蒙古文网站Logo
ᠰᠢᠨᠬᠤᠸᠠ ᠮᠤᠩᠭ᠋ᠤᠯ ᠨᠧᠲ

《ᠮᠤᠩᠭᠤᠯ ᠨᠤᠳᠤᠭ ᠤᠨ ᠳᠦᠷᠪᠡᠨ ᠴᠠᠭ》 ᠬᠡᠷᠡᠯ ᠵᠢᠷᠤᠭ ᠤᠨ ᠤᠷᠤᠯᠳᠤᠭᠠᠨ ᠳᠤ ᠪᠦᠳᠦᠬᠡᠯ ᠡᠯᠰᠡᠬᠦ ᠮᠡᠳᠡᠭᠳᠡᠯ

2016-11-28 12:40

    ᠰᠢᠨᠬᠤᠧᠠ ᠮᠤᠩᠭᠤᠯ ᠨᠧᠲ ᠤᠨ ᠤᠢ ᠶᠢᠨ ᠪᠠᠶᠠᠷ ᠲᠤ ᠵᠤᠷᠢᠭᠤᠯᠤᠭᠰᠠᠨ ᠰᠢᠷᠢᠰ ᠠᠵᠢᠯᠯᠠᠭᠠᠨ ᠤ ᠪᠠᠰᠠ ᠨᠢᠬᠡᠨ ᠠᠭᠤᠯᠭ᠎ᠠ ᠪᠤᠯᠬᠤ《ᠮᠤᠩᠭᠤᠯ ᠨᠤᠳᠤᠭ ᠤᠨ ᠳᠦᠷᠪᠡᠨ ᠴᠠᠭ》 ᠬᠡᠷᠡᠯ ᠵᠢᠷᠤᠭ ᠤᠨ ᠤᠷᠤᠯᠳᠤᠭᠠᠨ ᠳᠤ ᠪᠦᠳᠦᠬᠡᠯ ᠡᠯᠰᠡᠵᠤ ᠡᠬᠢᠯᠡᠯ᠎ᠡ᠃ ᠤᠷᠤᠯᠴᠠᠭᠴᠢ ᠶᠢ ᠶᠠᠮᠠᠷ ᠴᠤ ᠨᠦᠬᠦᠴᠡᠯ ᠳᠤ ᠬᠢᠵᠠᠭᠠᠷᠯᠠᠬᠤ ᠦᠬᠡᠢ᠂ ᠤᠷᠤᠯᠴᠠᠬᠤ ᠪᠦᠳᠦᠬᠡᠯ ᠢ ᠮᠤᠩᠭᠤᠯ ᠨᠤᠳᠤᠭ ᠤᠨ ᠳᠦᠷᠪᠡᠨ ᠴᠠᠭ ᠤᠨ ᠪᠠᠶᠢᠭᠠᠯᠢ ᠤᠷᠴᠢᠨ᠂ ᠠᠶᠠᠨ ᠤ ᠳᠡᠮᠳᠡᠭᠯᠡᠯ᠂ ᠬᠦᠮᠦᠨ᠂ ᠬᠡᠷᠡᠭ ᠤᠴᠢᠷ ᠢᠶᠡᠷ ᠰᠡᠳᠦᠪᠯᠡᠭᠰᠡᠨ 2016 ᠤᠨ ᠤ ᠵᠢᠷᠤᠭ ᠪᠠᠶᠢᠬᠤ ᠪᠡᠷ ᠱᠠᠭᠠᠷᠳᠠᠨ᠎ᠠ᠃

    ᠨᠢᠬᠡ᠂ ᠤᠷᠤᠯᠳᠤᠭᠠᠨ ᠤ ᠰᠡᠳᠦᠪ

    ᠮᠤᠩᠭᠤᠯ ᠨᠤᠳᠤᠭ ᠤᠨ ᠳᠦᠷᠪᠡᠨ ᠴᠠᠭ

    ᠬᠤᠶᠠᠷ᠂ ᠵᠤᠬᠢᠶᠠᠨ ᠪᠠᠶᠢᠭᠤᠯᠬᠤ ᠨᠢᠬᠡᠴᠡ

    ᠰᠢᠨᠬᠤᠧᠠ ᠮᠤᠩᠭᠤᠯ ᠨᠧᠲ

    ᠭᠤᠷᠪᠠ᠂ ᠤᠷᠤᠯᠳᠤᠭᠠᠨ ᠳᠤ ᠤᠷᠤᠯᠴᠠᠬᠤ ᠪᠦᠳᠦᠬᠡᠯ ᠤᠨ ᠠᠭᠤᠯᠭ᠎ᠠ

    ᠮᠤᠩᠭᠤᠯ ᠨᠤᠳᠤᠭ ᠤᠨ ᠳᠦᠷᠪᠡᠨ ᠴᠠᠭ ᠢᠶᠡᠷ ᠰᠡᠳᠦᠪᠯᠡᠭᠰᠡᠨ ᠪᠠᠶᠢᠭᠠᠯᠢ ᠶᠢᠨ ᠦᠵᠡᠮᠵᠢ᠂ ᠵᠠᠩ ᠵᠠᠩᠰᠢᠯ᠂ ᠬᠦᠮᠦᠯᠢᠭ ᠤᠨ ᠪᠦᠳᠦᠬᠡᠯ

    ᠳᠦᠷᠪᠡ᠂ ᠪᠦᠳᠦᠬᠡᠯ ᠡᠯᠰᠡᠬᠦ ᠪᠠᠷᠢᠮᠵᠢᠶ᠎ᠠ

    1. ᠤᠷᠤᠯᠴᠠᠭᠴᠢᠳ ᠭᠠᠭᠴᠠ ᠪᠦᠳᠦᠬᠡᠯ (ᠨᠢᠬᠡ ᠵᠢᠷᠤᠭ ᠪᠤᠶᠤ ᠬᠡᠯᠬᠢᠶ᠎ᠡ ᠵᠢᠷᠤᠭ) ᠢᠶᠡᠷ ᠤᠷᠤᠯᠴᠠᠨ᠎ᠠ᠂ ᠪᠦᠰᠡ ᠨᠤᠳᠤᠭ ᠢᠶᠡᠷ ᠢᠯᠭᠠᠬᠤ ᠦᠬᠡᠢ᠃ ᠬᠡᠯᠬᠢᠶ᠎ᠡ ᠵᠢᠷᠤᠭ ᠨᠢ 5 ᠰᠢᠷᠬᠡᠭ ᠡᠴᠡ ᠳᠡᠬᠡᠭᠰᠢ ᠪᠠᠶᠢᠵᠤ ᠪᠤᠯᠬᠤ ᠦᠬᠡᠢ᠃

    2. ᠤᠷᠤᠯᠴᠠᠭᠴᠢᠳ ᠪᠦᠳᠦᠬᠡᠯ ᠢᠶᠡᠨ jpeg ᠪᠡᠷ᠂ ᠶᠡᠬᠡ ᠪᠠᠭ᠎ᠠ ᠶᠢ ᠨᠢ 5M  ᠡᠴᠡ ᠬᠡᠳᠦᠷᠡᠬᠦᠯᠬᠦ ᠦᠬᠡᠢ ᠪᠡᠷ ᠢᠮᠧᠯ ᠢᠶᠡᠷ ᠢᠷᠡᠬᠦᠯᠦᠬᠡᠷᠡᠢ᠃

    3. ᠤᠷᠤᠯᠴᠠᠭᠰᠠᠳ ᠪᠦᠳᠦᠬᠡᠯ ᠤᠨ ᠢᠶᠡᠨ ᠦᠩᠬᠡ ᠪᠤᠳᠤᠭ ᠢ ᠵᠤᠬᠢᠬᠤ ᠬᠡᠮᠵᠢᠶ᠎ᠡ ᠪᠡᠷ ᠵᠠᠰᠠᠬᠤ ᠪᠤᠶᠤ ᠬᠠᠶᠢᠴᠢᠯᠠᠵᠤ ᠪᠤᠯᠬᠤ ᠡᠴᠡ ᠪᠢᠰᠢ ᠺᠤᠮᠫᠢᠦ᠋ᠲ᠋ᠷ ᠤᠨ ᠲᠧᠭᠨᠤᠯᠤᠬᠢ ᠶᠢ ᠠᠰᠢᠭᠯᠠᠨ ᠨᠠᠶᠢᠯᠡᠬᠦᠯᠬᠦ᠂ ᠨᠡᠮᠡᠬᠦ᠂ ᠦᠩᠬᠡ ᠪᠤᠳᠤᠭ ᠢ ᠶᠡᠬᠡ ᠪᠡᠷ ᠵᠠᠰᠠᠬᠤ ᠵᠡᠷᠬᠡ ᠪᠡᠷ ᠳᠠᠬᠢᠨ ᠨᠠᠶᠢᠷᠠᠭᠤᠯᠵᠤ ᠪᠤᠯᠬᠤ ᠦᠬᠡᠢ᠃

    4. ᠤᠷᠤᠯᠴᠠᠭᠰᠠᠳ ᠡᠷᠬᠡᠪᠰᠢ ᠦᠪᠡᠷ ᠤᠨ ᠢᠶᠡᠨ ᠪᠦᠳᠦᠬᠡᠯ ᠢᠶᠡᠷ ᠦᠷᠢᠰᠦᠯᠳᠦᠨ᠎ᠠ᠂ ᠳᠡᠬᠡᠬᠦ ᠳ᠋ᠡᠬᠡᠨ ᠵᠢᠷᠤᠭ ᠤᠨ ᠨᠡᠷ᠎ᠡ᠂ 100 ᠦᠰᠦᠭ ᠤᠨ ᠳᠠᠶᠢᠯᠪᠤᠷᠢ᠂ ᠵᠢᠷᠤᠭ ᠠᠪᠤᠭᠰᠠᠨ ᠭᠠᠵᠠᠷ᠂ ᠴᠠᠭ᠂ ᠦᠪᠡᠷ ᠤᠨ ᠨᠡᠷ᠎ᠡ᠂ ᠬᠤᠯᠪᠤᠭ᠎ᠠ ᠪᠠᠷᠢᠬᠤ ᠤᠳᠠᠰᠤ ᠪᠡᠨ ᠬᠠᠮᠳᠤ ᠳᠤ ᠨᠢ ᠢᠯᠡᠬᠡᠬᠡᠷᠡᠢ᠃

    5. ᠤᠷᠤᠯᠳᠤᠭᠠᠨ ᠳᠤ ᠤᠷᠤᠯᠴᠠᠬᠤ ᠪᠦᠳᠦᠬᠡᠯ ᠨᠢ 2016 ᠤᠨ ᠤ 1 ᠰᠠᠷ᠎ᠠ ᠶᠢᠨ 1 ᠡᠴᠡ 12 ᠰᠠᠷ᠎ᠠ ᠶᠢᠨ 25 ᠤ ᠬᠤᠭᠤᠷᠤᠨᠳᠤ ᠵᠢᠷᠤᠭᠯᠠᠭᠳᠠᠭᠰᠠᠨ ᠪᠠᠶᠢᠬᠤ ᠶᠢ ᠱᠠᠭᠠᠷᠳᠠᠨ᠎ᠠ᠃

    6. ᠪᠤᠰᠤᠳ ᠤᠷᠤᠯᠳᠤᠭᠠᠨ ᠳᠤ ᠤᠷᠤᠯᠴᠠᠵᠤ ᠦᠩᠬᠡᠷᠡᠭᠰᠡᠨ ᠪᠦᠳᠦᠬᠡᠯ ᠢ ᠡᠨᠡᠬᠦ ᠤᠷᠤᠯᠳᠤᠭᠠᠨ ᠳᠤ ᠤᠷᠤᠯᠴᠠᠭᠤᠯᠬᠤ ᠦᠬᠡᠢ᠃

    7. ᠪᠦᠳᠦᠬᠡᠯ ᠡᠯᠰᠡᠬᠦ ᠬᠤᠭᠤᠴᠠᠭ᠎ᠠ᠄ 2016 ᠤᠨ ᠤ 11 ᠰᠠᠷ᠎ᠠ ᠶᠢᠨ 28 - 12 ᠰᠠᠷ᠎ᠠ ᠶᠢᠨ 25

    8. ᠡᠯᠰᠡᠭᠰᠡᠨ ᠪᠦᠳᠦᠬᠡᠯ ᠢ ᠰᠢᠨᠬᠤᠧᠠ ᠮᠤᠩᠭᠤᠯ ᠨᠧᠲ (mongolian.news.cn) ᠪᠤᠶᠤ ᠠᠯᠪᠠᠨ ᠤ ᠸᠢᠴᠠᠲ ᠪᠡᠷ ᠰᠠᠴᠤᠨ᠎ᠠ᠃

    ᠳᠠᠪᠤ᠂ ᠱᠠᠩᠨᠠᠯ ᠤᠷᠮᠠᠰᠢᠭᠤᠯᠤᠯ

    ᠳᠡᠷᠢᠬᠦᠨ ᠪᠠᠶᠢᠷᠢᠨ ᠳᠤ 1 ᠨᠡᠷ᠎ᠡ᠂ ᠳᠡᠳ᠋ ᠪᠠᠶᠢᠷᠢᠨ ᠳᠤ 2 ᠨᠡᠷ᠎ᠡ᠂ ᠭᠤᠳᠠᠭᠠᠷ ᠪᠠᠶᠢᠷᠢᠨ ᠳᠤ 3 ᠨᠡᠷ᠎ᠡ᠂ ᠰᠢᠯᠢᠳᠡᠭ ᠪᠠᠶᠢᠷᠢᠨ ᠳᠤ 10 ᠨᠡᠷ᠎ᠡ ᠳᠤᠰ ᠳᠤᠰ ᠰᠢᠯᠭᠠᠷᠠᠭᠤᠯᠤᠨ᠎ᠠ᠃

    ᠵᠢᠷᠭᠤᠭ᠎ᠠ᠄ ᠤᠷᠤᠯᠴᠠᠭᠰᠠᠳ ᠤᠨ ᠠᠩᠬᠠᠷᠬᠤ ᠵᠦᠢᠯ

    1. ᠤᠷᠤᠯᠳᠤᠭᠠᠨ ᠳᠤ ᠤᠷᠤᠯᠴᠠᠭᠰᠠᠨ ᠪᠦᠳᠦᠬᠡᠯ ᠢ ᠵᠤᠬᠢᠶᠠᠨ ᠪᠠᠶᠢᠭᠤᠯᠤᠭᠰᠠᠨ ᠳᠠᠯ᠎ᠠ ᠡᠴᠡ ᠦᠵᠡᠰᠬᠦᠯᠡᠩ ᠵᠠᠷᠯᠠᠬᠤ᠂ ᠵᠢᠷᠤᠭᠳᠤ ᠨᠤᠮ ᠬᠢᠬᠦ᠂ ᠰᠤᠨᠢᠨ ᠰᠡᠳᠬᠦᠯ ᠪᠠ ᠲᠧᠯᠧᠶ᠋ᠰ᠂ ᠨᠧᠲ ᠢᠶᠡᠷ ᠰᠠᠴᠤᠬᠤ᠂ ᠤᠬᠠᠭᠤᠯᠭ᠎ᠠ ᠶᠢᠨ ᠠᠵᠢᠯᠯᠠᠭᠠᠨ ᠳᠤ ᠠᠰᠢᠭᠯᠠᠬᠤ ᠵᠡᠷᠬᠡ ᠡᠷᠬᠡ ᠲᠠᠢ᠂ ᠬᠡᠬᠦ ᠳ᠋ᠡᠬᠡᠨ ᠳᠤᠰᠠᠭᠠᠷ ᠬᠠᠷᠠᠮᠵᠢ ᠤᠯᠭᠤᠬᠤ ᠦᠬᠡᠢ᠃

    2. ᠤᠷᠤᠯᠴᠠᠭᠴᠢ ᠦᠨᠡᠨ ᠨᠡᠷ᠎ᠡ ᠪᠡᠷ ᠢᠶᠡᠨ ᠦᠪᠡᠷ ᠤᠨ ᠢᠶᠡᠨ ᠪᠦᠳᠦᠬᠡᠯ ᠢ ᠢᠷᠡᠬᠦᠯᠦᠭᠰᠡᠨ ᠪᠠᠶᠢᠬᠤ ᠬᠡᠷᠡᠭᠳᠡᠢ᠂ ᠵᠤᠬᠢᠶᠠᠨ ᠪᠠᠶᠢᠭᠤᠯᠤᠭᠰᠠᠨ ᠳᠠᠯ᠎ᠠ ᠵᠤᠬᠢᠶᠠᠯ ᠤᠨ ᠡᠷᠬᠡ ᠶᠢ ᠬᠢᠨᠠᠨ ᠰᠢᠯᠭᠠᠵᠤ ᠬᠠᠷᠢᠭᠤᠴᠠᠯᠭ᠎ᠠ ᠡᠬᠦᠷᠬᠡᠯᠡᠬᠦ ᠦᠬᠡᠢ᠃ ᠵᠤᠬᠢᠶᠠᠭᠴᠢ ᠶᠢᠨ ᠡᠷᠬᠡ᠂ ᠬᠦᠷᠦᠭ ᠵᠢᠷᠤᠭ ᠤᠨ ᠡᠷᠬᠡ ᠳᠤ ᠬᠠᠯᠳᠠᠭᠰᠠᠨ ᠵᠢᠭᠤᠷᠠᠭᠠᠨ ᠡᠬᠦᠰᠬᠦ ᠳᠤ ᠬᠦᠷᠪᠡᠯ ᠤᠷᠤᠯᠴᠠᠭᠴᠢᠳ ᠦᠪᠡᠷᠰᠡᠳ ᠢᠶᠡᠨ ᠬᠠᠷᠢᠭᠤᠴᠠᠨ᠎ᠠ᠃

    3. ᠤᠷᠤᠯᠳᠤᠭᠠᠨ ᠳᠤ ᠤᠷᠤᠯᠴᠠᠬᠤ ᠪᠦᠳᠦᠬᠡᠯ ᠨᠢ ᠪᠡᠶ᠎ᠡ ᠳᠠᠭᠠᠭᠠᠭᠰᠠᠨ ᠪᠦᠷᠢᠨ ᠪᠦᠳᠦᠨ ᠵᠤᠬᠢᠶᠠᠭᠴᠢ ᠶᠢᠨ ᠡᠷᠬᠡ ᠲᠠᠢ ᠪᠠᠶᠢᠬᠤ ᠬᠡᠷᠡᠭᠳᠡᠢ᠂ ᠮᠦᠨ ᠭᠤᠷᠪᠠᠳᠠᠭᠴᠢ ᠡᠳᠡᠭᠡᠳ ᠤᠨ ᠵᠤᠬᠢᠶᠠᠭᠴᠢ ᠶᠢᠨ ᠡᠷᠬᠡ᠂ ᠬᠦᠷᠦᠭ ᠵᠢᠷᠤᠭ ᠤᠨ ᠡᠷᠬᠡ᠂ ᠨᠡᠷ᠎ᠡ ᠶᠢᠨ ᠳᠦᠷᠦ ᠶᠢᠨ ᠡᠷᠬᠡ᠂ ᠬᠤᠪᠢ ᠶᠢᠨ ᠨᠢᠭᠤᠴᠠ ᠶᠢᠨ ᠡᠷᠬᠡ ᠵᠡᠷᠬᠡ ᠶᠢ ᠪᠠᠭᠳᠠᠭᠠᠭᠰᠠᠨ ᠶᠠᠮᠠᠷᠪᠠ ᠬᠠᠤᠯᠢ ᠳᠤ ᠬᠠᠯᠳᠠᠭᠰᠠᠨ ᠦᠬᠡᠢ ᠪᠠᠶᠢᠬᠤ ᠬᠡᠷᠡᠭᠳᠡᠢ᠃ ᠡᠶᠢᠮᠦ ᠡᠴᠡ ᠤᠷᠤᠯᠳᠤᠭᠠᠨ ᠳᠤ ᠤᠷᠤᠯᠴᠠᠭᠰᠠᠨ ᠪᠦᠳᠦᠬᠡᠯ ᠪᠦᠷᠢ ᠶᠢ ᠳᠦᠷᠢᠮ ᠳᠤ ᠨᠡᠶᠢᠴᠡᠭᠰᠡᠨ ᠳᠤ ᠳᠤᠭᠠᠴᠠᠵᠤ᠂ ᠶᠠᠮᠠᠷ ᠨᠢᠬᠡᠨ ᠵᠢᠭᠤᠷᠠᠭᠠᠨ ᠡᠬᠦᠰᠬᠦ ᠳᠤ ᠬᠦᠷᠪᠡᠯ ᠤᠷᠤᠯᠴᠠᠭᠴᠢ ᠬᠠᠤᠯᠢ ᠶᠢᠨ ᠬᠠᠷᠢᠭᠤᠴᠠᠯᠭ᠎ᠠ ᠡᠬᠦᠷᠬᠡᠯᠡᠨ᠎ᠡ᠂ ᠵᠤᠬᠢᠶᠠᠨ ᠪᠠᠶᠢᠭᠤᠯᠤᠭᠰᠠᠨ ᠳᠠᠯ᠎ᠠ ᠬᠠᠷᠢᠭᠤᠴᠠᠬᠤ ᠦᠬᠡᠢ᠃

    4. ᠪᠦᠳᠦᠬᠡᠯ ᠢ ᠰᠢᠯᠭᠠᠷᠠᠭᠤᠯᠵᠤ ᠳᠠᠭᠤᠰᠤᠭᠰᠠᠨ ᠤ ᠳᠠᠷᠠᠭ᠎ᠠ ᠵᠤᠬᠢᠶᠠᠭᠴᠢ ᠡᠴᠡ ᠵᠤᠬᠢᠶᠠᠨ ᠪᠠᠶᠢᠭᠤᠯᠤᠭᠰᠠᠨ ᠳᠠᠯ᠎ᠠ ᠶᠢᠨ ᠮᠡᠳᠡᠭᠳᠡᠯ ᠤᠨ ᠳᠠᠭᠠᠤ ᠪᠦᠳᠦᠬᠡᠯ ᠤᠨ ᠢᠶᠡᠨ ᠤᠭ ᠡᠬᠡ ᠶᠢ ᠢᠯᠡᠬᠡᠨ᠎ᠡ᠃

    5. ᠤᠷᠤᠯᠴᠠᠭᠴᠢ ᠨᠢᠬᠡᠪᠦᠷᠢ ᠶᠢ ᠳᠡᠬᠡᠷᠡᠬᠢ ᠳᠦᠷᠢᠮ ᠳᠤᠭᠳᠠᠭᠠᠯ ᠢ ᠪᠠᠷᠢᠮᠳᠠᠯᠠᠭᠰᠠᠨ ᠳᠤ ᠳᠤᠭᠠᠴᠠᠨ᠎ᠠ᠃

    6. ᠡᠨᠡᠬᠦ ᠠᠵᠢᠯᠯᠠᠭᠠᠨ ᠤ ᠡᠴᠤᠰ ᠤᠨ ᠳᠠᠶᠢᠯᠪᠤᠷᠢᠯᠠᠬᠤ ᠡᠷᠬᠡ ᠶᠢ ᠵᠤᠬᠢᠶᠠᠨ ᠪᠠᠶᠢᠭᠤᠯᠤᠭᠰᠠᠨ ᠳᠠᠯ᠎ᠠ ᠡᠵᠡᠮᠳᠡᠨ᠎ᠡ᠃

    ᠳᠤᠯᠤᠭ᠎ᠠ᠂ ᠤᠷᠤᠯᠳᠤᠭᠠᠨ ᠳᠤ ᠤᠷᠤᠯᠴᠠᠬᠤ ᠠᠷᠭ᠎ᠠ

    1. ᠪᠦᠳᠦᠬᠡᠯ ᠢᠯᠡᠬᠡᠬᠦ ᠬᠡᠪ᠄ ᠵᠤᠬᠢᠶᠠᠭᠴᠢ ᠶᠢᠨ ᠨᠡᠷ᠎ᠡ + ᠤᠳᠠᠰᠤ + ᠪᠦᠳᠦᠬᠡᠯ ᠤᠨ ᠨᠡᠷ᠎ᠡ

    2. ᠢᠮᠧᠯ᠄ xhw_mgl@sina.com

    3. QQ᠄ 220186048

    4. ᠬᠤᠯᠪᠤᠭ᠎ᠠ ᠪᠠᠷᠢᠬᠤ᠄

        ᠪᠠᠢ ᠯᠢᠩ ᠳ᠋ᠢ 15754981703᠂ 0471-6304574

        ᠰᠤᠷᠤᠶ᠎ᠠ 15849150331᠂ 0471-6303943

ᠢᠷᠡᠯᠳᠡ᠄ ᠰᠢᠨᠬᠤᠧᠠ ᠮᠤᠩᠭᠤᠯ ᠨᠧᠲ  ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120701120004108