蒙古文网站Logo
ᠰᠢᠨᠬᠤᠸᠠ ᠮᠤᠩᠭ᠋ᠤᠯ ᠨᠧᠲ

ᠬᠢᠶᠠᠨ ᠰᠦᠯᠵᠢᠶ᠎ᠡ᠎᠎ ᠦᠢᠯᠡ ᠠᠵᠢᠯᠯᠠᠭ᠎ᠠ ᠪᠡᠨ ᠡᠬᠢᠯᠡᠬᠦᠯᠪᠡ

2016-05-31 12:12

      ᠦᠪᠦᠷ ᠮᠤᠨᠭᠭᠤᠯ ᠤᠨ《ᠬᠢᠶᠠᠨ》ᠮᠤᠨᠭᠭᠤᠯ ᠬᠢᠲᠠᠳ ᠬᠤᠤᠰ ᠬᠡᠯᠡᠨ ᠦ ᠰᠤᠷᠠᠭ ᠵᠠᠨᠭ᠍ᠬᠢ ᠶᠢᠨ ᠶᠡᠷᠦᠨᠭ᠍ᠬᠡᠢᠯᠡᠭᠰᠡᠨ ᠰᠦᠯᠵᠢᠶ᠎ᠡ 5 ᠰᠠᠷ᠎ᠠ ᠶᠢᠨ 31 ᠤ ᠡᠳᠦᠷ ᠬᠥᠬᠡᠬᠣᠲᠠᠨ᠎ᠠ ᠡᠷᠦᠬᠡ ᠪᠡᠨ ᠰᠡᠬᠦᠵᠦ ᠡᠬᠦᠳᠡ ᠪᠡᠨ ᠨᠡᠭᠡᠭᠡᠯ᠎ᠡ᠃  

     ᠬᠢᠶᠠᠨ ᠰᠦᠯᠵᠢᠶ᠎ᠡ ᠪᠤᠯ ᠮᠤᠨᠭᠭᠤᠯ ᠬᠢᠲᠠᠳ ᠬᠡᠯᠡ ᠶᠢ ᠵᠡᠷᠭᠡᠪᠡᠷ ᠠᠰᠢᠭᠯᠠᠳᠠᠭ ᠠᠮᠢᠳᠤᠷᠠᠯ ᠤᠨ ᠡᠯ᠎ᠡ ᠲᠥᠷᠥᠯ ᠦᠨ ᠦᠢᠯᠡᠴᠢᠯᠡᠭᠡᠨ ᠦ ᠰᠤᠷᠠᠭ ᠵᠠᠨᠭ᠍ᠭᠢ ᠶᠢᠨ ᠶᠡᠷᠥᠨᠭ᠍ᠬᠡᠢᠯᠡᠭᠰᠡᠨ ᠴᠢᠨᠠᠷᠲᠠᠢ ᠨᠸᠲ ᠪᠣᠯᠤᠨ᠎ᠠ᠃ ᠲᠤᠰ ᠨᠸᠲ ᠰᠦᠯᠵᠢᠶ᠎ᠡ ᠰᠤᠷᠠᠭ ᠵᠠᠨᠭ᠍ᠭᠢ ᠶᠢᠨ ᠡᠬᠢ ᠰᠤᠷᠪᠤᠯᠵᠢ ᠶᠢ ᠵᠣᠬᠢᠰᠲᠠᠢ ᠨᠢᠭᠡᠳᠬᠡᠵᠦ ᠮᠤᠨᠭᠭᠤᠯ ᠬᠢᠲᠠᠳ ᠬᠡᠯᠡᠨ ᠦ ᠥᠷᠭᠡᠨ ᠤᠯᠠᠨ ᠨᠸᠲ ᠠᠰᠢᠭᠯᠠᠭᠴᠢᠳ ᠶᠠᠮᠠᠷᠴᠦ ᠣᠷᠴᠢᠭᠤᠯᠭ᠎ᠠ ᠶᠢᠨ ᠶᠠᠪᠤᠴᠠ ᠳᠠᠮᠵᠢᠬᠤ ᠦᠬᠡᠢ ᠪᠡᠷ 2345᠂ ᠪᠤᠯᠤᠨ《ᠭᠦ᠋ ᠬᠧ》Google chrome ᠰᠦᠯᠵᠢᠶᠡᠨ ᠤᠨᠭᠰᠢᠭᠤᠷ ᠢᠶᠡᠷ ᠬᠤᠯᠪᠤᠭᠳᠠᠵᠦ ᠠᠮᠢᠳᠤᠷᠠᠯ ᠤᠨ ᠬᠡᠷᠡᠭᠯᠡᠬᠡ ᠪᠤᠯᠤᠨ ᠠᠵᠢᠯ ᠤᠨ ᠰᠤᠷᠠᠭ ᠵᠠᠨᠭ᠍ᠭᠢ ᠬᠠᠶᠢᠬᠤ᠂ ᠨᠡᠶᠢᠲᠡᠯᠡᠬᠥ᠂ ᠤᠨᠭᠰᠢᠬᠤ ᠵᠡᠷᠭᠡ ᠳᠦᠬᠦᠮ ᠦᠢᠯᠡᠴᠢᠯᠡᠬᠡ ᠬᠠᠩ᠋ᠭᠠᠨ᠎ᠠ᠃ ᠮᠦᠨ ᠠᠷᠠᠯᠵᠢᠶᠠᠴᠢᠳ ᠲᠤ ᠲᠠᠸᠠᠷ ᠢᠶᠠᠨ ᠪᠤᠷᠤᠯᠠᠭᠤᠯᠬᠤ ᠥᠨᠳᠥᠷ ᠦᠷ᠎ᠡ ᠠᠰᠢᠭ ᠪᠥᠬᠥᠢ ᠦᠢᠯᠡᠴᠢᠯᠡᠭᠡ᠂ VIP ᠦᠢᠯᠡᠴᠢᠯᠡᠭᠡᠨ ᠦ ᠰᠠᠭᠤᠷᠢᠨ ᠳᠡᠭᠡᠷ᠎ᠡ ᠤᠨᠤᠪᠴᠢᠲᠠᠢ᠂ ᠣᠶᠤᠨᠯᠢᠭ᠂ ᠳᠡᠭᠡᠳᠦ ᠬᠡᠮᠵᠢᠶᠡᠨ ᠦ ᠦᠢᠯᠡᠴᠢᠯᠡᠭᠡ ᠬᠠᠨᠭᠭᠠᠨ᠎ᠠ᠃

    ᠮᠦᠨ ᠨᠠᠢ᠍ᠮᠠᠨ ᠮᠤᠵᠢ ᠤᠷᠤᠨ ᠤ ᠬᠡᠷᠡᠭᠯᠡᠭᠴᠢᠳ ᠲᠤ ᠵᠤᠷᠢᠭᠤᠯᠤᠯᠲᠠ ᠲᠠᠢ ᠪᠤᠯᠬᠤᠷ ᠰᠦᠯᠵᠢᠶᠡᠨ ᠦ ᠴᠢᠨᠠᠷ ᠴᠢᠨᠰᠠᠭ᠎ᠠ ᠪᠠᠨ ᠳᠡᠭᠡᠭ᠍ᠰᠢᠯᠡᠭᠥᠯᠬᠥ ᠶᠢ ᠴᠢᠬᠤᠯᠠᠴᠢᠯᠠᠨ᠂ ᠡᠯ᠎ᠡ ᠠᠶᠢᠮᠠᠭ ᠬᠤᠰᠢᠭᠤ ᠰᠢᠶᠠᠨ ᠤ ᠦᠨᠳᠦᠰᠤᠨ ᠱᠠᠲᠤᠨ ᠳᠤ ᠮᠤᠨᠭᠭᠤᠯ ᠬᠢᠲᠠᠳ ᠬᠡᠯᠡᠨ ᠦ ᠰᠦᠯᠵᠢᠶ᠎ᠡ ᠪᠠᠶᠢᠭᠤᠯᠵᠦ ᠥᠭ᠍ᠬᠥ ᠵᠢᠴᠢ ᠠᠷᠦ ᠲᠠᠯ᠎ᠠ ᠶᠢᠨ ᠦᠢᠯᠡᠴᠢᠯᠡᠭᠡ ᠶᠢ ᠬᠠᠨᠭᠭᠠᠮᠵᠢᠲᠠᠢ ᠬᠢᠵᠦ ᠥᠭ᠍ᠭᠦᠨ᠎ᠡ᠃

    ᠲᠤᠰ ᠨᠸᠲ《ᠦᠨᠡᠨᠴᠢ᠂ ᠢᠲᠡᠭᠡᠮᠵᠢᠲᠠᠢ》ᠵᠠᠷᠴᠢᠮ ᠳ᠋ᠤ ᠰᠠᠭᠤᠷᠢᠯᠠᠵᠦ᠂ ᠲᠠ ᠤᠯᠠᠨ ᠤ ᠠᠨᠭᠬᠠᠷᠤᠯ  ᠳ᠋ᠤ ᠬᠦᠷᠴᠦ ᠨᠡᠩ ᠰᠢᠯᠢᠳᠡᠭ ᠴᠢᠳᠠᠪᠤᠷᠢᠲᠠᠨ ᠤ ᠡᠩᠨᠡᠬᠡ ᠪᠦᠷᠢᠳᠦᠬᠦᠯᠬᠦ ᠶᠢ ᠪᠠᠶᠠᠷᠯᠠᠨ ᠤᠭᠲᠤᠵᠦ ᠪᠠᠶᠢᠨ᠎ᠠ᠃ ᠬᠠᠮᠲᠤᠷᠠᠯᠴᠠᠬᠤ ᠬᠥᠰᠡᠯ ᠲᠡᠢ ᠬᠥᠮᠥᠰ ᠰᠦᠯᠵᠢᠶᠡᠨ ᠦ ᠬᠠᠶᠢ᠍ᠭ ᠢᠶᠠᠷ ᠬᠢᠶᠠᠨ ᠰᠦᠯᠵᠢᠶ᠎ᠡ᠎᠎ ᠲᠠᠢ ᠬᠠᠷᠢᠯᠴᠠᠭᠠᠷᠠᠢ᠃ http://www.qiyanwang.com

ᠢᠷᠡᠯᠳᠡ᠄ ᠰᠢᠨᠬᠤᠸᠠ ᠮᠤᠩᠭ᠋ᠤᠯ ᠨᠸᠲ ᠪᠡᠯᠡᠳᠭᠡᠭ᠍ᠰᠡᠨ ᠨᠢ᠄ ᠪᠦᠷᠢᠨᠪᠠᠶᠠᠷ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120711118962200