蒙古文网站Logo
ᠰᠢᠨᠬᠤᠸᠠ ᠮᠤᠩᠭ᠋ᠤᠯ ᠨᠧᠲ

ᠪᠤᠭᠤᠳᠤ-ᠤᠯᠠᠭᠠᠨᠪᠠᠭᠠᠳᠤᠷ ᠴᠢᠭᠯᠡᠯ ᠤᠨ ᠠᠭᠠᠷ ᠠᠶᠠᠯᠠᠯ ᠤᠨ ᠱᠤᠭᠤᠮ ᠠᠰᠢᠭᠯᠠᠯᠳᠠ ᠳᠤ ᠤᠷᠤᠪᠠ

2016-08-05 11:03

    8 ᠰᠠᠷ᠎ᠠ ᠶᠢᠨ 3 ᠤ ᠡᠳᠦᠷ ᠤᠨ 9᠄30 ᠴᠠᠭ ᠲᠤ᠂ ᠪᠤᠭᠤᠳᠤ ᠬᠤᠳᠠ ᠶᠢᠨ ᠨᠢᠰᠬᠦ ᠤᠩᠭᠤᠴᠠᠨ ᠤ ᠪᠠᠭᠤᠳᠠᠯ ᠳᠤ MR8871 ᠡᠬᠡᠯᠵᠢ ᠶᠢᠨ ᠨᠢᠰᠬᠦ ᠤᠩᠭᠤᠴᠠ ᠠᠮᠵᠢᠯᠳᠠ ᠲᠠᠢ ᠭᠠᠵᠠᠷᠳᠠᠵᠤ᠂ ᠪᠤᠭᠤᠳᠤ-ᠤᠯᠠᠭᠠᠨᠪᠠᠭᠠᠳᠤᠷ ᠴᠢᠭᠯᠡᠯ ᠤᠨ ᠠᠭᠠᠷ ᠠᠶᠠᠯᠠᠯ ᠤᠨ ᠱᠤᠭᠤᠮ ᠡᠶᠢᠨᠬᠦ ᠠᠰᠢᠭᠯᠠᠯᠳᠠ ᠳᠤ ᠤᠷᠤᠯ᠎ᠠ᠃

    1163 ᠺᠢᠯᠤᠮᠧᠲ᠋ᠷ ᠤᠷᠳᠤ ᠲᠠᠢ ᠳᠤᠰ ᠠᠭᠠᠷ ᠠᠶᠠᠯᠠᠯ ᠤᠨ ᠱᠤᠭᠤᠮ ᠢ ᠮᠤᠩᠭᠤᠯ ᠤᠯᠤᠰ ᠤᠨ ᠡᠾᠦ᠋ᠩᠨᠤ ᠠᠭᠠᠷ ᠠᠶᠠᠯᠠᠯ ᠤᠨ ᠺᠤᠮᠫᠠᠨᠢ ᠠᠰᠢᠭᠯᠠᠵᠤ ᠳᠤᠯᠤᠭ᠎ᠠ ᠬᠤᠨᠤᠭ ᠳᠤᠳᠤᠮ 2 ᠤᠳᠠᠭᠠᠨ ᠤ ᠨᠢᠰᠦᠯᠬᠡ ᠲᠠᠢ᠂ ᠳᠠᠷᠤᠢ ᠭᠠᠷᠠᠭ ᠤᠨ ᠳᠦᠷᠪᠡᠨ ᠪᠤᠯᠤᠨ ᠭᠠᠷᠠᠭ ᠤᠨ ᠡᠳᠦᠷ᠂ ᠤᠯᠠᠭᠠᠨᠪᠠᠭᠠᠳᠤᠷ ᠤᠨ ᠴᠠᠭ ᠢᠶᠡᠷ 07᠄00 ᠴᠠᠭ ᠲᠤ ᠤᠯᠠᠭᠠᠨᠪᠠᠭᠠᠳᠤᠷ ᠡᠴᠡ ᠨᠢᠰᠴᠤ᠂ ᠪᠡᠬᠡᠵᠢᠩ ᠤᠨ ᠴᠠᠭ ᠢᠶᠡᠷ 08᠄45 ᠴᠠᠭ ᠲᠤ ᠪᠤᠭᠤᠳᠤ ᠳᠤ ᠭᠠᠵᠠᠷᠳᠠᠨ᠎ᠠ᠃ ᠨᠦᠬᠦᠬᠡ ᠨᠢᠰᠦᠯᠬᠡ ᠨᠢ ᠪᠡᠬᠡᠵᠢᠩ ᠤᠨ ᠴᠠᠭ ᠢᠶᠡᠷ 09᠄45 ᠴᠠᠭ ᠲᠤ ᠪᠤᠭᠤᠳᠤ ᠡᠴᠡ ᠨᠢᠰᠴᠤ᠂ ᠤᠯᠠᠭᠠᠨᠪᠠᠭᠠᠳᠤᠷ ᠤᠨ ᠴᠠᠭ ᠢᠶᠡᠷ 11᠄45 ᠴᠠᠭ ᠲᠤ ᠤᠯᠠᠭᠠᠨᠪᠠᠭᠠᠳᠤᠷ ᠲᠤ ᠭᠠᠵᠠᠷᠳᠠᠨ᠎ᠠ᠃

ᠢᠷᠡᠯᠳᠡ᠄ ᠦᠪᠦᠷ ᠮᠤᠩᠭ᠋ᠤᠯ ᠤᠨ ᠮᠡᠳᠡᠬᠡ ᠨᠧᠲ ᠪᠡᠯᠡᠳᠭᠡᠭ᠍ᠰᠡᠨ ᠨᠢ᠄ ᠪᠣᠯᠣᠷᠴᠡᠴᠡᠭ᠌

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120701119342410