蒙古文网站Logo
ᠰᠢᠨᠬᠤᠸᠠ ᠮᠤᠩᠭ᠋ᠤᠯ ᠨᠧᠲ

ᠮᠡᠳᠡᠭᠳᠡᠯ᠄ ᠦᠪᠦᠷ ᠮᠣᠩᠭᠣᠯ ᠤᠨ ᠦᠪᠡᠷᠲᠡᠭᠡᠨ ᠵᠠᠰᠠᠬᠣ ᠣᠷᠣᠨ ᠪᠠᠶ᠋ᠢᠭᠣᠯᠣᠭᠳᠠᠭᠰᠠᠨ 70 ᠵᠢᠯ ᠤᠨ ᠣᠢ ᠵᠢᠨ ᠪᠠᠶᠠᠷ ᠢ ᠳᠡᠮᠳᠡᠭᠯᠡᠬᠦ《ᠦᠨᠢᠷ ᠴᠡᠴᠡᠭ》 ᠣᠷᠠᠨ ᠵᠣᠬᠢᠶᠠᠯ ᠤᠨ ᠨᠠᠭᠠᠳᠣᠮ ᠤᠨ ᠮᠡᠳᠡᠭᠳᠡᠯ

2017-02-21 17:01

    ᠰᠢ ᠵᠢᠨ ᠫᠢᠩ ᠶᠡᠷᠦᠩᠬᠡᠢ ᠱᠦᠵᠢ ᠵᠢᠨ ᠪᠦᠬᠦ ᠣᠯᠣᠰ ᠤᠨ ᠣᠳᠬ᠎ᠠ ᠣᠷᠠᠯᠢᠭ ᠤᠨ ᠠᠵᠢᠯ ᠤᠨ ᠰᠠᠭᠣᠳᠠᠯ ᠤᠨ ᠬᠣᠷᠠᠯ ᠲᠡᠭᠡᠷᠡᠬᠢ ᠴᠢᠬᠣᠯᠠ ᠶᠠᠷᠢᠶ᠎ᠠ ᠪᠣᠯᠣᠨ ᠲᠣᠮᠳᠠᠳᠣ ᠣᠯᠣᠰ ᠤᠨ ᠣᠳᠬ᠎ᠠ ᠣᠷᠠᠯᠢᠭ ᠤᠨ ᠬᠢᠨ ᠤ ᠬᠣᠯᠪᠣᠭᠠᠨ ᠤ ᠠᠷᠪᠠᠳᠤᠭᠠᠷ ᠣᠳᠠᠭᠠᠨ ᠤ ᠪᠦᠬᠦ ᠣᠯᠣᠰ ᠤᠨ ᠲᠦᠯᠦᠭᠡᠯᠡᠭᠴᠢᠳ ᠤᠨ ᠶᠡᠬᠡ ᠬᠣᠷᠠᠯ᠂ ᠲᠣᠮᠳᠠᠳᠣ ᠣᠯᠣᠰ ᠤᠨ ᠵᠣᠬᠢᠶᠠᠯᠴᠢᠳ ᠤᠨ ᠡᠪᠯᠡᠯ ᠤᠨ ᠶᠢᠰᠦᠳᠦᠭᠡᠷ ᠣᠳᠠᠭᠠᠨ ᠤ ᠲᠦᠯᠦᠭᠡᠯᠡᠭᠴᠢᠳ ᠤᠨ ᠶᠡᠬᠡ ᠬᠣᠷᠠᠯ ᠲᠡᠭᠡᠷᠡᠬᠢ ᠴᠢᠬᠣᠯᠠ ᠶᠠᠷᠢᠶ᠎ᠠ ᠶᠢᠨ ᠵᠣᠷᠢᠭ ᠰᠠᠨᠠᠭ᠎ᠠ ᠶᠢ ᠬᠦᠨᠵᠡᠭᠡᠢ ᠰᠣᠷᠣᠯᠴᠠᠨ ᠲᠣᠭᠣᠰᠢᠯᠠᠭᠣᠯᠵᠣ᠂ ᠦᠪᠦᠷ ᠮᠣᠩᠭᠣᠯ ᠤᠨ ᠦᠪᠡᠷᠲᠡᠭᠡᠨ ᠵᠠᠰᠠᠬᠣ ᠣᠷᠣᠨ ᠪᠠᠶᠢᠭᠣᠯᠣᠭᠳᠠᠭᠰᠠᠨ 70 ᠵᠢᠯ ᠤᠨ ᠣᠢ ᠵᠢᠨ ᠪᠠᠶᠠᠷ ᠢ ᠳᠡᠮᠳᠡᠭᠯᠡᠬᠦ《ᠦᠨᠢᠷ ᠴᠡᠴᠡᠭ》ᠣᠷᠠᠨ ᠵᠣᠬᠢᠶᠠᠯ ᠤᠨ ᠨᠠᠭᠠᠳᠣᠮ ᠢ 《ᠦᠨᠢᠷ ᠴᠡᠴᠡᠭ》ᠰᠡᠳᠬᠦᠯ ᠤᠨ ᠬᠣᠷᠢᠶᠠᠨ ᠡᠴᠠ 2017 ᠣᠨ ᠤ 8 ᠰᠠᠷ᠎ᠠ ᠶᠢᠨ ᠰᠡᠭᠦᠯᠴᠢ ᠪᠡᠷ ᠵᠣᠬᠢᠶᠠᠨ ᠪᠠᠶ᠋ᠢᠭᠣᠯᠬᠣ ᠪᠣᠯᠣᠭᠰᠠᠨ ᠢ ᠡᠷᠬᠢᠮ ᠵᠣᠬᠢᠶᠠᠯᠴᠢ ᠲᠠ ᠨᠠᠷ ᠲᠠᠭᠠᠨ ᠠᠯᠪᠠᠨ ᠶᠣᠰᠣᠭᠠᠷ ᠮᠡᠳᠡᠭᠳᠡᠵᠣ ᠪᠠᠶᠢᠨ᠎ᠠ᠃ ᠪᠦᠬᠦ ᠣᠯᠣᠰ ᠤᠨ ᠬᠡᠪᠴᠢᠶᠡᠨ ᠤ ᠮᠣᠩᠭᠣᠯ ᠵᠣᠬᠢᠶᠠᠯᠴᠢᠳ ᠮᠠᠨᠢ ᠪᠢᠷ ᠢᠶᠠᠨ ᠬᠣᠷᠴᠠᠯᠠᠵᠣ᠂ ᠪᠢᠯᠢᠭ᠌ ᠣᠶᠣᠨ ᠢᠶᠠᠨ ᠰᠣᠷᠢᠵᠣ ᠲᠣᠭᠣᠵᠢᠰ ᠤᠨ ᠵᠣᠬᠢᠶᠠᠯ(ᠲᠣᠭᠣᠵᠢ᠂ ᠦᠬᠦᠯᠡᠯᠭᠡ)᠂ ᠨᠠᠶᠢᠷᠠᠭᠣᠯᠣᠯ᠂ ᠰᠢᠯᠦᠭ ᠨᠠᠶᠢᠷᠠᠭᠯᠠᠯ ᠢᠶᠠᠷ《ᠦᠨᠢᠷ ᠴᠡᠴᠡᠭ》ᠣᠷᠠᠨ ᠵᠣᠬᠢᠶᠠᠯ ᠤᠨ ᠠᠩᠬᠠᠨ ᠤ ᠨᠠᠭᠠᠳᠣᠮ ᠳ᠋ᠤ ᠢᠳᠡᠪᠬᠢᠯᠡᠨ ᠣᠷᠣᠯᠴᠠᠬᠣ ᠶᠢ ᠵᠠᠷᠯᠠᠵᠣ ᠪᠣᠢ ᠃

    1.ᠨᠠᠭᠠᠳᠣᠮ ᠳ᠋ᠤ ᠣᠷᠣᠯᠴᠠᠬᠣ ᠵᠤᠬᠢᠶᠠᠯ ᠪᠦᠲᠦᠭᠡᠯ ᠤᠨ ᠲᠣᠬᠠᠢ ᠱᠠᠭᠠᠷᠳᠠᠯᠭ᠎ᠠ

    ①《ᠦᠨᠢᠷ ᠴᠡᠴᠡᠭ》ᠣᠷᠠᠨ ᠵᠣᠬᠢᠶᠠᠯ ᠤᠨ ᠨᠠᠭᠠᠳᠣᠮ ᠳ᠋ᠤ ᠣᠷᠣᠯᠴᠠᠬᠣ ᠵᠤᠬᠢᠶᠠᠯ ᠪᠦᠲᠦᠭᠡᠯ ᠨᠢ ᠠᠭᠣᠯᠭ᠎ᠠ ᠡᠷᠡᠭᠦᠯ ᠰᠠᠷᠠᠭᠣᠯ᠂ ᠣᠳᠬ᠎ᠠ ᠰᠠᠨᠠᠭ᠎ᠠ ᠰᠢᠨ᠎ᠡ ᠰᠡᠪᠡᠭᠦᠨ᠂ ᠰᠢᠨ᠎ᠡ ᠴᠠᠭ ᠥᠶ᠎ᠡ ᠶᠢᠨ ᠬᠦᠭᠵᠢᠯᠲᠡ ᠶᠢ ᠲᠣᠰᠬᠠᠭᠰᠠᠨ ᠦᠭᠡᠳᠡᠷᠬᠡᠭ ᠦᠵᠡᠯ ᠰᠠᠨᠠᠭ᠎ᠠ ᠲᠠᠢ ᠪᠦᠭᠡᠳ ᠦᠯᠢᠭᠡᠷ ᠤᠨ ᠡᠰᠭᠡᠯᠲᠡ ᠰᠠᠶᠢᠬᠠᠨ᠂ ᠬᠡᠯᠡ ᠬᠡᠯᠡᠯᠭᠡ ᠣᠷᠣᠰᠣᠮ᠎ᠠ ᠭᠣᠪᠠᠢ ᠪᠦᠬᠦᠢ ᠨᠢᠭᠡ ᠰᠲ᠋ᠢᠯᠢ ᠶᠢᠨ ᠨᠢᠭᠡ ᠬᠣᠪᠢ ᠵᠣᠬᠢᠶᠠᠯ ᠢᠷᠡᠭᠦᠯᠬᠦ ᠶᠢ ᠱᠠᠭᠠᠷᠳᠠᠨ᠎ᠠ᠃

    ② ᠨᠠᠭᠠᠳᠣᠮ ᠳ᠋ᠤ ᠣᠷᠣᠯᠴᠠᠬᠣ ᠵᠤᠬᠢᠶᠠᠯ ᠪᠦᠲᠦᠭᠡᠯ ᠨᠢ ᠶᠠᠮᠠᠷ ᠴᠤ ᠣᠷᠣᠯᠳᠣᠭᠠᠨ ᠲᠡᠮᠡᠴᠡᠭᠡᠨ᠂ ᠨᠣᠮ ᠬᠡᠪᠯᠡᠯ᠂ ᠰᠣᠨᠢᠨ ᠰᠡᠳᠭᠦᠯ᠂ ᠰᠦᠯᠵᠢᠶ᠎ᠡ ᠵᠢᠷᠭᠢᠭᠡ ᠲᠡᠭᠡᠷ᠎ᠡ ᠨᠡᠶᠢᠲᠡᠯᠡᠭᠳᠡᠭᠡ ᠦᠭᠡᠢ ᠬᠣᠪᠢ ᠬᠦᠮᠦᠨ ᠤ ᠰᠢᠨ᠎ᠡ ᠪᠦᠲᠦᠭᠡᠯ ᠪᠠᠶᠢᠬᠣ ᠶᠢ ᠱᠠᠭᠠᠷᠳᠠᠨ᠎ᠠ᠃

    ③ ᠵᠣᠬᠢᠶᠠᠯᠴᠢ ᠪᠦᠷᠢ ᠲᠣᠭᠣᠵᠢᠰ(ᠲᠣᠭᠣᠵᠢ ᠂ ᠦᠭᠦᠯᠡᠯᠭᠡ)᠂ ᠨᠠᠶᠢᠷᠠᠭᠣᠯᠣᠯ᠂ ᠰᠢᠯᠦᠭ ᠨᠠᠶᠢᠷᠠᠭᠯᠠᠯ ᠬᠡᠮᠡᠬᠦ ᠭᠣᠷᠪᠠᠨ ᠰᠲ᠋ᠢᠯᠢ ᠪᠡᠷ ᠨᠠᠭᠠᠳᠣᠮ ᠳ᠋ᠤ ᠣᠷᠣᠯᠴᠠᠵᠣ ᠪᠦᠷ ᠪᠣᠯᠣᠨ᠎ᠠ᠃ ᠨᠠᠰᠣᠨ ᠤ ᠬᠢᠵᠠᠭᠠᠷᠯᠠᠯ ᠭᠡᠵᠦ ᠦᠭᠡᠢ᠃

    2.ᠵᠤᠬᠢᠶᠠᠯ ᠪᠦᠲᠦᠭᠡᠯ ᠡᠯᠰᠡᠬᠦ ᠴᠠᠭ ᠬᠣᠭᠣᠴᠠᠭ᠎ᠠ ᠪᠣᠶᠣ ᠠᠩᠬᠠᠷᠬᠣ ᠵᠦᠢᠯ

    ① 2017 ᠣᠨ ᠤ 1 ᠰᠠᠷ᠎ᠠ ᠶᠢᠨ 1 ᠡᠴᠡ 7 ᠰᠠᠷ᠎ᠠ ᠶᠢᠨ 30 ᠤ ᠡᠳᠦᠷ ᠬᠦᠷᠲᠡᠯᠡᠬᠢ ᠬᠣᠭᠣᠴᠠᠭᠠᠨ ᠳ᠋ᠤ ᠪᠦᠬᠦ ᠣᠯᠣᠰ ᠤᠨ ᠬᠡᠪᠴᠢᠶᠡᠨ᠎ᠡ ᠲᠣᠭᠣᠵᠢᠰ᠂ ᠨᠠᠶᠢᠷᠠᠭᠣᠯᠣᠯ᠂ ᠰᠢᠯᠥᠭ ᠭᠣᠷᠪᠠᠨ ᠰᠲ᠋ᠢᠯᠢ ᠶᠢᠨ ᠵᠣᠬᠢᠶᠠᠯ ᠡᠯᠰᠡᠨ᠎ᠡ᠃

    ② ᠲᠣᠭᠣᠵᠢᠰ ᠤᠨ ᠵᠣᠬᠢᠶᠠᠯ ᠢ 2 ᠲᠦᠮᠡᠨ ᠦᠰᠦᠭ ᠤᠨ ᠲᠣᠳᠣᠷ᠎ᠠ᠂ ᠨᠠᠶ᠋ᠢᠷᠠᠭᠣᠯᠣᠯ ᠤᠨ ᠵᠣᠬᠢᠶᠠᠯ ᠢ 8 ᠮᠢᠩᠭᠠᠨ ᠦᠰᠦᠭ ᠤᠨ ᠲᠣᠳᠣᠷ᠎ᠠ᠂ ᠰᠢᠯᠦᠭ ᠨᠠᠶᠢᠷᠠᠭᠯᠠᠯ ᠢ 150 ᠮᠦᠷ ᠢᠶᠠᠷ ᠲᠣᠰ ᠲᠣᠰ ᠬᠢᠵᠠᠭᠠᠷᠯᠠᠨ᠎ᠠ᠃

    ③ ᠨᠠᠭᠠᠳᠣᠮ ᠳ᠋ᠤ ᠣᠷᠣᠯᠴᠠᠬᠣ ᠪᠦᠲᠦᠭᠡᠯ ᠢᠶᠠᠨ ᠮᠦᠩᠬᠡ ᠭᠠᠯ ᠤᠨ 3 ᠨᠣᠮᠧᠷᠲᠣ ᠴᠠᠭᠠᠨ ᠲᠢᠭ ᠢᠶᠠᠷ ᠰᠢᠪᠡᠵᠦ ᠢᠮᠧᠯ ᠢᠶᠠᠷ ᠢᠷᠡᠭᠦᠯᠵᠣ᠂ ᠵᠣᠬᠢᠶᠠᠭᠴᠢ ᠶᠢᠨ ᠨᠡᠷ᠎ᠡ᠂ ᠬᠠᠶ᠊ᠢᠭ᠂ ᠬᠠᠷᠢᠯᠴᠠᠬᠣ ᠣᠲᠠᠰᠣ ᠪᠡᠨ ᠵᠠᠪᠠᠯ ᠲᠣᠳᠣᠷᠬᠠᠢ ᠪᠢᠴᠢᠭᠰᠡᠨ ᠪᠠᠶᠢᠬᠣ ᠬᠡᠷᠡᠭᠲᠡᠢ᠃

    ④ ᠵᠤᠬᠢᠶᠠᠯ ᠪᠦᠲᠦᠭᠡᠯ ᠶᠢᠡᠨ ᠶᠠᠪᠤᠭᠤᠯᠬᠤ ᠳ᠋ᠠᠭᠠᠨ《ᠦᠨᠢᠷ ᠴᠡᠴᠡᠭ ᠤᠷᠠᠨ ᠵᠤᠬᠢᠶᠠᠯ ᠤᠨ ᠨᠠᠭᠠᠳᠤᠮ》 ᠳ᠋ᠤ ᠭᠡᠵᠦ ᠲᠤᠳᠤᠷᠬᠠᠶᠢᠯᠠᠬᠤ ᠴᠢᠬᠤᠯᠠ ᠲᠠᠢ᠃

    3. ᠰᠢᠯᠭᠠᠷᠠᠭᠣᠯᠬᠣ ᠠᠷᠭ᠎ᠠ ᠬᠡᠮᠵᠢᠶ᠎ᠡ

    ① ᠨᠠᠭᠠᠳᠣᠮ ᠳ᠋ᠣ ᠣᠷᠣᠯᠴᠠᠭᠰᠠᠨ ᠪᠦᠲᠦᠭᠡᠯ ‍ᠤᠨ ᠵᠣᠬᠢᠶᠠᠭᠴᠢ ᠶᠢᠨ ᠬᠢᠨᠢ ᠨᠡᠷ᠎ᠡ ᠣᠰᠣ᠂ ᠬᠠᠷᠢᠯᠴᠠᠬᠣ ᠬᠠᠶ᠊ᠢᠭ ᠢ ᠲᠠᠷᠣᠵᠣ ᠭᠣᠷᠪᠠᠨ ᠲᠣᠭᠣᠶᠢᠯᠠᠩ ᠬᠣᠪᠢᠶᠠᠨ ᠢᠯᠡ ᠲᠣᠳᠣ᠂ ᠲᠦᠪ ᠭᠣᠣᠯᠴᠢ ᠵᠠᠷᠴᠢᠮ ᠢᠶᠠᠷ ᠰᠢᠯᠭᠠᠷᠠᠭᠣᠯᠣᠨ᠎ᠠ᠂ ᠡᠭᠦᠨ ᠳ᠋ᠤ ᠲᠣᠭᠣᠵᠢᠰ ᠤᠨ ᠵᠣᠬᠢᠶᠠᠯ ᠪᠣᠯᠣᠨ ᠨᠠᠶᠢᠷᠠᠭᠣᠯᠣᠯ ᠤᠨ ᠵᠣᠬᠢᠶᠠᠯ ᠢ ᠬᠢᠨᠠᠭᠴᠢ ᠨᠠᠷ ᠡᠴᠠ ᠰᠢᠭᠣᠳ ᠰᠢᠯᠭᠠᠷᠠᠭᠣᠯᠵᠣ ᠲᠡᠷᠢᠭᠦᠨ᠂ ᠲᠡᠳ᠋᠂ ᠭᠣᠳᠠᠭᠠᠷ ᠪᠣᠯᠣᠨ ᠰᠢᠯᠢᠳᠡᠭ ᠨᠡᠷᠡᠰ ᠢ ᠲᠣᠳᠣᠷᠠᠭᠣᠯᠣᠨ᠎ᠠ᠃ ᠨᠠᠭᠠᠳᠣᠮ ᠳ᠋ᠤ ᠢᠷᠡᠭᠦᠯᠦᠭᠰᠡᠨ ᠰᠢᠯᠦᠭ ᠨᠠᠶᠢᠷᠠᠭᠯᠠᠯ ᠡᠴᠠ ᠠᠩᠬᠠᠨ ᠤ ᠰᠢᠯᠭᠠᠷᠠᠭᠣᠯᠣᠯᠳᠠ ᠪᠠᠷ ᠲᠠᠮᠵᠢᠨ ᠰᠢᠯᠢᠳᠡᠭ 15 ᠪᠦᠲᠦᠭᠡᠯ ᠢ ᠬᠢᠨᠠᠵᠣ ᠲᠣᠭᠳᠠᠭᠠᠨ᠎ᠠ᠃ ᠰᠢᠯᠦᠭ ᠨᠠᠶᠢᠷᠠᠭᠯᠠᠯ ᠤᠨ ᠰᠢᠯᠢᠳᠡᠭ 15 ᠪᠦᠲᠦᠭᠡᠯ ᠤᠨ ᠵᠣᠬᠢᠶᠠᠯᠴᠢ ᠡᠴᠠ ᠲᠠᠬᠢᠨ ᠰᠢᠨ᠎ᠡ ᠪᠡᠷ ᠨᠢᠭᠡ ᠬᠣᠪᠢ ᠰᠢᠨ᠎ᠡ ᠰᠢᠯᠦᠭ ᠨᠠᠶᠢᠷᠠᠭᠯᠠᠯ ᠬᠣᠷᠢᠶᠠᠵᠣ ᠰᠢᠢᠳᠪᠦᠷᠢᠲᠦ ᠨᠠᠭᠠᠳᠣᠮ ᠳ᠋ᠤ ᠣᠷᠣᠯᠴᠠᠭᠣᠯᠣᠨ᠎ᠠ᠃

    ② 2017 ᠣᠨ ᠤ 8 ᠰᠠᠷ᠎ᠠ ᠶᠢᠨ ᠰᠡᠭᠦᠯᠴᠢ ᠪᠡᠷ ᠬᠦᠬᠡᠬᠣᠲᠠᠨ᠎ᠠ ᠱᠠᠩᠨᠠᠯ ᠣᠯᠭᠣᠬᠣ ᠶᠣᠰᠣᠯᠠᠯ ᠪᠣᠶᠣ ᠢᠷᠠᠭᠣ ᠨᠠᠶᠢᠷᠠᠭ ᠤᠨ ᠰᠢᠢᠳᠪᠦᠷᠢᠲᠦ ᠣᠷᠣᠯᠳᠣᠭᠠᠨ ᠢ ᠵᠣᠬᠢᠶᠠᠨ ᠪᠠᠶᠢᠭᠣᠯᠵᠣ᠂ ᠰᠢᠯᠦᠭ ᠨᠠᠶᠢᠷᠠᠭᠯᠠᠯ ᠤᠨ ᠰᠢᠯᠢᠳᠡᠭ 15 ᠵᠣᠬᠢᠶᠠᠭᠴᠢ ᠲᠠᠶᠢᠰᠠᠨ᠎ᠠ ᠦᠪᠡᠷ ᠤᠨ ᠰᠢᠨ᠎ᠡ ᠪᠦᠲᠦᠭᠡᠯ ᠢᠶᠠᠨ ᠣᠶᠠᠩᠭᠠᠯᠠᠵᠣ ᠲᠡᠷᠢᠭᠦᠨ ᠮᠠᠩᠯᠠᠢ ᠶᠢ ᠦᠷᠢᠰᠦᠯᠳᠦᠨ᠎ᠡ᠃

    ③ ᠱᠠᠩᠨᠠᠯ ᠣᠯᠭᠣᠬᠣ ᠶᠣᠰᠣᠯᠠᠯ ᠲᠡᠭᠡᠷ᠎ᠡ ᠲᠣᠭᠣᠵᠢᠰ᠂ ᠨᠠᠶᠢᠷᠠᠭᠣᠯᠣᠯ ᠤᠨ ᠵᠣᠬᠢᠶᠠᠯ ᠤᠨ ᠱᠠᠩᠨᠠᠯ ᠳ᠋ᠤ ᠲᠣᠳᠣᠷᠠᠭᠰᠠᠨ ᠪᠦᠲᠦᠭᠡᠯ ᠢ ᠱᠠᠩᠨᠠᠨ᠎ᠠ᠃

    4. ᠱᠠᠩᠨᠠᠯ ᠤᠨ ᠲᠣᠬᠢᠷᠠᠭᠣᠯᠣᠯᠲᠠ

    ① ᠲᠣᠭᠣᠵᠢᠰ᠂ ᠨᠠᠶᠢᠷᠠᠭᠣᠯᠣᠯ᠂ ᠰᠢᠯᠦᠭ ᠨᠠᠶᠢᠷᠠᠭᠯᠠᠯ ᠤᠨ ᠭᠣᠷᠪᠠᠨ ᠰᠲ᠋ᠢᠯᠢ ᠶᠢᠨ ᠵᠣᠬᠢᠶᠠᠯ ᠡᠴᠠ ᠲᠣᠰ ᠪᠦᠷᠢ ᠲᠡᠷᠢᠭᠦᠨ ᠪᠠᠶᠢᠷᠢ ᠶᠢᠨ ᠱᠠᠩᠨᠠᠯ ᠳ᠋ᠤ 1 ᠤᠷᠤᠯᠴᠠᠭᠴᠢ᠂ ᠲᠡᠳ᠋ ᠪᠠᠶᠢᠷᠢ ᠶᠢᠨ ᠱᠠᠩᠨᠠᠯ ᠳ᠋ᠤ 2 ᠤᠷᠤᠯᠴᠠᠭᠴᠢ᠂ ᠭᠣᠳᠠᠭᠠᠷ ᠪᠠᠶᠢᠷᠢ ᠶᠢᠨ ᠱᠠᠩᠨᠠᠯ ᠳ᠋ᠤ 3 ᠤᠷᠤᠯᠴᠠᠭᠴᠢ᠂ ᠰᠢᠯᠢᠳᠡᠭ ᠪᠡᠶᠢᠷᠢ ᠶᠢᠨ ᠱᠠᠩᠨᠠᠯ ᠳ᠋ᠤ 9 ᠤᠷᠤᠯᠴᠠᠭᠴᠢ ᠶᠢ ᠲᠣᠰ ᠲᠣᠰ ᠱᠠᠩᠨᠠᠨ᠎ᠠ᠃

    ② ᠭᠣᠷᠪᠠᠨ ᠰᠲ᠋ᠢᠯᠢ ᠶᠢᠨ ᠵᠣᠬᠢᠶᠠᠯ ᠤᠨ ᠲᠡᠷᠢᠭᠦᠨ ᠪᠠᠶᠢᠷᠢ ᠶᠢᠨ ᠱᠠᠩᠨᠠᠯ ᠢ 3 ᠲᠥᠮᠡᠨ ᠲᠦᠭᠦᠷᠢᠭ᠂ ᠲᠡᠳ᠋ ᠪᠠᠶᠢᠷᠢ  ᠶᠢᠨ ᠱᠠᠩᠨᠠᠯ ᠢ 1 ᠲᠥᠮᠡᠨ ᠲᠦᠭᠦᠷᠢᠭ᠂ ᠭᠣᠳᠠᠭᠠᠷ ᠪᠠᠶᠢᠷᠢ ᠵᠢᠨ ᠱᠠᠩᠨᠠᠯ ᠢ 5 ᠮᠢᠩᠭᠠᠨ ᠲᠦᠭᠦᠷᠢᠭ᠂ ᠰᠢᠯᠢᠳᠡᠭ ᠪᠠᠶᠢᠷᠢ ᠵᠢᠨ ᠱᠠᠩᠨᠠᠯ ᠢ 2 ᠮᠢᠩᠭᠠᠨ ᠲᠦᠭᠦᠷᠢᠭ ᠢᠶᠠᠷ ᠲᠣᠰ ᠪᠦᠷᠢ ᠬᠦᠬᠢᠬᠦᠯᠦᠨ ᠱᠠᠩᠨᠠᠨ᠎ᠠ᠃

    5.ᠬᠠᠷᠢᠯᠴᠠᠬᠣ ᠠᠷᠭ᠎ᠠ

    ᠬᠠᠷᠢᠯᠴᠠᠬᠣ ᠬᠦᠮᠦᠨ᠄ ᠰᠠᠶᠢ‍·ᠰᠡᠴᠡᠨᠪᠠᠭᠠᠲᠣᠷ

    ᠬᠠᠷᠢᠯᠴᠠᠬᠣ ᠣᠲᠠᠰᠣ᠄ 15247193899   ᠠᠯᠲᠠᠨᠪᠠᠶᠠᠷ 13947495131

    ᠵᠤᠬᠢᠶᠠᠯ ᠪᠦᠲᠦᠭᠡᠯ ᠶᠠᠪᠣᠭᠣᠯᠬᠣ ᠬᠠᠶ᠊ᠢᠭ᠄ unqqndm@163.com

    ᠲᠠ ᠪᠦᠬᠦᠨ ᠤ ᠪᠢᠷ ᠬᠣᠷᠴᠠ᠂ ᠪᠢᠯᠢᠭ᠌ ᠰᠤᠳᠤᠨ ᠪᠠᠶᠢᠬᠣ ᠪᠣᠯᠳᠣᠭᠠᠢ᠂ ᠣᠷᠣᠯᠳᠣᠭᠠᠨ ᠤ ᠦᠨᠳᠦᠷ ᠠᠮᠵᠢᠯᠲᠠ ᠶᠢ ᠴᠢᠨᠢ ᠬᠦᠰᠡᠶ᠎ᠡ᠃

              《ᠦᠨᠢᠷ ᠴᠡᠴᠡᠭ》 ᠰᠡᠳᠭᠦᠯ ᠤᠨ ᠬᠣᠷᠢᠶ᠎ᠠ

ᠢᠷᠡᠯᠳᠡ᠄ 《ᠦᠨᠢᠷ ᠴᠡᠴᠡᠭ》ᠰᠡᠳᠬᠦᠯ  ᠪᠡᠯᠡᠳᠭᠡᠭ᠍ᠰᠡᠨ ᠨᠢ᠄ ᠪᠣᠯᠣᠷᠴᠡᠴᠡᠭ᠌

ᠰᠣᠶᠤᠯ ᠤᠷᠠᠯᠢᠭ

  • ᠤᠷᠠᠨ ᠤᠨᠭᠰᠢᠯᠭ᠎ᠠ ᠶᠢᠨ ᠦᠷᠦᠭᠡ ᠨᠢ ᠬᠦᠮᠦᠰ ᠤᠨ ᠬᠦᠷᠢᠶᠡᠯᠡᠯ ᠢ ᠤᠯᠪᠠ
  • 《ᠤᠮᠠᠷᠠᠲᠤ ᠬᠢᠯᠢ ᠶᠢᠨ ᠢᠷᠠᠭᠤ ᠡᠭᠡᠰᠢᠭ᠌ 》 ᠦᠨᠳᠦᠰᠦᠲᠡᠨ ᠤ ᠤᠷᠰᠺᠧᠲ᠋ᠷᠠ ᠬᠦᠭ᠍ᠵᠢᠮ ᠤᠨ ᠦᠳᠡᠰᠢᠯᠡᠭᠡ ᠬᠦᠬᠡᠬᠤᠲᠠ ᠳᠤ ᠪᠤᠯᠪᠠ
  • 26 ᠳ᠋ᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠨᠠᠭᠠᠳᠤᠮ ᠢ 9 ᠰᠠᠷ᠎ᠠ ᠶᠢᠨ 13 ᠡᠴᠡ 16 ᠡᠳᠦᠷ ᠪᠤᠯᠲᠠᠯ᠎ᠠ ᠬᠦᠬᠡᠬᠤᠲᠠ ᠳᠤ ᠵᠤᠬᠢᠶᠠᠨ ᠪᠠᠶᠢᠭᠤᠯᠤᠨ᠎ᠠ
  • ᠠᠩᠭ᠍ᠯᠢ ᠶᠢᠨ ᠳᠠᠭᠤᠴᠢᠨ ᠡᠳᠧᠯ 5 ᠲᠤᠮᠤ ᠭ᠍ᠷᠠᠶᠢᠮᠧᠢ ᠱᠠᠨᠭᠨᠠᠯ ᠲᠤᠰᠤᠯ᠎᠎ᠠ
关闭
010070230030000000000000011120701120504457