蒙古文网站Logo
ᠰᠢᠨᠬᠤᠸᠠ ᠮᠤᠩᠭ᠋ᠤᠯ ᠨᠧᠲ

2017 ᠤᠨ ᠤ ᠤᠯᠤᠰ ᠤᠨ ᠠᠯᠪᠠᠲᠠᠨ ᠡᠯᠰᠡᠬᠦ ᠠᠵᠢᠯ ᠡᠬᠢᠯᠡᠯ᠎ᠠ

2016-10-15 16:12

    2017 ᠤᠨ ᠤ ᠤᠯᠤᠰ ᠤᠨ ᠠᠯᠪᠠᠲᠠᠨ ᠤ ᠰᠢᠯᠭᠠᠯᠲᠠ ᠳᠤ ᠨᠡᠷ᠎ᠡ ᠮᠡᠳᠡᠬᠦᠯᠬᠦ ᠠᠵᠢᠯ 15 ᠤ ᠡᠳᠤᠷ ᠵᠢᠩᠬᠢᠨᠢ ᠪᠠᠷ ᠡᠬᠢᠯᠡᠯ᠎ᠠ᠃ ᠡᠨᠡ ᠵᠢᠯ 2.7 ᠲᠦᠮᠡ ᠭᠠᠷᠤᠢ ᠠᠵᠢᠯᠲᠠᠨ ᠡᠯᠰᠡᠬᠦ ᠪᠠᠷ ᠲᠦᠯᠦᠪᠯᠡᠵᠤ᠂ ᠨᠢᠳᠤᠨᠤᠨ ᠤ ᠡᠯᠰᠡᠭᠰᠡᠨ ᠲᠤᠭ᠎ᠠ ᠲᠠᠢ ᠲᠡᠮᠡᠷ ᠵᠦᠷᠢᠶ᠎ᠡ ᠦᠭᠡᠢ᠃ ᠪᠦᠷᠢᠳᠭᠡᠯ ᠠᠴᠠ ᠦᠵᠡᠪᠡᠯ᠂ ᠤᠯᠤᠰ ᠤᠨ ᠭᠠᠶᠢᠯᠢ ᠶᠢᠨ ᠰᠢᠰᠲ᠋ᠧᠮ ᠤᠨ ᠡᠯᠰᠡᠬᠦ ᠬᠦᠮᠦᠨ ᠤ ᠲᠤᠭ᠎ᠠ 1.7 ᠲᠦᠮᠡ ᠶᠢ ᠲᠠᠪᠠᠵᠤ᠂ ᠡᠯᠰᠡᠬᠦ ᠬᠦᠮᠦᠨ ᠤ ᠲᠤᠭ᠎ᠠ ᠪᠠᠷ ᠬᠠᠮᠤᠭ ᠤᠨ ᠤᠯᠠᠨ ᠪᠤᠯᠵᠠᠢ᠃

    ᠤᠯᠤᠰ ᠤᠨ ᠠᠯᠪᠠᠲᠠᠨ ᠤ ᠲᠤᠪᠴᠢᠶ᠎ᠠ ᠶᠢᠨ ᠰᠦᠯᠵᠢᠶᠡᠨ ᠤ ᠮᠡᠳᠡᠭᠡ ᠶᠢ ᠦᠨᠳᠦᠰᠦᠯᠡᠪᠡᠯ᠂ 2017 ᠤᠨ ᠤ ᠤᠯᠤᠰ ᠤᠨ ᠠᠯᠪᠠᠲᠠᠨ ᠤ ᠰᠢᠯᠭᠠᠯᠲᠠ ᠶᠢᠨ ᠨᠡᠷ᠎ᠡ ᠪᠦᠷᠢᠳᠬᠡᠬᠦᠯᠬᠦ ᠴᠠᠭ ᠪᠤᠯ 2016 ᠤᠨ ᠤ 10 ᠰᠠᠷ᠎ᠠ ᠶᠢᠨ 15-24 ᠤ ᠡᠳᠤᠷ ᠪᠤᠯᠤᠨ᠎ᠠ᠃ ᠨᠡᠶᠢᠲᠡ ᠶᠢᠨ ᠬᠢᠴᠢᠶᠡᠯ ᠤᠨ ᠪᠢᠷ ᠤᠨ ᠰᠢᠯᠭᠠᠯᠲᠠ ᠶᠢ 11 ᠰᠠᠷ᠎ᠠ ᠶᠢᠨ 27 ᠤ ᠡᠳᠤᠷ ᠡᠯ᠎ᠡ ᠮᠤᠵᠢ ᠶᠢᠨ ᠲᠦᠪ ᠬᠤᠲᠠ᠂ ᠦᠪᠡᠷᠲᠡᠭᠡᠨ ᠵᠠᠰᠠᠬᠤ ᠤᠷᠤᠨ ᠤ ᠲᠦᠪ ᠬᠤᠲᠠ᠂ ᠰᠢᠭᠤᠳ ᠬᠠᠷᠢᠶ᠎ᠠ ᠬᠤᠲᠠ ᠪᠠ ᠤᠨᠴᠠ ᠵᠠᠷᠢᠮ ᠲᠤᠮᠤ ᠬᠤᠲᠠ ᠳᠤ ᠵᠡᠷᠬᠡᠪᠡᠷ ᠶᠠᠪᠤᠭᠳᠠᠭᠤᠯᠤᠨ᠎ᠠ᠃

    ᠲᠤᠰ ᠤᠲᠠᠭ᠎ᠠ ᠳᠤ ᠨᠡᠶᠢᠲᠡ 120 ᠲᠦᠪ ᠤᠨ ᠪᠠᠶᠢᠭᠤᠯᠤᠯᠭ᠎ᠠ ᠵᠢᠴᠢ ᠲᠡᠬᠦᠨ ᠤ ᠰᠢᠭᠤᠳ ᠬᠠᠷᠢᠶ᠎ᠠ ᠪᠠᠶᠢᠭᠤᠯᠤᠮᠵᠢ᠂ ᠠᠯᠪᠠᠲᠠᠨ ᠤ ᠬᠠᠤᠯᠢ ᠪᠠᠷ ᠯᠠᠪᠯᠠᠯᠲᠠ ᠪᠤᠯᠭᠠᠨ ᠬᠠᠮᠢᠶᠠᠷᠬᠤ ᠨᠢᠭᠡᠴᠡ ᠤᠷᠤᠯᠴᠠᠵᠤ᠂ 2.7 ᠲᠦᠮᠡ ᠭᠠᠷᠤᠢ ᠠᠵᠢᠯᠲᠠᠨ ᠡᠯᠰᠡᠬᠦ  ᠪᠠᠷ ᠲᠦᠯᠦᠪᠯᠡᠵᠤ ᠪᠠᠶᠢᠨ᠎ᠠ᠃

    ᠤᠢᠢᠯᠠᠭᠠᠭᠰᠠᠨ ᠢᠶᠠᠷ᠂ 2013 ᠤᠨ᠂ 2014 ᠤᠨ᠂ 2015 ᠤᠨ ᠳᠤ ᠲᠤᠰ ᠲᠤᠰ 20839᠂ 19538᠂ 22248 ᠠᠵᠢᠯᠲᠠᠨ ᠡᠯᠰᠡᠵᠦ᠂ 2016 ᠤᠨ ᠤ ᠤᠯᠤᠰ ᠤᠨ ᠠᠯᠪᠠᠲᠠᠨ ᠤ ᠰᠢᠯᠭᠠᠯᠲᠠ ᠪᠡᠷ 27817 ᠠᠵᠢᠯᠲᠠᠨ ᠡᠯᠰᠡᠬᠦ  ᠪᠠᠷ ᠲᠦᠯᠦᠪᠯᠡᠵᠤ᠂ ᠡᠨᠡ ᠨᠢ ᠦᠩᠭᠡᠷᠡᠭᠰᠡᠨ ᠤ ᠬᠠᠮᠤᠭ ᠤᠨ ᠦᠨᠳᠤᠷ ᠬᠡᠮᠵᠢᠶᠡᠨ ᠳᠤ ᠬᠦᠷᠴᠠᠢ᠃

ᠢᠷᠡᠯᠳᠡ᠄ ᠲᠤᠮᠳᠠᠳᠤ ᠤᠯᠤᠰ ᠤᠨ ᠰᠤᠨᠢᠨ ᠮᠡᠳᠡᠭᠡᠨ ᠤ ᠰᠦᠯᠵᠢᠶ᠎ᠡ ᠪᠡᠯᠡᠳᠭᠡᠭ᠍ᠰᠡᠨ ᠨᠢ᠄ ᠪᠠᠢ ᠯᠢᠩ ᠳ᠋ᠢ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120691119723739