蒙古文网站Logo
ᠰᠢᠨᠬᠤᠸᠠ ᠮᠤᠩᠭ᠋ᠤᠯ ᠨᠧᠲ

ᠬᠠᠭᠠᠨ ᠤ ᠤᠷᠳᠤᠨ ᠤ ᠮᠦᠽᠸᠢ᠄ 140 ᠲᠡᠤᠬᠡ ᠶᠢᠨ ᠲᠤᠷᠠᠰᠬᠠᠯᠲᠤ ᠪᠤᠳᠠᠰ《 ᠳᠠᠯᠠᠢ ᠳᠡᠭᠡᠷᠡᠬᠢ ᠲᠤᠷᠭᠠᠨ ᠤ ᠵᠠᠮ》 ᠤᠨ ᠲᠡᠤᠬᠡᠨ ᠤᠯᠠ ᠮᠦᠷ ᠢ ᠬᠠᠷᠠᠭᠤᠯᠬᠤ ᠪᠡᠷ ᠪᠤᠢ

2017-05-09 11:29

    ᠰᠢᠨᠬᠤᠸᠠ ᠬᠤᠷᠢᠶ᠎ᠠ ᠪᠡᠭᠡᠵᠢᠩ ᠤᠨ 5 ᠰᠠᠷ᠎ᠠ ᠶᠢᠨ 8 ᠤ ᠡᠳᠦᠷ ᠤᠨ ᠴᠠᠬᠢᠯᠭᠠᠨ ᠮᠡᠳᠡᠭᠡ (ᠰᠤᠷᠪᠤᠯᠵᠢᠯᠠᠭᠴᠢ ᠱᠢ ᠢᠦᠢ ᠼᠸᠨ) ᠸᠠᠭᠠᠷ ᠱᠠᠭᠠᠵᠠᠩ᠂ ᠠᠯᠲᠠ ᠮᠦᠩᠭᠦᠨ ᠡᠳ᠋ᠯᠠᠯ᠂ ᠴᠠᠭ ᠁ ᠵᠡᠷᠭᠡ ᠪᠤᠳᠠᠰ ᠤᠳ ᠬᠠᠭᠠᠨ ᠤ ᠤᠷᠳᠤᠨ ᠤ ᠮᠦᠽᠸᠢ ᠶᠢᠨ ᠦᠵᠡᠰᠭᠦᠯᠡᠩ ᠤᠨ ᠲᠢᠩᠬᠢᠮ ᠳᠤ ᠲᠠᠯᠪᠢᠭᠲᠠᠪᠠ᠃

    8 ᠤ ᠦᠳᠡ ᠶᠢᠨ ᠬᠤᠶᠢᠨ᠎ᠠ᠂ ᠬᠠᠭᠠᠨ ᠤ ᠤᠷᠳᠤᠨ ᠤ ᠮᠦᠽᠸᠢ ᠡᠴᠡ ᠵᠤᠬᠢᠶᠠᠨ ᠪᠠᠶᠢᠭᠤᠯᠤᠭᠰᠠᠨ《ᠪᠤᠷᠤ ᠬᠤᠲᠠ ᠪᠤᠯᠤᠨ〈ᠳᠠᠯᠠᠢ ᠳᠡᠭᠡᠷᠡᠬᠢ ᠲᠤᠷᠭᠠᠨ ᠤ ᠵᠠᠮ〉》ᠦᠵᠡᠰᠭᠦᠯᠡᠩ ᠤᠨ ᠨᠡᠭᠡᠭᠡᠯᠲᠡ ᠶᠢᠨ ᠶᠤᠰᠤᠯᠠᠯ ᠪᠤᠯᠪᠠ᠃ ᠡᠭᠦᠨ ᠳᠤ 140 ᠬᠤᠪᠢ《 ᠳᠠᠯᠠᠢ ᠲᠡᠭᠡᠷᠡᠬᠢ ᠲᠤᠷᠭᠠᠨ ᠤ ᠵᠠᠮ》 ᠲᠠᠢ ᠬᠠᠮᠢᠶᠠᠲᠠᠢ ᠡᠯ᠎ᠠ ᠲᠦᠷᠦᠯ ᠤᠨ ᠲᠡᠤᠬᠡᠨ ᠲᠤᠷᠠᠰᠬᠠᠯᠲᠤ ᠪᠤᠳᠠᠰ ᠢ ᠳᠡᠯᠭᠡᠨ ᠦᠵᠡᠭᠦᠯᠵᠤ᠂ ᠮᠢᠩ ᠂ᠴᠢᠩ ᠬᠦᠷᠦᠨ ᠪᠤᠯᠤᠨ ᠲᠤᠬᠠᠢ ᠶᠢᠨ ᠦᠶ᠎ᠠ ᠶᠢᠨ ᠭᠠᠳᠠᠭᠠᠲᠤ ᠶᠢᠷᠲᠢᠨᠴᠤ ᠲᠠᠢ ᠬᠠᠷᠢᠯᠴᠠᠭ᠎ᠠ ᠰᠤᠯᠢᠯᠴᠠᠭ᠎ᠠ ᠲᠠᠢ ᠪᠠᠶᠢᠭᠰᠠᠨ ᠠᠵᠢᠯᠯᠠᠭ᠎ᠠ ᠶᠢ ᠲᠤᠰᠬᠠᠪᠠ᠃

    ᠤᠶᠢᠯᠠᠭᠠᠭᠰᠠᠨ ᠢᠶᠡᠷ᠂ ᠲᠤᠰ ᠤᠳᠠᠭᠠᠨ ᠤ ᠦᠵᠡᠰᠭᠦᠯᠡᠩ ᠪᠤᠯ  ᠬᠠᠭᠠᠨ ᠤ ᠤᠷᠳᠤᠨ ᠤ ᠬᠦᠷᠢᠶᠡᠯᠡᠩ ᠤᠨ ᠦᠵᠡᠮᠦᠷᠢ ᠶᠢᠨ ᠪᠤᠳᠠᠰ  ᠢ ᠳᠡᠯᠭᠡᠨ ᠦᠵᠡᠭᠦᠯᠬᠦ ᠪᠡᠷ ᠳᠠᠮᠵᠢᠨ《 ᠳᠠᠯᠠᠢ ᠳᠡᠭᠡᠷᠡᠬᠢ ᠲᠤᠷᠭᠠᠨ ᠤ ᠵᠠᠮ》 ᠢ ᠲᠤᠰᠬᠠᠭᠰᠠᠨ ᠠᠩᠬᠠᠳᠠᠭᠴᠢ ᠲᠤᠮᠤ ᠬᠡᠯᠪᠡᠷᠢ ᠶᠢᠨ ᠦᠵᠡᠰᠭᠦᠯᠡᠩ ᠪᠤᠯᠤᠨ᠎ᠠ᠃ ᠦᠵᠡᠰᠭᠦᠯᠡᠩ ᠤᠨ ᠲᠡᠤᠬᠡᠨ ᠲᠤᠷᠠᠰᠬᠠᠯᠲᠤ ᠪᠤᠳᠠᠰ ᠨᠢ ᠭᠤᠤᠯᠳᠠᠭᠤ ᠮᠢᠩ ᠴᠢᠩ ᠬᠦᠷᠦᠨ ᠤ ᠡᠯᠴᠢᠨ ᠰᠠᠶᠢᠳ ᠤᠨ ᠬᠠᠷᠢᠯᠴᠠᠭ᠎ᠠ ᠶᠠᠪᠤᠯᠴᠠᠭᠠᠨ ᠤ ᠪᠡᠯᠡᠭ ᠰᠡᠯᠲᠡ᠂ ᠭᠠᠳᠠᠭᠠᠲᠤ ᠶᠢᠨ ᠱᠠᠰᠢᠨ ᠳᠡᠯᠭᠡᠷᠡᠭᠦᠯᠦᠭᠴᠢ ᠶᠢᠨ ᠠᠪᠴᠢᠷᠠᠭᠰᠠᠨ ᠪᠡᠯᠡᠭ᠂ ᠰᠠᠶᠢᠳ ᠲᠦᠰᠢᠮᠡᠯ ᠤᠨ ᠡᠷᠭᠦᠳᠡᠯ᠂ ᠬᠠᠭᠠᠨ ᠤ ᠤᠷᠳᠤᠨ ᠪᠤᠯᠤᠨ ᠪᠦᠰᠡ ᠨᠤᠲᠤᠭ ᠤᠨ ᠦᠢᠯᠡᠳᠭᠡᠯ ᠤᠨ ᠭᠠᠵᠠᠷ ᠤᠨ ᠬᠢᠨ ᠬᠠᠭᠠᠨ ᠤ ᠵᠠᠷᠯᠢᠭ ᠢᠶᠡᠷ ᠬᠠᠷᠢ ᠶᠢᠨ ᠪᠠᠷᠠᠭ᠎ᠠ ᠶᠢ ᠳᠠᠭᠤᠷᠢᠶᠠᠨ ᠵᠤᠬᠢᠶᠠᠭᠰᠠᠨ ᠪᠤᠳᠠᠰ ᠵᠡᠷᠭᠡ ᠪᠤᠢ᠃

    ᠦᠵᠡᠰᠭᠦᠯᠡᠩ ᠨᠢ 9 ᠤ ᠡᠳᠦᠷ ᠡᠴᠡ ᠡᠬᠢᠯᠡᠨ ᠵᠢᠩᠬᠢᠨᠢ ᠪᠡᠷ ᠢᠷᠭᠡᠳ ᠲᠤ ᠨᠡᠭᠡᠭᠡᠯᠲᠡ ᠬᠢᠵᠤ᠂ 7 ᠰᠠᠷ᠎ᠠ ᠶᠢᠨ 8 ᠤ ᠡᠳᠦᠷ ᠦᠨᠳᠦᠷᠯᠡᠨ᠎ᠡ᠃ ᠦᠵᠡᠭᠴᠢᠳ ᠬᠠᠭᠠᠨ ᠤ ᠤᠷᠳᠤᠨ ᠤ ᠮᠦᠽᠸᠢ ᠶᠢᠨ ᠪᠢᠯᠸᠲ ᠢᠶᠡᠷ ᠦᠵᠡᠰᠭᠦᠯᠡᠩ ᠢ ᠰᠤᠨᠢᠷᠬᠠᠵᠤ ᠪᠤᠯᠤᠨ᠎ᠠ᠃

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠬᠡᠦᠬᠡᠨᠰᠤᠯᠢ

ᠨᠡᠶᠢᠬᠡᠮ ᠠᠬᠤᠢ

ᠰᠣᠶᠤᠯ ᠤᠷᠠᠯᠢᠭ

  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
  • ᠴᠢᠩᠬᠢᠰ ᠬᠠᠭᠠᠨ ᠤ ᠴᠠᠭᠠᠨ ᠰᠦᠷᠦᠭ ᠤᠨ ᠶᠡᠭᠡ ᠳᠠᠶᠢᠯᠭ᠎ᠠ ᠶᠠᠪᠤᠭᠳᠠᠪᠠ
  • ᠤᠷᠠᠨ ᠤᠨᠭᠰᠢᠯᠭ᠎ᠠ ᠶᠢᠨ ᠦᠷᠦᠭᠡ ᠨᠢ ᠬᠦᠮᠦᠰ ᠤᠨ ᠬᠦᠷᠢᠶᠡᠯᠡᠯ ᠢ ᠤᠯᠪᠠ
  • 《ᠤᠮᠠᠷᠠᠲᠤ ᠬᠢᠯᠢ ᠶᠢᠨ ᠢᠷᠠᠭᠤ ᠡᠭᠡᠰᠢᠭ᠌ 》 ᠦᠨᠳᠦᠰᠦᠲᠡᠨ ᠤ ᠤᠷᠰᠺᠧᠲ᠋ᠷᠠ ᠬᠦᠭ᠍ᠵᠢᠮ ᠤᠨ ᠦᠳᠡᠰᠢᠯᠡᠭᠡ ᠬᠦᠬᠡᠬᠤᠲᠠ ᠳᠤ ᠪᠤᠯᠪᠠ
关闭
010070230030000000000000011100001120942222