蒙古文网站Logo
ᠰᠢᠨᠬᠤᠸᠠ ᠮᠤᠩᠭ᠋ᠤᠯ ᠨᠧᠲ

《ᠮᠣᠩᠭ᠋ᠤᠯ ᠵᠠᠯᠠᠭᠤᠴᠣᠳ ᠪᠠ ᠮᠣᠩᠭ᠋ᠤᠯ ᠰᠣᠶᠣᠯ》 ᠨᠣᠮ ᠤᠨ ᠬᠤᠷᠢᠮ ᠪᠤᠯᠤᠨ᠎ᠠ

2016-05-25 11:55

《ᠮᠣᠩᠭ᠋ᠤᠯ ᠵᠠᠯᠠᠭᠤᠴᠣᠳ ᠪᠠ ᠮᠣᠩᠭ᠋ᠤᠯ ᠰᠣᠶᠣᠯ》 ᠨᠣᠮ 

    ᠦᠪᠦᠷ ᠮᠣᠩᠭ᠋ᠤᠯ ᠤᠨ ᠦᠨᠳᠦᠰᠦᠳᠡᠨ ᠤ ᠵᠠᠯᠠᠭᠤᠴᠣᠳ ᠪᠠᠭᠠᠴᠣᠳ ᠤᠨ ᠰᠡᠳᠭᠦᠯ ᠤᠨ ᠬᠤᠷᠢᠶ᠎ᠠ ᠠᠴᠠ ᠭᠤᠣᠯᠯᠠᠨ ᠡᠷᠬᠢᠯᠡᠵᠦ᠂ ᠦᠪᠦᠷ ᠮᠣᠩᠭ᠋ᠤᠯ ᠤᠨ ᠪᠠᠭᠰᠢ ᠶᠢᠨ ᠶᠡᠭᠡ ᠰᠣᠷᠭᠠᠭᠤᠯᠢ ᠶᠢᠨ ᠮᠣᠩᠭ᠋ᠤᠯ ᠰᠣᠳᠣᠯᠣᠯ ᠤᠨ ᠲᠡᠭᠡᠳᠦ ᠰᠣᠷᠭᠠᠭᠤᠯᠢ ᠠᠴᠠ ᠲᠠᠭᠠᠭᠠᠴᠢᠯᠠᠨ ᠡᠷᠬᠢᠯᠡᠬᠦ ᠭᠡᠵᠦ ᠪᠠᠶᠢᠭ᠎ᠠ ᠪᠡᠭᠡᠵᠢᠩ ᠶᠡᠭᠡ ᠰᠣᠷᠭᠠᠭᠤᠯᠢ ᠶᠢᠨ ᠫᠷᠤᠹᠧᠰᠰᠣᠷ᠂ ᠳ᠋ᠣᠺᠲ᠋ᠣᠷᠠᠨᠲ ᠤᠨ ᠵᠢᠯᠣᠭᠤᠳᠣᠭᠴᠢ ᠪᠠᠭᠰᠢ᠂ ᠢᠷᠠᠭᠤ ᠨᠠᠶᠢᠷᠠᠭᠴᠢ ᠲᠣᠯᠠᠭᠠᠨ ᠤ 《ᠮᠣᠩᠭ᠋ᠤᠯ ᠵᠠᠯᠠᠭᠤᠴᠣᠳ ᠪᠠ ᠮᠣᠩᠭ᠋ᠤᠯ ᠰᠣᠶᠣᠯ》 ᠨᠣᠮ ᠢ ᠠᠩᠬᠠᠯᠠᠨ ᠲᠠᠷᠬᠠᠭᠠᠬᠤ ᠪᠠ ᠨᠣᠮ ᠬᠠᠨᠳᠢᠪᠯᠠᠬᠤ ᠶᠣᠰᠣᠯᠠᠯ᠂ 5 ᠰᠠᠷ᠎ᠠ ᠶᠢᠨ 30 (ᠭᠠᠷᠠᠭ ᠤᠨ ᠨᠢᠭᠡᠨ)᠎ ᠤ ᠡᠳᠦᠷ ᠦᠪᠦᠷ ᠮᠣᠩᠭ᠋ᠤᠯ ᠤᠨ ᠪᠠᠭᠰᠢ ᠶᠢᠨ ᠶᠡᠭᠡ ᠰᠣᠷᠭᠠᠭᠤᠯᠢ ᠳᠤ ᠵᠤᠬᠢᠶᠠᠨ ᠪᠠᠶᠢᠭᠤᠯᠤᠭᠳᠠᠬᠤ ᠪᠡᠷ ᠪᠣᠯᠣᠯ᠎ᠠ᠃

    《ᠮᠣᠩᠭ᠋ᠤᠯ ᠵᠠᠯᠠᠭᠤᠴᠣᠳ ᠪᠠ ᠮᠣᠩᠭ᠋ᠤᠯ ᠰᠣᠶᠣᠯ》 ᠨᠣᠮ ᠪᠣᠯ ᠲᠣᠯᠠᠭᠠᠨ ᠫᠷᠤᠹᠧᠰᠰᠣᠷ ᠤᠨ 2013 ᠣᠨ ᠤ ᠨᠢᠭᠡᠳᠦᠭᠡᠷ ᠬᠤᠭᠤᠴᠠᠭᠠᠨ ᠠᠴᠠ ᠬᠤᠶᠠᠷ ᠵᠢᠯ ᠲᠠᠷᠠᠭᠠᠯᠠᠨ《ᠦᠪᠦᠷ ᠮᠣᠩᠭ᠋ᠤᠯ ᠤᠨ ᠵᠠᠯᠠᠭᠤᠴᠣᠳ》 ᠰᠡᠳᠭᠦᠯ ᠳᠤ 《ᠲᠣᠰᠬᠠᠢ ᠪᠣᠯᠣᠩ》᠎ ᠤᠨ ᠵᠣᠬᠢᠶᠠᠯᠴᠢ ᠪᠠᠷ ᠠᠵᠢᠯᠯᠠᠭᠰᠠᠨ ᠵᠤᠬᠢᠶᠠᠯ ᠪᠦᠳᠦᠭᠡᠯ ᠤᠨ ᠬᠢᠨᠢ ᠲᠡᠭᠦᠪᠦᠷᠢ ᠪᠣᠯᠬᠤ ᠶᠤᠮ᠃ ᠳᠡᠬᠦᠨ ᠤ ᠪᠢᠴᠢᠵᠦ ᠨᠡᠶᠢᠳᠡᠯᠡᠭᠦᠯᠦᠭᠰᠡᠨ ᠵᠤᠬᠢᠶᠠᠯ ᠪᠦᠳᠦᠭᠡᠯ ᠨᠢ ᠨᠡᠶᠢᠭᠡᠮ ᠨᠡᠶᠢᠲᠡ᠂ ᠬᠦᠮᠦᠨ ᠠᠷᠠᠳ ᠲᠤ ᠪᠠᠨ ᠲᠠᠭᠠᠯᠠᠭᠳᠠᠨ᠂ ᠣᠩᠰᠢᠭᠴᠢᠳ ᠲᠡᠭᠦᠨ ᠤ ᠵᠤᠬᠢᠶᠠᠯ ᠪᠦᠳᠦᠭᠡᠯ ᠢ ᠲᠡᠯᠡᠬᠡᠢ ᠶᠢᠨ ᠲᠡᠯᠡᠭᠡᠷ ᠬᠠᠷᠠᠭᠠᠨ ᠠᠴᠠ ᠮᠣᠩᠭ᠋ᠤᠯᠴᠣᠳ ᠤᠨ ᠠᠮᠢᠳᠣᠷᠠᠯ ᠢ ᠭᠦᠨᠴᠡ ᠲᠠᠢ᠂ ᠵᠢᠯᠣᠭᠤᠳᠣᠮᠵᠢ ᠶᠢᠨ ᠦᠢᠯᠡᠳᠦᠯ ᠲᠠᠢ ᠰᠠᠶᠢᠬᠠᠨ ᠰᠢᠭᠦᠮᠵᠢᠯᠡᠨ ᠪᠢᠴᠢᠯ᠎ᠡ ᠭᠡᠵᠦ ᠪᠠᠶᠢᠭᠰᠠᠨ ᠪᠦᠭᠡᠳ 2013 ᠣᠨ ᠤ ᠣᠯᠣᠰ ᠤᠨ ᠰᠢᠯᠭᠠᠯᠲᠠ ᠶᠢᠨ ᠣᠩᠰᠢᠨ ᠵᠠᠳᠠᠯᠬᠤ ᠰᠡᠳᠦᠪ ᠢᠶᠠᠷ ᠴᠦ ᠰᠣᠩᠭ᠋ᠤᠭᠳᠠᠵᠤ ᠪᠠᠶᠢᠭᠰᠠᠨ ᠪᠢᠯᠡ᠃ ᠦᠪᠦᠷ ᠮᠣᠩᠭ᠋ᠤᠯ ᠤᠨ ᠦᠨᠳᠦᠰᠦᠳᠡᠨ ᠤ ᠪᠠᠭᠠᠴᠣᠳ ᠬᠡᠣᠬᠡᠳ ᠤᠨ ᠰᠡᠳᠭᠦᠯ ᠤᠨ ᠬᠤᠷᠢᠶᠠᠨ ᠤ ᠬᠢᠨ ᠴᠢᠨᠠᠷᠯᠢᠭ ᠰᠠᠶᠢᠬᠠᠨ ᠡᠳᠡᠭᠡᠷ ᠵᠤᠬᠢᠶᠠᠯ ᠢ ᠨᠢ ᠲᠡᠭᠦᠪᠦᠷᠢᠯᠡᠨ ᠦᠪᠦᠷ ᠮᠣᠩᠭ᠋ᠤᠯ ᠤᠨ ᠠᠷᠠᠳ ᠤᠨ ᠬᠡᠪᠯᠡᠯ ᠤᠨ ᠬᠤᠷᠢᠶᠠᠨ ᠳᠤ ᠨᠠᠶᠢᠳᠠᠨ ᠬᠡᠪᠯᠡᠭᠦᠯᠦᠭᠰᠡᠨ ᠶᠤᠮ᠃

    ᠲᠣᠰ ᠣᠳᠠᠭᠠᠨ ᠤ ᠨᠣᠮ ᠲᠠᠷᠬᠠᠭᠠᠬᠤ ᠪᠠ ᠨᠣᠮ ᠬᠠᠨᠳᠢᠪᠯᠠᠬᠤ ᠶᠣᠰᠣᠯᠠᠯ ᠳᠤ ᠮᠦᠨ ᠲᠣᠯᠠᠭᠠᠨ ᠫᠷᠤᠹᠧᠰᠰᠣᠷ ᠠᠴᠠ《ᠮᠣᠩᠭ᠋ᠤᠯ ᠣᠶᠣᠳᠠᠨ ᠪᠠ ᠮᠣᠩᠭ᠋ᠤᠯ ᠰᠣᠶᠣᠯ》 ᠭᠡᠬᠦ ᠭᠤᠣᠯ ᠰᠡᠳᠦᠪᠲᠦ ᠢᠯᠡᠳᠭᠡᠯ ᠬᠢᠬᠦ ᠪᠠᠷ ᠪᠣᠢ᠃

    ᠴᠠᠭ ᠄ 2016 ᠣᠨ ᠤ 5 ᠰᠠᠷ᠎ᠠ ᠶᠢᠨ 30᠎ ᠤ ᠦᠳᠡ ᠶᠢᠨ ᠡᠮᠦᠨ᠎ᠡ 9᠄ 40 ᠴᠠᠭ ᠲᠤ

    ᠭᠠᠵᠠᠷ᠄ ᠦᠪᠦᠷ ᠮᠣᠩᠭ᠋ᠤᠯ ᠤᠨ ᠪᠠᠭᠰᠢ ᠶᠢᠨ ᠶᠡᠭᠡ ᠰᠣᠷᠭᠠᠭᠤᠯᠢ ᠶᠢᠨ ᠱᠧᠩ ᠯᠧ ᠲᠣᠭᠤᠷᠢᠭ ᠤᠨ ᠲᠡᠭᠡᠳᠦ ᠰᠣᠷᠭᠠᠭᠤᠯᠢ ᠶᠢᠨ ᠠᠰᠠᠷ ᠤᠨ ᠨᠢᠭᠡᠳᠦᠭᠡᠷ ᠲᠠᠪᠬᠤᠷᠯᠢᠭ ᠤᠨ ᠬᠤᠷᠠᠯ ᠤᠨ ᠲᠢᠩᠬᠢᠮ

ᠲᠣᠯᠠᠭᠠᠨ ᠫᠷᠤᠹᠧᠰᠰᠣᠷ 

ᠢᠷᠡᠯᠳᠡ᠄ ᠰᠢᠨᠬᠤᠧᠠ ᠮᠤᠩᠭ᠋ᠤᠯ ᠨᠧᠲ ᠪᠡᠯᠡᠳᠭᠡᠭ᠍ᠰᠡᠨ ᠨᠢ᠄ ᠪᠣᠯᠣᠷᠴᠡᠴᠡᠭ᠌

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120701118929303