蒙古文网站Logo
ᠰᠢᠨᠬᠤᠸᠠ ᠮᠤᠩᠭ᠋ᠤᠯ ᠨᠧᠲ

ᠦᠪᠦᠷ ᠮᠤᠩᠭ᠋ᠤᠯ ᠦᠨᠦ ᠵᠢᠯ 600 ᠤᠨᠴᠠᠭᠠᠢ ᠪᠠᠶᠢᠷᠢᠨ ᠤ ᠪᠠᠭᠰᠢ ᠡᠯᠰᠡᠨ᠎ᠡ

2017-04-14 11:21

    ᠰᠤᠷᠪᠤᠯᠵᠢᠯᠠᠭᠴᠢ ᠦᠪᠦᠷ ᠮᠣᠩᠭᠣᠯ ᠤᠨ ᠦᠪᠡᠷᠳᠡᠬᠡᠨ ᠵᠠᠰᠠᠬᠤ ᠤᠷᠤᠨ ᠤ ᠰᠤᠷᠭᠠᠨ ᠬᠦᠮᠦᠵᠢᠯ ᠤᠨ ᠲᠢᠩᠬᠢᠮ ᠠᠴᠠ ᠤᠶᠢᠯᠠᠭᠠᠭᠰᠠᠨ ᠢᠶᠠᠷ᠂ 2017 ᠤᠨ ᠳᠤ ᠦᠪᠦᠷ ᠮᠣᠩᠭᠣᠯ ᠦᠷᠬᠦᠯᠵᠢᠯᠡᠨ ᠬᠦᠳᠡᠭᠡ ᠤᠷᠤᠨ ᠨᠤᠲᠤᠭ ᠤᠨ ᠠᠯᠪᠠᠨ ᠵᠢᠷᠤᠮ ᠤᠨ ᠰᠤᠷᠭᠠᠨ ᠬᠦᠮᠦᠵᠢᠯ ᠤᠨ ᠳᠡᠩᠴᠡᠬᠦᠷᠢᠳᠡᠢ ᠬᠦᠭ᠍ᠵᠢᠬᠦᠯᠦᠯᠳᠡ ᠶᠢᠨ ᠱᠠᠳᠤᠨ ᠤ ᠤᠨᠴᠠᠭᠠᠢ ᠪᠠᠶᠢᠷᠢᠨ ᠤ ᠪᠠᠭᠰᠢ ᠶᠢᠨ ᠲᠦᠯᠦᠪᠯᠡᠭᠡ ᠶᠢ ᠬᠡᠷᠡᠭᠵᠢᠬᠦᠯᠵᠦ᠂ ᠡᠨᠡ ᠵᠢᠯ 600 ᠪᠠᠭᠰᠢ ᠡᠯᠰᠡᠬᠦ ᠪᠠᠷ ᠲᠦᠯᠦᠪᠯᠡᠵᠦ ᠪᠠᠶᠢᠨ᠎ᠠ᠃ 4 ᠰᠠᠷ᠎ᠠ ᠶᠢᠨ 17 ᠤ ᠡᠳᠦᠷ ᠠᠴᠠ ᠡᠬᠢᠯᠡᠨ ᠨᠡᠷ᠎ᠡ ᠮᠡᠳᠡᠬᠦᠯᠦᠨ᠎ᠡ᠃

    ᠡᠨᠡ ᠵᠢᠯ ᠤᠨ ᠤᠷᠢᠵᠤ ᠡᠯᠰᠡᠬᠦ ᠲᠦᠯᠦᠪᠯᠡᠭᠡ ᠶᠢ ᠳᠤᠬᠢᠷᠠᠭᠤᠯᠤᠭᠰᠠᠨ ᠠᠶᠢᠮᠠᠭ ᠬᠤᠳᠠ ᠪᠤᠯ ᠬᠦᠬᠡᠬᠤᠳᠠ᠂ ᠪᠤᠭᠤᠳᠤ᠂ ᠬᠦᠯᠦᠨ ᠪᠤᠶᠢᠷ ᠬᠤᠳᠠ ᠪᠠ ᠬᠢᠩᠭ᠋ᠠᠨ ᠠᠶᠢᠮᠠᠭ ᠪᠤᠯᠤᠨ᠎ᠠ᠂ ᠴᠢᠩ ᠱᠦᠢ ᠡᠾᠧ ᠰᠢᠶᠠᠨ᠂ ᠳᠠᠷᠬᠠᠨ ᠮᠤᠤᠮᠢᠩᠭ᠋ᠠᠨ ᠬᠤᠯᠪᠤᠭᠠᠳᠤ ᠬᠤᠰᠢᠭᠤ ᠵᠡᠷᠬᠡ 14 ᠬᠤᠰᠢᠭᠤ ᠰᠢᠶᠠᠨ ᠲᠠᠢ ᠬᠤᠯᠪᠤᠭᠳᠠᠵᠤ᠂ ᠤᠷᠤᠨ ᠳᠠᠶᠠᠭᠠᠷ ᠤᠨ ᠳᠤᠳᠤᠨ᠎ᠠ ᠭᠠᠳᠠᠨᠠᠬᠢ ᠪᠦᠬᠦᠯᠢ ᠡᠳᠦᠷ ᠤᠨ ᠲᠦᠷᠢᠮᠳᠤ ᠡᠩ ᠤᠨ ᠶᠡᠭᠡ ᠳᠡᠬᠡᠳᠤ ᠰᠤᠷᠭᠠᠭᠤᠯᠢ ᠠᠴᠠ ᠳᠡᠬᠦᠰᠦᠭᠰᠡᠨ ᠦᠪᠦᠷ ᠮᠤᠩᠭ᠋ᠤᠯ ᠤᠨ ᠡᠷᠦᠬᠡ ᠠᠮᠠ ᠶᠢᠨ ᠳᠠᠩᠰᠠ ᠲᠠᠢ ᠰᠤᠷᠤᠭᠴᠢ ᠠᠴᠠ ᠡᠯᠰᠡᠨ᠎ᠡ᠃ 4 ᠰᠠᠷ᠎ᠠ ᠶᠢᠨ 17 ᠤ ᠡᠳᠦᠷ ᠤᠨ 8᠄ 00 ᠴᠠᠭ ᠠᠴᠠ 4 ᠰᠠᠷ᠎ᠠ ᠶᠢᠨ 22 ᠤᠨ ᠡᠳᠦᠷ ᠤᠨ 18᠄ 00 ᠴᠠᠭ ᠪᠤᠯᠳᠠᠯ᠎ᠠ ᠨᠡᠷ᠎ᠡ ᠪᠦᠷᠢᠳᠭᠡᠭᠦᠯᠦᠨ᠎ᠠ᠃ ᠨᠦᠬᠦᠴᠡᠯ ᠳᠤ ᠨᠡᠶᠢᠴᠡᠬᠦ ᠰᠢᠯᠭᠠᠭᠤᠯᠤᠭᠰᠠᠳ ᠦᠪᠦᠷ ᠮᠤᠩᠭ᠋ᠤᠯ ᠤᠨ ᠰᠤᠷᠤᠭᠴᠢ ᠡᠯᠰᠡᠬᠦ ᠰᠢᠯᠭᠠᠯᠳᠠ ᠶᠢᠨ ᠰᠤᠷᠠᠭ ᠵᠠᠩᠬᠢ ᠶᠢᠨ ᠨᠸᠲ ᠲᠤ ᠭᠠᠷᠴᠤ ᠨᠡᠷ᠎ᠡ ᠪᠦᠷᠢᠳᠭᠡᠭᠦᠯᠦᠨ᠎ᠠ᠃ 5 ᠰᠠᠷ᠎ᠠ ᠶᠢᠨ 13 ᠤ ᠡᠳᠦᠷ ᠤᠨ8᠄ 00 ᠴᠠᠭ ᠡᠴᠡ 5 ᠰᠠᠷ᠎ᠠ ᠶᠢᠨ 20 ᠤ ᠡᠳᠦᠷ ᠤᠨ 9᠄ 00 ᠴᠠᠭ ᠪᠤᠯᠳᠠᠯ᠎ᠠ᠂ ᠰᠢᠯᠭᠠᠭᠤᠯᠤᠭᠰᠠᠳ ᠰᠢᠯᠭᠠᠭᠤᠯᠬᠤ ᠦᠨᠡᠮᠯᠡᠯ ᠢᠶᠡᠨ ᠳᠠᠷᠤᠮᠠᠯᠯᠠᠨ᠎ᠠ᠃

    5 ᠰᠠᠷ᠎ᠠ ᠶᠢᠨ 20 ᠤ ᠡᠳᠦᠷ ᠪᠢᠷ ᠤᠨ ᠰᠢᠯᠭᠠᠯᠳᠠ ᠶᠠᠪᠤᠭᠳᠠᠨ᠎ᠠ᠃ ᠤᠷᠤᠨ ᠳᠠᠶᠠᠭᠠᠷ ᠲᠤ 5 ᠰᠢᠯᠭᠠᠯᠳᠠ ᠶᠢᠨ ᠴᠢᠭ ᠳᠤᠬᠢᠷᠠᠭᠤᠯᠵᠤ᠂ ᠳᠤᠰᠪᠤᠷᠢ ᠬᠦᠬᠡᠬᠤᠳᠠ᠂ ᠬᠦᠯᠦᠨ ᠪᠤᠶᠢᠷ᠂ ᠬᠢᠩᠭ᠋ᠠᠨ ᠠᠶᠢᠮᠠᠭ᠂ ᠲᠦᠩᠯᠢᠶᠤᠤ ᠬᠤᠳᠠ᠂ ᠪᠤᠭᠤᠳᠤ ᠳᠤ ᠰᠢᠯᠭᠠᠨ᠎ᠠ᠃ ᠰᠢᠯᠭᠠᠯᠳᠠ ᠶᠢᠨ ᠬᠢᠷᠢ ᠪᠦᠳᠦᠮᠵᠢ ᠶᠢ 6 ᠰᠠᠷ᠎ᠠ ᠶᠢᠨ 10 ᠤ ᠡᠳᠦᠷ ᠨᠡᠶᠢᠲᠡᠯᠡᠨ᠎ᠡ᠃

ᠢᠷᠡᠯᠳᠡ᠄ ᠦᠪᠦᠷ ᠮᠣᠩᠭᠣᠯ ᠤᠨ ᠵᠠᠰᠠᠭ ᠤᠨ ᠤᠷᠳᠤᠨ ᠪᠡᠯᠡᠳᠭᠡᠭ᠍ᠰᠡᠨ ᠨᠢ᠄ ᠬᠡᠦᠬᠡᠨᠰᠤᠯᠢ

ᠨᠡᠶᠢᠬᠡᠮ ᠠᠬᠤᠢ

ᠰᠣᠶᠤᠯ ᠤᠷᠠᠯᠢᠭ

  • ᠤᠷᠠᠨ ᠤᠨᠭᠰᠢᠯᠭ᠎ᠠ ᠶᠢᠨ ᠦᠷᠦᠭᠡ ᠨᠢ ᠬᠦᠮᠦᠰ ᠤᠨ ᠬᠦᠷᠢᠶᠡᠯᠡᠯ ᠢ ᠤᠯᠪᠠ
  • 《ᠤᠮᠠᠷᠠᠲᠤ ᠬᠢᠯᠢ ᠶᠢᠨ ᠢᠷᠠᠭᠤ ᠡᠭᠡᠰᠢᠭ᠌ 》 ᠦᠨᠳᠦᠰᠦᠲᠡᠨ ᠤ ᠤᠷᠰᠺᠧᠲ᠋ᠷᠠ ᠬᠦᠭ᠍ᠵᠢᠮ ᠤᠨ ᠦᠳᠡᠰᠢᠯᠡᠭᠡ ᠬᠦᠬᠡᠬᠤᠲᠠ ᠳᠤ ᠪᠤᠯᠪᠠ
  • 26 ᠳ᠋ᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠨᠠᠭᠠᠳᠤᠮ ᠢ 9 ᠰᠠᠷ᠎ᠠ ᠶᠢᠨ 13 ᠡᠴᠡ 16 ᠡᠳᠦᠷ ᠪᠤᠯᠲᠠᠯ᠎ᠠ ᠬᠦᠬᠡᠬᠤᠲᠠ ᠳᠤ ᠵᠤᠬᠢᠶᠠᠨ ᠪᠠᠶᠢᠭᠤᠯᠤᠨ᠎ᠠ
  • ᠠᠩᠭ᠍ᠯᠢ ᠶᠢᠨ ᠳᠠᠭᠤᠴᠢᠨ ᠡᠳᠧᠯ 5 ᠲᠤᠮᠤ ᠭ᠍ᠷᠠᠶᠢᠮᠧᠢ ᠱᠠᠨᠭᠨᠠᠯ ᠲᠤᠰᠤᠯ᠎᠎ᠠ
关闭
010070230030000000000000011100001120810607