠ᠂ ᠪᠡᠯᠡᠳᠬᠡᠯ ᠪᠦᠷᠢᠨ ᠪᠤᠯᠤᠭᠰᠠᠨ ᠤᠤ

2016-05-09 16:24

    ᠤᠯᠤᠰ ᠲᠠᠶᠠᠭᠠᠷ ᠤᠨ ᠡᠩ ᠤᠨ ᠶᠡᠬᠡ ᠳᠡᠬᠡᠳᠦ ᠰᠤᠷᠭᠠᠭᠤᠯᠢ ᠨᠤᠭᠤᠳ ᠲᠤ ᠰᠤᠷᠤᠭᠴᠢ ᠡᠯᠰᠡᠬᠦ ᠰᠢᠯᠭᠠᠯᠳᠠ ᠳᠦᠷᠪᠡᠬᠡᠨ ᠭᠠᠷᠠᠭ ᠤᠨ ᠬᠤᠭᠤᠴᠠᠭ᠎ᠠ ᠲᠠᠢ ᠬᠠᠭᠠᠯᠭᠠᠨ ᠳᠡᠬᠡᠷ᠎ᠡ ᠴᠢᠨᠢ ᠬᠦᠷᠦᠬᠡᠳ ᠢᠷᠡᠯ᠎ᠡ᠃ ᠡᠨᠡ ᠰᠢᠯᠭᠠᠯᠳᠠ ᠮᠦᠨ ᠵᠤᠷᠰᠢᠯ ᠶᠤᠰᠤᠭᠠᠷ ᠢᠶᠡᠨ 6 ᠰᠠᠷ᠎ᠠ ᠶᠢᠨ 7-9 ᠤ ᠡᠳᠦᠷ ᠤᠳ ᠲᠤ ᠶᠠᠪᠤᠭᠳᠠᠨ᠎ᠠ᠂ ᠡᠯ᠎ᠡ ᠬᠢᠴᠢᠶᠡᠯ ᠳᠦᠷᠦᠯ ᠤᠨ ᠰᠢᠯᠭᠠᠯᠳᠠ ᠶᠢᠨ ᠴᠠᠭ ᠢ ᠡᠶᠢᠨᠬᠦ ᠳᠤᠬᠢᠷᠠᠭᠤᠯᠤᠯ᠎ᠠ᠄

    7 ᠤ ᠡᠳᠦᠷ ᠤᠨ ᠦᠳᠡ ᠶᠢᠨ ᠡᠮᠦᠨᠡᠬᠢ 9᠌᠄00-11᠄30 ᠴᠠᠭ ᠲᠤ᠄ ᠬᠡᠯᠡ ᠪᠢᠴᠢᠭ᠌᠂ ᠳᠡᠬᠡᠳᠦ ᠵᠡᠷᠬᠡ ᠶᠢᠨ ᠳᠤᠰᠬᠠᠢ ᠮᠡᠷᠬᠡᠵᠢᠯ ᠤᠨ ᠬᠡᠯᠡ ᠪᠢᠴᠢᠭ᠌᠂ ᠳᠡᠬᠡᠳᠦ ᠵᠡᠷᠬᠡ ᠶᠢᠨ ᠳᠤᠰᠬᠠᠢ ᠮᠡᠷᠬᠡᠵᠢᠯ ᠤᠨ ᠮᠤᠩᠭᠤᠯ ᠬᠡᠯᠡ᠂ ᠮᠤᠩᠭᠤᠯ ᠬᠡᠯᠡ ᠬᠦᠬᠡ᠂ ᠰᠤᠯᠤᠩᠭᠤᠰ ᠬᠡᠯᠡ

    7 ᠤ ᠡᠳᠦᠷ ᠤᠨ ᠦᠳᠡ ᠶᠢᠨ ᠬᠤᠶᠢᠨᠠᠬᠢ 15᠄00-17᠄00 ᠴᠠᠭ ᠲᠤ᠄ ᠳᠤᠭ᠎ᠠ᠂ ᠳᠡᠬᠡᠳᠦ ᠵᠡᠷᠬᠡ ᠶᠢᠨ ᠳᠤᠰᠬᠠᠢ ᠮᠡᠷᠬᠡᠵᠢᠯ ᠤᠨ ᠳᠤᠭ᠎ᠠ᠂ ᠳᠡᠬᠡᠳᠦ ᠵᠡᠷᠬᠡ ᠶᠢᠨ ᠳᠤᠰᠬᠠᠢ ᠮᠡᠷᠬᠡᠵᠢᠯ ᠤᠨ ᠳᠤᠭ᠎ᠠ (ᠮᠤᠩᠭᠤᠯ)

    8 ᠤ ᠡᠳᠦᠷ ᠤᠨ ᠦᠳᠡ ᠶᠢᠨ ᠡᠮᠦᠨᠡᠬᠢ 9᠌᠄00-11᠄30 ᠴᠠᠭ ᠲᠤ᠄ ᠨᠡᠶᠢᠬᠡᠮ ᠤᠨ ᠰᠢᠨᠵᠢᠯᠡᠬᠦ ᠤᠬᠠᠭᠠᠨ ᠤ ᠶᠡᠷᠦᠩᠬᠡᠶᠢᠯᠡᠭᠰᠡᠨ ᠰᠢᠯᠭᠠᠯᠳᠠ᠂ ᠪᠠᠶᠢᠭᠠᠯᠢ ᠶᠢᠨ ᠰᠢᠨᠵᠢᠯᠡᠬᠦ ᠤᠬᠠᠭᠠᠨ ᠤ ᠶᠡᠷᠦᠩᠬᠡᠶᠢᠯᠡᠭᠰᠡᠨ ᠰᠢᠯᠭᠠᠯᠳᠠ᠂ ᠳᠡᠬᠡᠳᠦ ᠵᠡᠷᠬᠡ ᠶᠢᠨ ᠳᠤᠰᠬᠠᠢ ᠮᠡᠷᠬᠡᠵᠢᠯ ᠤᠨ ᠶᠡᠷᠦᠩᠬᠡᠶᠢᠯᠡᠭᠰᠡᠨ ᠰᠢᠯᠭᠠᠯᠳᠠ

    8 ᠤ ᠡᠳᠦᠷ ᠤᠨ ᠦᠳᠡ ᠶᠢᠨ ᠬᠤᠶᠢᠨᠠᠬᠢ 15᠄00-17᠄00 ᠴᠠᠭ ᠲᠤ᠄ ᠭᠠᠳᠠᠭᠠᠳᠤ ᠬᠡᠯᠡ (ᠰᠤᠨᠤᠰᠬᠠᠯ ᠤᠨ ᠰᠤᠷᠢᠯᠳᠠ ᠶᠢ ᠪᠠᠭᠳᠠᠭᠠᠨ᠎ᠠ)᠂ ᠳᠡᠬᠡᠳᠦ ᠵᠡᠷᠬᠡ ᠶᠢᠨ ᠳᠤᠰᠬᠠᠢ ᠮᠡᠷᠬᠡᠵᠢᠯ ᠤᠨ ᠠᠩᠭ᠍ᠯᠢ ᠬᠡᠯᠡ (ᠰᠤᠨᠤᠰᠬᠠᠯ ᠤᠨ ᠰᠤᠷᠢᠯᠳᠠ ᠶᠢ ᠪᠠᠭᠳᠠᠭᠠᠬᠤ ᠦᠬᠡᠢ)

    9 ᠤ ᠡᠳᠦᠷ ᠤᠨ ᠦᠳᠡ ᠶᠢᠨ ᠡᠮᠦᠨᠡᠬᠢ 9᠌᠄00-11᠄30 ᠴᠠᠭ ᠲᠤ᠄ ᠮᠤᠩᠭᠤᠯ ᠬᠡᠯᠡ ᠬᠦᠬᠡᠭᠴᠢᠨ

    ᠡᠬᠦᠨ ᠳᠤ᠂ ᠭᠠᠳᠠᠭᠠᠳᠤ ᠬᠡᠯᠡᠨ ᠤ ᠳᠦᠷᠦᠯ ᠤᠨ ᠪᠢᠴᠢᠭ᠌ ᠤᠨ ᠰᠢᠯᠭᠠᠯᠳᠠ ᠶᠢ 100 ᠮᠢᠨᠦ᠋ᠲ ᠲᠤ ᠰᠢᠯᠭᠠᠵᠤ ᠳᠠᠭᠤᠰᠤᠭᠰᠠᠨ ᠤ ᠳᠠᠷᠠᠭ᠎ᠠ᠂ ᠰᠤᠨᠤᠰᠬᠠᠯ ᠤᠨ ᠰᠢᠯᠭᠠᠯᠳᠠ ᠶᠢ 20 ᠮᠢᠨᠦ᠋ᠲ ᠶᠠᠪᠤᠭᠳᠠᠭᠤᠯᠤᠨ᠎ᠠ᠃ ᠳᠡᠬᠡᠳᠦ ᠵᠡᠷᠬᠡ ᠶᠢᠨ ᠳᠤᠰᠬᠠᠢ ᠮᠡᠷᠬᠡᠵᠢᠯ ᠤᠨ ᠰᠤᠷᠭᠠᠭᠤᠯᠢ ᠨᠤᠭᠤᠳ ᠤᠨ ᠳᠤᠮᠳᠠ ᠵᠡᠷᠬᠡ ᠶᠢᠨ ᠳᠤᠰᠬᠠᠢ ᠮᠡᠷᠬᠡᠵᠢᠯ ᠤᠨ ᠰᠤᠷᠭᠠᠭᠤᠯᠢ ᠨᠤᠭᠤᠳ ᠡᠴᠡ ᠬᠠᠷᠠᠭᠠᠯᠵᠠᠭᠤᠯᠤᠨ ᠡᠯᠰᠡᠬᠦ ᠪᠡᠶ᠎ᠡ ᠶᠢᠨ ᠳᠠᠮᠢᠷ ᠤᠨ ᠳᠦᠷᠦᠯ ᠤᠨ ᠰᠢᠯᠭᠠᠯᠳᠠ ᠶᠢ 6 ᠰᠠᠷ᠎ᠠ ᠶᠢᠨ 11 ᠤ ᠡᠳᠦᠷ ᠦᠪᠦᠷ ᠮᠤᠩᠭᠤᠯ ᠤᠨ ᠪᠡᠶ᠎ᠡ ᠶᠢᠨ ᠳᠠᠮᠢᠷ ᠤᠨ ᠮᠡᠷᠬᠡᠵᠢᠯ ᠤᠨ ᠰᠤᠷᠭᠠᠭᠤᠯᠢ ᠳᠤ ᠳᠤᠰᠠᠭᠠᠷᠯᠠᠨ ᠰᠢᠯᠭᠠᠬᠤ ᠪᠡᠷ ᠳᠤᠭᠳᠠᠵᠠᠢ᠃ ᠭᠠᠳᠠᠭᠠᠳᠤ ᠬᠡᠯᠡᠨ ᠤ ᠶᠠᠷᠢᠶᠠᠨ ᠤ ᠰᠤᠷᠢᠯᠳᠠ ᠶᠢ 6 ᠰᠠᠷ᠎ᠠ ᠶᠢᠨ 9 ᠤ ᠡᠳᠦᠷ ᠤᠨ 8᠄00 ᠴᠠᠭ ᠡᠴᠡ 14 ᠤ ᠡᠳᠦᠷ ᠤᠨ 18᠄00 ᠴᠠᠭ ᠤᠨ ᠬᠤᠭᠤᠷᠤᠨᠳᠤ ᠳᠤᠬᠢᠷᠠᠭᠤᠯᠪᠠ᠂ ᠪᠤᠳᠠᠳᠠᠢ ᠴᠠᠭ ᠭᠠᠵᠠᠷ ᠤᠷᠤᠨ ᠢ ᠬᠤᠰᠢᠭᠤ ᠰᠢᠶᠠᠨ ᠳᠡᠬᠦᠷᠬᠡ ᠶᠢᠨ ᠰᠤᠷᠤᠭᠴᠢ ᠡᠯᠰᠡᠬᠦ ᠠᠯᠪᠠᠨ ᠡᠴᠡ ᠳᠤᠭᠳᠠᠭᠠᠵᠤ ᠳᠤᠰ ᠬᠦᠮᠦᠨ ᠳᠤ ᠨᠢ ᠮᠡᠳᠡᠭᠳᠡᠨ᠎ᠡ᠃

    ᠤᠯᠤᠰ ᠤᠨ ᠰᠢᠯᠭᠠᠯᠳᠠ ᠶᠢ ᠤᠭᠳᠤᠬᠤ ᠪᠡᠷ ᠪᠠᠶᠢᠭ᠎ᠠ ᠳᠡᠬᠦᠦᠨᠡᠷ ᠮᠢᠨᠢ ᠪᠡᠯᠡᠳᠬᠡᠯ ᠪᠦᠷᠢᠨ ᠪᠤᠯᠤᠭᠰᠠᠨ ᠤᠤ? ᠢᠷᠡᠵᠤ ᠪᠤᠢ ᠡᠳᠦᠷ ᠬᠤᠨᠤᠭ ᠤᠳ ᠲᠤ ᠳᠠᠷᠠᠭᠠᠬᠢ ᠵᠦᠢᠯ ᠢ ᠠᠩᠬᠠᠷᠤᠯ ᠳ᠋ᠠᠭᠠᠨ ᠠᠪᠤᠭᠠᠷᠠᠢ᠄

    ᠪᠦᠬᠦ ᠮᠠᠲ᠋ᠧᠷᠢᠶᠠᠯ ᠳᠤ ᠪᠠᠷᠢᠭᠳᠠᠬᠤ ᠪᠡᠨ ᠪᠤᠯᠢᠵᠤ᠂ ᠬᠢᠴᠢᠶᠡᠯ ᠳᠦᠷᠦᠯ ᠤᠳ ᠤᠨ ᠢᠶᠡᠨ ᠭᠤᠤᠯᠳᠠᠯᠭ᠎ᠠ ᠲᠠᠢ ᠵᠦᠢᠯ ᠢ ᠳᠠᠬᠢᠨ ᠪᠠᠳᠤᠳᠬ᠎ᠠ᠃

    *ᠰᠠᠨᠠᠭ᠎ᠠ ᠰᠡᠳᠬᠢᠯ ᠢᠶᠡᠨ ᠪᠠᠶᠠᠷ ᠪᠠᠶᠠᠰᠤᠯ ᠲᠠᠢ ᠪᠠᠶᠢᠯᠭᠠᠬᠤ ᠶᠢ ᠬᠢᠴᠢᠶᠡᠵᠤ᠂ ᠪᠡᠶ᠎ᠡ ᠶᠢᠨ ᠳᠠᠮᠢᠷ ᠤᠨ ᠳᠠᠰᠬᠠᠯ ᠳᠤ ᠵᠤᠬᠢᠬᠤ ᠬᠡᠮᠵᠢᠶ᠎ᠡ ᠪᠡᠷ ᠤᠷᠤᠯᠴᠠᠭᠠᠷᠠᠢ᠃

    ᠡᠳᠦᠷ ᠤᠨ ᠬᠤᠭᠤᠯᠠᠨ ᠳ᠋ᠠᠭᠠᠨ ᠢᠯᠡᠬᠦᠦ ᠨᠢᠬᠡ ᠳᠦᠷᠦᠯ ᠤᠨ ᠨᠤᠭᠤᠭ᠎ᠠ ᠨᠡᠮᠡᠵᠤ ᠪᠤᠯᠤᠨ᠎ᠠ᠂ ᠳᠡᠬᠡᠬᠦ ᠳ᠋ᠡᠬᠡᠨ ᠮᠢᠬ᠎ᠠ ᠳᠤᠰᠤ ᠬᠡᠳᠦᠷᠬᠡᠢ ᠢᠳᠡᠬᠦ ᠦᠬᠡᠢ ᠪᠤᠯ ᠰᠠᠶᠢᠨ᠃

    ᠨᠠᠶᠢᠵᠠ ᠵᠠᠯᠠᠭᠤ ᠲᠠᠢ ᠡᠰᠡᠪᠡᠯ ᠨᠠᠶᠢᠵᠠ ᠦᠬᠢᠨ ᠲᠠᠢ ᠳᠡᠬᠦᠦᠨᠡᠷ ᠡᠨᠡᠬᠦ ᠵᠠᠩᠬᠢᠯᠭ᠎ᠠ ᠶᠢᠨ ᠦᠶ᠎ᠡ ᠳᠤ ᠪᠡᠶ᠎ᠡ ᠪᠡᠶ᠎ᠡ ᠳ᠋ᠡᠬᠡᠨ ᠰᠡᠳᠬᠢᠯ ᠤᠨ ᠳᠠᠮᠢᠷ ᠬᠠᠶᠢᠷᠠᠯᠠᠬᠤ ᠶᠤᠮ ᠰᠢᠤ᠂ ᠬᠠᠶᠢᠷ᠎ᠠ ᠬᠡᠳᠡᠭ ᠪᠤᠯ ᠬᠠᠷᠢᠭᠤᠴᠠᠯᠭ᠎ᠠ᠂ ᠬᠠᠶᠢᠷᠠᠳᠠᠢ ᠨᠢᠬᠡᠨ ᠢᠶᠡᠨ ᠵᠤᠷᠢᠭᠵᠢᠭᠤᠯᠵᠤ᠂ ᠤᠷᠮᠠᠰᠢᠭᠤᠯᠵᠤ ᠶᠠᠪᠤᠨ᠎ᠠ ᠬᠡᠳᠡᠭ ᠦᠪᠡᠷᠰᠡᠳ ᠤᠨ ᠢᠶᠡᠨ ᠢᠷᠡᠬᠡᠳᠦᠢ ᠳᠤ ᠬᠠᠨᠳᠤᠭᠰᠠᠨ ᠬᠠᠷᠢᠭᠤᠴᠠᠯᠭ᠎ᠠ ᠶᠤᠮ᠃

ᠢᠷᠡᠯᠳᠡ᠄ ᠦᠪᠦᠷ ᠮᠤᠩᠭ᠋ᠤᠯ ᠤᠨ ᠵᠠᠰᠠᠭ ᠤᠨ ᠤᠷᠳᠤᠨ ᠪᠡᠯᠡᠳᠭᠡᠭ᠍ᠰᠡᠨ ᠨᠢ᠄ ᠪᠣᠯᠣᠷᠴᠡᠴᠡᠭ᠌

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120701118832716