蒙古文网站Logo
ᠰᠢᠨᠬᠤᠸᠠ ᠮᠤᠩᠭ᠋ᠤᠯ ᠨᠧᠲ

ᠳᠥᠪ ᠲᠧᠯᠧᠶ᠋ᠰ ᠦᠨ ᠮᠣᠩᠭᠣᠯ ᠰᠦᠯᠵᠢᠶᠡᠨ ᠳᠤ ᠨᠠᠶᠢᠷᠠᠭᠤᠯᠤᠭᠴᠢ ᠡᠯᠰᠡᠬᠦ ᠮᠡᠳᠡᠭᠳᠡᠯ

2016-05-13 11:04

    ᠠᠵᠢᠯ ᠤᠨ ᠪᠠᠶᠢᠷᠢ ᠬᠠᠶᠢᠵᠤ ᠪᠠᠶᠢᠭ᠎ᠠ ᠮᠤᠩᠭ᠋ᠤᠯ ᠤᠶᠤᠳᠠᠨ ᠵᠠᠯᠠᠭᠤᠰ ᠲᠤ ᠨᠡᠶᠢᠰᠯᠡᠯ ᠬᠤᠳᠠ ᠳᠤ ᠠᠵᠢᠯᠯᠠᠵᠤ ᠠᠮᠢᠳᠤᠷᠠᠬᠤ ᠨᠢᠬᠡᠨ ᠰᠠᠶᠢᠬᠠᠨ ᠠᠵᠠ ᠳᠤᠬᠢᠶᠠᠵᠤ ᠪᠠᠶᠢᠨ᠎ᠠ᠄ ᠳᠥᠪ ᠲᠧᠯᠧᠶ᠋ᠰ ᠦᠨ ᠮᠣᠩᠭᠣᠯ ᠰᠦᠯᠵᠢᠶᠡᠨ ᠦ ᠤᠶᠢᠭᠤᠷᠵᠢᠨ ᠥᠰᠦᠭ ᠦᠨ ᠰᠦᠯᠵᠢᠶᠡᠨ ᠳᠤ 2 ᠨᠠᠶᠢᠷᠠᠭᠤᠯᠤᠭᠴᠢ᠂ ᠺᠢᠷᠢᠯ ᠥᠰᠦᠭ ᠦᠨ ᠰᠦᠯᠵᠢᠶᠡᠨ ᠳᠤ 1 ᠨᠠᠶᠢᠷᠠᠭᠤᠯᠤᠭᠴᠢ ᠡᠯᠰᠡᠬᠦ ᠪᠡᠷ ᠪᠠᠶᠢᠨ᠎ᠠ᠃

    ᠱᠠᠭᠠᠷᠳᠠᠯᠭ᠎ᠠ᠄

    1᠂ ᠶᠡᠬᠡ ᠳᠡᠭᠡᠳᠦ ᠰᠤᠷᠭᠠᠭᠤᠯᠢ ᠶᠢᠨ ᠦᠨᠳᠦᠰᠦᠨ ᠠᠩᠬᠢ ᠶᠢᠨ ᠰᠤᠷᠤᠯᠭ᠎ᠠ ᠶᠢᠨ ᠨᠠᠮᠲᠠᠷ ᠲᠠᠢ ᠪᠠᠶᠢᠬᠤ᠂ ᠤᠯᠤᠰ ᠤᠨ《 211 ᠢᠨᠵᠧᠨᠧᠷᠢᠩ》  ᠤᠨ ᠭᠣᠣᠯᠳᠠᠯᠭ᠎ᠠ ᠲᠠᠢ ᠶᠡᠬᠡ ᠳᠡᠭᠡᠳᠦ ᠰᠤᠷᠭᠠᠭᠤᠯᠢ ᠶᠢᠨ ᠦᠨᠳᠦᠰᠦᠨ ᠠᠩᠭᠢ ᠪᠤᠶᠤ ᠲᠡᠭᠦᠨ ᠡᠴᠡ ᠳᠡᠭᠡᠭ᠍ᠰᠢ ᠰᠤᠷᠤᠯᠭ᠎ᠠ ᠶᠢᠨ ᠨᠠᠮᠲᠠᠷ ᠲᠠᠢ ᠲᠣᠬᠢᠶᠠᠯᠳᠤᠯ ᠳᠤ ᠪᠤᠰᠤᠳ ᠠᠴᠠ ᠳᠠᠪᠠᠭᠤᠯᠢᠭ ᠡᠷᠬᠡ ᠲᠠᠢ᠃

    2᠂ ᠢᠨᠲ᠋ᠧᠷ ᠰᠦᠯᠵᠢᠶ᠎ᠡ᠂ ᠰᠣᠨᠢᠨ ᠮᠡᠳᠡᠭᠡ᠂ ᠮᠣᠩᠭᠣᠯ ᠬᠡᠯᠡ ᠤᠳᠬ᠎ᠠ ᠵᠣᠬᠢᠶᠠᠯ᠂ ᠵᠢᠷᠤᠭᠯᠠᠭᠠᠴᠢ᠂ ᠳᠦᠷᠰᠦ ᠪᠢᠴᠢᠯᠭᠡ ᠨᠠᠶᠢᠷᠠᠭᠤᠯᠬᠤ ᠲᠤᠰᠬᠠᠢ ᠮᠡᠷᠭᠡᠵᠢᠯ ᠰᠣᠷᠣᠭᠰᠠᠨ ᠲᠣᠬᠢᠶᠠᠯᠳᠤᠯ ᠳᠤ ᠳᠠᠪᠠᠭᠤᠯᠢᠭ ᠡᠷᠬᠡ ᠲᠠᠢ᠃

    3᠂ ᠮᠣᠩᠭᠣᠯ ᠬᠢᠲᠠᠳ ᠬᠡᠯᠡ ᠪᠡᠷ ᠣᠷᠴᠢᠭᠤᠯᠵᠤ᠂ ᠪᠢᠴᠢᠵᠦ ᠨᠠᠶᠢᠷᠠᠭᠤᠯᠬᠤ ᠳᠤ ᠴᠢᠳᠠᠮᠠᠭᠠᠢ᠂ ᠺᠣᠮᠫᠢᠣᠲ᠋ᠧᠷ ᠦᠨ ᠲᠠᠯ᠎ᠠ ᠪᠠᠷ ᠲᠣᠳᠣᠷᠬᠠᠢ ᠬᠡᠮᠵᠢᠶᠠᠨ ᠤ ᠮᠡᠳᠡᠯᠭᠡ ᠪᠣᠯᠪᠠᠰᠤᠷᠠᠯ ᠲᠠᠢ ᠪᠠᠶᠢᠬᠤ᠃

    4᠂ ᠨᠠᠰᠤᠨ ᠤ ᠳᠡᠭᠡᠳᠦ ᠬᠢᠵᠠᠭᠠᠷ 30᠃

    5᠂ ᠤᠯᠤᠰ ᠳᠥᠷᠥ ᠶᠢᠨ ᠵᠣᠭᠰᠣᠯᠲᠠ ᠵᠥᠪ ᠪᠠᠶᠢᠬᠤ᠃

    6᠂ ᠪᠡᠶ᠎ᠡ ᠮᠠᠬᠠᠪᠣᠳ ᠡᠷᠡᠭᠦᠯ ᠴᠢᠭᠢᠷᠠᠭ ᠪᠠᠶᠢᠬᠤ᠃

    7᠂ ᠬᠡᠪᠯᠡᠯ ᠮᠡᠳᠡᠭᠡᠯᠡᠯ ᠦᠨ ᠰᠠᠯᠪᠤᠷᠢ ( ᠪᠤᠶᠤ ᠳᠦᠷᠰᠦ ᠪᠢᠴᠢᠯᠭᠡ ᠨᠠᠶᠢᠷᠠᠭᠤᠯᠬᠤ ) ᠍ ᠳᠤ ᠠᠵᠢᠯᠯᠠᠵᠤ ᠪᠠᠶᠢᠭᠰᠠᠨ ᠠᠵᠢᠯ ᠤᠨ ᠲᠤᠷᠰᠢᠯᠭ᠎ᠠ ᠲᠠᠢ ᠲᠣᠬᠢᠶᠠᠯᠳᠤᠯ ᠳᠤ ᠮᠥᠨ ᠳᠠᠪᠠᠭᠤᠯᠢᠭ ᠡᠷᠬᠡ ᠲᠠᠢ᠃

    ᠺᠢᠷᠢᠯ ᠰᠦᠯᠵᠢᠶᠡᠨ ᠳᠤ ᠨᠠᠶᠢᠷᠠᠭᠤᠯᠤᠭᠴᠢ ᠡᠯᠰᠡᠭᠦ ᠱᠠᠭᠠᠷᠳᠠᠯᠭ᠎ᠠ᠄

    1᠂ ᠳᠡᠭᠡᠷᠡᠬᠢ 7 ᠱᠠᠭᠠᠷᠳᠠᠯᠭ᠎ᠠ ᠠᠴᠠ ᠭᠠᠳᠠᠨ᠎ᠠ ᠺᠢᠷᠢᠯ ᠥᠰᠦᠭ ᠪᠢᠴᠢᠭ᠌ ᠤᠨ ᠲᠣᠳᠣᠷᠬᠠᠢ ᠬᠡᠮᠵᠢᠶᠠᠨ ᠤ ᠪᠣᠯᠪᠠᠰᠤᠷᠠᠯ ᠲᠠᠢ ᠪᠠᠶᠢᠬᠤ᠃

    2᠂ ᠮᠣᠩᠭᠣᠯ ᠤᠯᠤᠰ ᠲᠤ ᠠᠵᠢᠯᠯᠠᠵᠤ᠂ ᠰᠤᠷᠤᠯᠴᠠᠵᠤ ᠪᠠᠶᠢᠭᠰᠠᠨ ᠳᠤᠷᠰᠢᠯᠭ᠎ᠠ ᠲᠠᠢ ᠲᠣᠬᠢᠶᠠᠯᠳᠤᠯ ᠳᠤ ᠪᠤᠰᠤᠳ ᠠᠴᠠ ᠳᠠᠪᠠᠭᠤᠯᠢᠭ ᠡᠷᠬᠡ ᠲᠠᠢ᠃

    ᠨᠡᠷ᠎ᠡ ᠪᠦᠷᠢᠳᠬᠡᠬᠦᠯᠬᠦ ᠬᠥᠮᠥᠰ 2016 ᠣᠨ ᠤ 7 ᠰᠠᠷ᠎ᠠ ᠶᠢᠨ 20 ᠍ ᠦ ᠡᠳᠦᠷ ᠡᠴᠡ ᠡᠮᠦᠨ᠎ᠡ ᠠᠮᠵᠢᠵᠤ mongol@vip.cntv.cn ᠢᠮᠧᠯ ᠬᠠᠶ‍ᠢᠭ ᠢᠶᠡᠷ ᠨᠠᠮᠲᠠᠷ ᠢᠶᠠᠨ ᠶᠠᠪᠤᠭᠤᠯᠤᠭᠠᠷᠠᠢ!

         ᠳᠥᠪ ᠲᠧᠯᠧᠶ᠋ᠰ ᠦᠨ ᠮᠣᠩᠭᠣᠯ ᠰᠦᠯᠵᠢᠶ᠎ᠡ

         2016 ᠣᠨ ᠤ 5 ᠰᠠᠷ᠎ᠠ ᠶᠢᠨ 12 ᠍ ᠦ ᠡᠳᠦᠷ

ᠢᠷᠡᠯᠳᠡ᠄ ᠰᠢᠨᠬᠤᠧᠠ ᠮᠤᠩᠭ᠋ᠤᠯ ᠨᠧᠲ ᠪᠡᠯᠡᠳᠭᠡᠭ᠍ᠰᠡᠨ ᠨᠢ᠄ ᠪᠣᠯᠣᠷᠴᠡᠴᠡᠭ᠌

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120701118861099