蒙古文网站Logo
ᠰᠢᠨᠬᠤᠸᠠ ᠮᠤᠩᠭ᠋ᠤᠯ ᠨᠧᠲ

ᠬᠦᠬᠡᠬᠤᠳᠠ ᠶᠢᠨ ᠲᠡᠮᠦᠷ ᠵᠠᠮ ᠤᠨ ᠲᠤᠪᠴᠢᠶ᠎ᠠ᠄ ᠴᠠᠭ ᠠᠭᠠᠷ ᠤᠨ ᠨᠦᠯᠦᠬᠡ ᠡᠴᠡ ᠵᠠᠷᠢᠮ ᠠᠶᠠᠨᠴᠢᠳ ᠤᠨ ᠭᠠᠯᠳᠤ ᠲᠡᠷᠬᠡ ᠤᠷᠤᠶᠢᠳᠠᠬᠤ ᠪᠤᠶᠤ ᠵᠤᠭᠰᠤᠵᠦ ᠮᠡᠳᠡᠨ᠎ᠠ

2016-06-17 11:38

    ᠰᠢᠨᠬᠤᠸᠠ ᠨᠧᠲ ᠬᠦᠬᠡᠬᠤᠳᠠ ᠶᠢᠨ 6 ᠰᠠᠷ᠎ᠠ ᠶᠢᠨ 16  ᠤ ᠡᠳᠤᠷ ᠤᠨ ᠴᠠᠬᠢᠯᠭᠠᠨ ᠮᠡᠳᠡᠬᠡ (ᠾᠧ ᠱᠠᠨ) 6 ᠰᠠᠷ᠎ᠠ ᠶᠢᠨ 16ᠤ᠋ ᠡᠳᠤᠷ ᠤᠨ ᠦᠳᠡ ᠶᠢᠨ ᠡᠮᠦᠨ᠎ᠡ 7᠄ 00 ᠴᠠᠭ ᠤᠨ ᠦᠶ᠎ᠡ ᠪᠡᠷ ᠬᠦᠬᠡᠬᠤᠳᠠ ᠶᠢᠨ ᠲᠡᠮᠡᠦᠷ ᠵᠠᠮ ᠤᠨ ᠲᠤᠪᠴᠢᠶᠠᠨ ᠤ ᠬᠠᠷᠢᠶ᠎ᠠ ᠳᠡᠬᠢ ᠵᠢᠨᠢᠩ ᠪᠤᠭᠤᠳᠤ ᠶᠢᠨ ᠲᠡᠮᠦᠷ ᠵᠠᠮ ᠤᠨ ᠱᠤᠭᠤᠮ ᠤᠨ ᠬᠦᠬᠡᠬᠤᠳᠠ ᠡᠴᠡ ᠪᠤᠭᠤᠳᠤ ᠶᠢᠨ ᠬᠤᠭᠤᠡᠤᠨᠳᠤᠬᠢ ᠲᠠᠢ ᠭᠧ ᠮᠦ ᠦᠷᠳᠡᠭᠡᠨ ᠡᠴᠡ ᠴᠠᠰᠤᠴᠢ ᠦᠷᠳᠡᠬᠡ ᠬᠦᠷᠬᠦ ᠱᠤᠭᠤᠮ᠂ ᠴᠠᠭ ᠠᠭᠠᠷ ᠤᠨ ᠨᠦᠯᠦᠬᠡᠨ ᠡᠴᠡ ᠴᠠᠬᠢᠯᠭᠠᠨ ᠬᠠᠩᠭ᠋ᠠᠠᠯᠭ᠎ᠠ ᠶᠢᠨ ᠰᠠᠭᠠᠳᠤᠯ ᠪᠤᠯᠵᠤ᠂ D6751᠂ K573᠂ K655᠂ K7909 ᠵᠡᠷᠬᠡ ᠨᠤᠮᠧᠷᠳᠤ ᠬᠦᠬᠡᠬᠤᠳᠠ ᠡᠴᠡ ᠪᠤᠭᠤᠳᠤ ᠬᠦᠷᠬᠦ ᠠᠶᠠᠨᠴᠢᠨ ᠤ ᠭᠠᠯᠳᠤ ᠲᠡᠷᠬᠡ ᠤᠷᠤᠶᠢᠳᠠᠨ᠎ᠠ᠃ K6755/6756᠂ K6753/6754 ᠵᠡᠷᠬᠡ ᠭᠠᠯᠳᠤ ᠲᠡᠷᠭᠡ ᠠᠶᠠᠯᠠᠯ ᠵᠤᠭᠰᠤᠵᠤ᠂K6767᠂ K6774 ᠵᠡᠷᠭᠡ ᠬᠦᠬᠡᠬᠤᠳᠠ ᠡᠴᠡ ᠤᠷᠳᠤᠰ ᠬᠦᠷᠬᠦ ᠭᠠᠯᠳᠤ ᠲᠡᠷᠭᠡ ᠠᠶᠠᠯᠠᠯ ᠵᠤᠭᠰᠤᠪᠠ᠃

    ᠬᠦᠬᠡᠬᠤᠳᠠ ᠶᠢᠨ ᠲᠡᠮᠦᠷ ᠵᠠᠮ ᠤᠨ ᠲᠤᠪᠴᠢᠶ᠎ᠠ ᠨᠢᠭᠡᠨᠳᠠ ᠪᠠᠴᠢᠮ ᠲᠦᠰᠦᠯ ᠭᠠᠷᠭᠠᠵᠦ᠂ ᠵᠤᠬᠢᠬᠤ ᠠᠷᠭ᠎ᠠ ᠬᠡᠮᠵᠢᠶ᠎ᠠ ᠠᠪᠴᠤ ᠭᠠᠯᠳᠤ ᠲᠡᠷᠭᠡᠨ ᠤ ᠬᠡᠪ ᠤᠨ ᠠᠶᠠᠯᠠᠯ ᠢ ᠰᠡᠷᠬᠦᠬᠡᠬᠦ ᠪᠡᠷ ᠲᠤᠬᠢᠷᠠᠭᠤᠯᠤᠯᠳᠠ ᠬᠢᠵᠤ ᠪᠠᠶᠢᠨ᠎ᠠ᠃ ᠲᠤᠰ ᠲᠤᠪᠴᠢᠢ ᠠ ᠠᠶᠠᠨᠴᠢᠳ ᠲᠦ ᠠᠭᠤᠴᠢᠯᠡᠯ ᠬᠦᠰᠡᠵᠦ᠂ ᠭᠠᠯᠳᠤ ᠲᠡᠷᠭᠡ ᠵᠢᠨ ᠪᠠᠢᠢᠳᠠᠯ ᠢ ᠴᠠᠬ ᠲᠤᠬᠠᠢ ᠳ᠋ᠦ ᠨᠢ ᠠᠶᠠᠨᠴᠢᠳ ᠲᠦ ᠮᠡᠳᠡᠭᠳᠡᠨ᠎ᠠ ᠭᠡᠪᠠ᠃

ᠢᠷᠡᠯᠳᠡ᠄ ᠰᠢᠨᠬᠤᠸᠠ ᠨᠧᠲ ᠪᠡᠯᠡᠳᠭᠡᠭ᠍ᠰᠡᠨ ᠨᠢ᠄ ᠪᠠᠢ ᠯᠢᠩ ᠳ᠋ᠢ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120691119062123