蒙古文网站Logo
ᠰᠢᠨᠬᠤᠸᠠ ᠮᠤᠩᠭ᠋ᠤᠯ ᠨᠧᠲ

ᠬᠦᠬᠡᠬᠣᠲᠠ ᠶᠢᠨ ᠲᠡᠮᠦᠷ ᠵᠠᠮ ᠤᠨ ᠲᠣᠪᠴᠢᠶ᠎ᠠ᠄ 8 ᠰᠠᠷ᠎ᠠ ᠶᠢᠨ 1 ᠡᠴᠡ ᠡᠬᠢᠯᠡᠨ ᠣᠯᠠᠨ ᠴᠤᠪᠤᠭ᠎ᠠ ᠭᠠᠯᠲᠤ ᠲᠡᠷᠭᠡᠨ ᠤ ᠠᠶᠠᠯᠠᠯ  ᠳᠤ ᠲᠣᠬᠢᠷᠠᠭᠤᠯᠲᠠ ᠬᠢᠨ᠎ᠡ

2016-06-24 17:03

    6 ᠰᠠᠷ᠎ᠠ  ᠶᠢᠨ 22 ᠤᠨ ᠡᠳᠦᠷ᠂ ᠰᠣᠷᠪᠤᠯᠵᠢᠯᠠᠭᠴᠢ ᠬᠦᠬᠡᠬᠣᠲᠠ ᠶᠢᠨ ᠲᠡᠮᠦᠷ ᠵᠠᠮ ᠤᠨ ᠲᠣᠪᠴᠢᠶ᠎ᠠ ᠡᠴᠡ ᠣᠶᠢᠯᠠᠭᠠᠭᠰᠠᠨ ᠢᠶᠡᠷ᠂ ᠬᠦᠬᠡᠬᠤᠳᠠ-ᠵᠦᠩᠭ᠋ᠠᠷ-ᠤᠷᠳᠤᠰ᠂ ᠬᠦᠬᠡᠬᠤᠳᠠ-ᠴᠢᠭᠤᠯᠤᠯᠳᠤ ᠬᠠᠭᠠᠯᠭ᠎ᠠ ᠴᠢᠭᠯᠡᠯ ᠤᠨ ᠲᠡᠮᠦᠷ ᠵᠠᠮ ᠤᠨ ᠪᠠᠷᠢᠯᠭ᠎ᠠ ᠶᠢᠨ ᠠᠵᠢᠯ ᠢ ᠪᠤᠳᠤᠯᠬᠢᠯᠠᠨ 8 ᠰᠠᠷ᠎ᠠ  ᠶᠢᠨ 1 ᠡᠴᠡ ᠡᠬᠢᠯᠡᠨ᠂ ᠳᠠᠷᠠᠭᠠᠬᠢ ᠭᠠᠯᠲᠤ ᠲᠡᠷᠭᠡᠨ ᠳᠤ ᠲᠣᠬᠢᠷᠠᠭᠤᠯᠲᠠ ᠬᠢᠬᠦ ᠪᠡᠷ ᠪᠤᠯᠵᠠᠢ᠃

    2635/6 ᠡᠭᠡᠯᠵᠢ (ᠬᠦᠬᠡᠬᠣᠲᠠ ᠵᠡᠭᠦᠨ ᠥᠷᠲᠡᠭᠡ᠎ -ᠯᠠᠨᠵᠧᠤ  ᠪᠠᠷᠠᠭᠤᠨ ᠥᠷᠲᠡᠭᠡ ᠴᠢᠭᠯᠡᠯ)᠄ ᠢᠷᠡᠵᠤ ᠪᠤᠴᠠᠬᠤ ᠭᠠᠯᠲᠤ ᠲᠡᠷᠭᠡᠨ ᠤ ᠬᠦᠬᠡᠬᠣᠲᠠ ᠵᠡᠭᠦᠨ ᠥᠷᠲᠡᠭᠡ᠎ ᠶᠢ ᠴᠦᠮ ᠬᠦᠬᠡᠬᠣᠲᠠ ᠥᠷᠲᠡᠭᠡ ᠪᠡᠷ ᠰᠣᠯᠢᠵᠤ ᠲᠣᠬᠢᠷᠠᠭᠤᠯᠤᠨ᠎ᠠ᠃

    D6755᠂ D6757᠂ D6759᠂ D6761᠂ D6763᠂ D6765᠂ D6754᠂ D6756᠂ D6758᠂ D6760᠂ D6762 ᠡᠭᠡᠯᠵᠢ (ᠬᠦᠬᠡᠬᠣᠲᠠ ᠵᠡᠭᠦᠨ ᠥᠷᠲᠡᠭᠡ᠎-ᠪᠣᠭᠣᠲᠤ ᠴᠢᠭᠯᠡᠯ ᠤᠨ ᠬᠣᠷᠳᠤᠨ ᠤ ᠭᠠᠯᠲᠤ ᠲᠡᠷᠭᠡ)᠄ ᠢᠷᠡᠵᠤ ᠪᠤᠴᠠᠬᠤ ᠭᠠᠯᠲᠤ ᠲᠡᠷᠭᠡᠨ ᠤ ᠬᠦᠬᠡᠬᠣᠲᠠ ᠵᠡᠭᠦᠨ ᠥᠷᠲᠡᠭᠡ᠎ ᠶᠢ ᠴᠦᠮ ᠬᠦᠬᠡᠬᠣᠲᠠ ᠥᠷᠲᠡᠭᠡ ᠪᠡᠷ ᠰᠣᠯᠢᠵᠤ ᠲᠣᠬᠢᠷᠠᠭᠤᠯᠤᠨ᠎ᠠ᠃

    Z338᠂ Z336 ᠂ Z335᠂ Z337ᠡᠭᠡᠯᠵᠢ (ᠪᠣᠭᠣᠲᠤ-ᠨᠠᠨᠨᠢᠩ ᠴᠢᠭᠯᠡᠯ)᠄ ᠳᠤᠰ ᠴᠢᠭᠯᠡᠯ ᠳᠤ ᠬᠦᠬᠡᠬᠣᠲᠠ ᠵᠡᠭᠦᠨ ᠥᠷᠲᠡᠭᠡᠨ ᠳᠤ ᠵᠤᠭᠰᠤᠬᠤ ᠦᠬᠡᠢ ᠬᠦᠬᠡᠬᠣᠲᠠ ᠥᠷᠲᠡᠭᠡ ᠳᠤ ᠵᠤᠭᠰᠤᠨ᠎ᠠ᠃

    K264᠂ K263 ᠡᠭᠡᠯᠵᠢ (ᠪᠣᠭᠣᠲᠤ-ᠪᠡᠭᠡᠵᠢᠩ ᠴᠢᠭᠯᠡᠯ)᠄ ᠳᠤᠰ ᠴᠢᠭᠯᠡᠯ ᠳᠤ ᠬᠦᠬᠡᠬᠣᠲᠠ ᠵᠡᠭᠦᠨ ᠥᠷᠲᠡᠭᠡᠨ ᠳᠤ ᠵᠤᠭᠰᠤᠬᠤ ᠦᠬᠡᠢ᠃

    K1596᠂ K1595 ᠡᠭᠡᠯᠵᠢ (ᠦᠬᠠᠶ ᠪᠠᠷᠠᠭᠤᠨ ᠥᠷᠲᠡᠭᠡ-ᠪᠠᠭᠡᠵᠢᠩ ᠬᠤᠶᠢᠳᠤ ᠥᠷᠲᠡᠭᠡ ᠴᠢᠭᠯᠡᠯ)᠄ ᠳᠤᠰ ᠴᠢᠭᠯᠡᠯ ᠳᠤ ᠬᠦᠬᠡᠬᠣᠲᠠ ᠵᠡᠭᠦᠨ ᠥᠷᠲᠡᠭᠡᠨ ᠳᠤ ᠵᠤᠭᠰᠤᠬᠤ ᠦᠬᠡᠢ᠃

    K7913 ᠡᠭᠡᠯᠵᠢ (ᠰᠢᠩ ᠾᠧ᠎ ᠪᠠᠷᠠᠭᠤᠨ ᠥᠷᠲᠡᠭᠡ-ᠪᠤᠭᠤᠲᠤ ᠴᠢᠭᠯᠡᠯ)᠎᠄ ᠳᠤᠰ ᠴᠢᠭᠯᠡᠯ ᠳᠤ ᠬᠦᠬᠡᠬᠣᠲᠠ ᠵᠡᠭᠦᠨ ᠥᠷᠲᠡᠭᠡᠨ ᠳᠤ ᠵᠤᠭᠰᠤᠬᠤ ᠦᠬᠡᠢ᠃ ᠲᠣᠳᠤᠷᠬᠠᠢ ᠲᠣᠬᠢᠷᠠᠭᠤᠯᠤᠯᠲᠠ ᠶᠢ ᠭᠠᠯᠲᠤ ᠲᠡᠷᠭᠡᠨ ᠥᠷᠲᠡᠭᠡᠨ ᠤ ᠮᠠᠳᠠᠭᠡᠯᠠᠯ ᠡᠴᠡ ᠣᠶᠢᠯᠠᠭᠠᠭᠠᠷᠠᠢ᠃

ᠢᠷᠡᠯᠳᠡ᠄ ᠰᠢᠨᠬᠤᠧᠠ ᠨᠧᠲ ᠪᠡᠯᠡᠳᠭᠡᠭ᠍ᠰᠡᠨ ᠨᠢ᠄ ᠪᠣᠯᠣᠷᠴᠡᠴᠡᠭ᠌

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120701119108088