蒙古文网站Logo
ᠰᠢᠨᠬᠤᠸᠠ ᠮᠤᠩᠭ᠋ᠤᠯ ᠨᠧᠲ

ᠦᠪᠦᠷ ᠮᠣᠩᠭᠣᠯ ᠬᠦᠳᠡᠭᠡ ᠤᠷᠤᠨ ᠨᠤᠲᠤᠭ ᠤᠨ ᠠᠭᠤᠷᠤᠬ ᠬᠡᠤᠬᠡᠳ ᠢ ᠬᠠᠯᠠᠮᠵᠢᠯᠠᠬᠤ ᠲᠤᠰᠬᠠᠢ ᠵᠦᠢᠯ ᠤᠨ ᠠᠵᠢᠯᠯᠠᠭ᠎ᠠ ᠶᠠᠪᠤᠭᠤᠯᠪᠠ

2017-05-11 17:18

    ᠦᠴᠦᠭᠡᠳᠦᠷ᠂ ᠰᠤᠷᠪᠤᠯᠵᠢᠯᠠᠭᠴᠢ ᠦᠪᠦᠷ ᠮᠣᠩᠭᠣᠯ ᠤᠨ ᠦᠪᠡᠷᠲᠡᠭᠡᠨ ᠵᠠᠰᠠᠬᠤ ᠤᠷᠤᠨ ᠤ ᠡᠷᠭᠦᠯ ᠬᠠᠮᠠᠭᠠᠯᠠᠯ ᠬᠢᠭᠡᠳ ᠲᠦᠯᠦᠪᠯᠡᠭᠡᠲᠤ ᠦᠷᠡᠵᠢᠯ ᠤᠨ ᠵᠦᠪᠯᠡᠯ᠂ ᠦᠪᠦᠷ ᠮᠣᠩᠭᠣᠯ ᠤᠨ ᠦᠪᠡᠷᠲᠡᠭᠡᠨ ᠵᠠᠰᠠᠬᠤ ᠤᠷᠤᠨ ᠤ ᠢᠷᠭᠡᠨ ᠤ ᠶᠠᠪᠤᠳᠠᠯ ᠤᠨ ᠲᠢᠩᠬᠢᠮ᠂ ᠲᠤᠳᠤᠭᠠᠲᠤ ᠶᠢ ᠬᠠᠮᠠᠭᠠᠯᠠᠬᠤ ᠲᠢᠩᠬᠢᠮ᠂ ᠨᠠᠶᠢᠭᠡᠮ ᠤᠨ ᠠᠮᠤᠷ ᠲᠦᠪᠰᠢᠨ ᠢ ᠶᠡᠷᠦᠩᠬᠡᠶᠢᠯᠡᠨ ᠵᠠᠰᠠᠬᠤ ᠵᠦᠪᠯᠡᠯ ᠤᠨ ᠠᠯᠪᠠᠨ ᠭᠡᠷ᠂ ᠡᠷᠡᠭᠦᠯ ᠬᠠᠮᠠᠭᠠᠯᠠᠯ ᠬᠢᠭᠡᠳ ᠲᠦᠯᠦᠪᠯᠡᠭᠡᠲᠤ ᠦᠷᠡᠵᠢᠯ ᠤᠨ ᠵᠦᠪᠯᠡᠯ ᠵᠡᠷᠭᠡ ᠰᠠᠯᠠᠭ᠎ᠠ ᠮᠦᠴᠢᠷ ᠬᠠᠮᠲᠤᠷᠠᠨ ᠤᠷᠤᠨ ᠳᠠᠶᠠᠭᠠᠷ ᠤᠨ ᠬᠡᠪᠴᠢᠶᠡᠨ ᠳᠤ ᠬᠦᠳᠡᠭᠡ ᠤᠷᠤᠨ ᠨᠤᠲᠤᠭ ᠤᠨ ᠠᠭᠤᠷᠤᠬ ᠬᠡᠤᠬᠡᠳ ᠢ 《 ᠬᠦᠴᠦ ᠪᠡᠨ ᠬᠠᠮᠳᠤᠳᠬᠠᠨ ᠠᠰᠠᠷᠠᠨ ᠬᠠᠮᠠᠭᠠᠯᠠᠵᠤ᠂ ᠨᠠᠢᠢᠵᠠᠯᠴᠠᠨ ᠦᠰᠦᠨ ᠪᠤᠶᠢᠵᠢᠬᠤ》 ᠬᠡᠮᠡᠬᠦ ᠬᠠᠯᠠᠮᠵᠢᠯᠠᠨ ᠬᠠᠮᠠᠭᠠᠯᠠᠬᠤ ᠲᠤᠰᠬᠠᠢ ᠵᠦᠢᠯ ᠤᠨ ᠠᠵᠢᠯᠯᠠᠭ᠎ᠠ ᠶᠠᠪᠤᠭᠤᠯᠪᠠ᠃ ᠦᠨᠦ ᠵᠢᠯ ᠤᠨ ᠡᠴᠤᠰ ᠪᠤᠯᠲᠠᠯ᠎ᠠ᠂ ᠪᠦᠬᠦᠶᠢᠯᠡ ᠬᠦᠳᠡᠭᠡ ᠤᠷᠤᠨ ᠨᠤᠲᠤᠭ ᠤᠨ ᠠᠭᠤᠷᠤᠬ ᠬᠡᠤᠬᠡᠳ ᠢ ᠬᠦᠴᠦᠨ ᠲᠠᠢ ᠠᠰᠠᠷᠠᠨ ᠬᠠᠮᠠᠭᠠᠯᠠᠬᠤ ᠬᠦᠷᠢᠶ᠎ᠠ ᠴᠠᠷ᠎ᠠ ᠳᠤ ᠤᠷᠤᠭᠤᠯᠵᠤ᠂ ᠬᠦᠳᠡᠭᠡ ᠤᠷᠤᠨ ᠨᠤᠲᠤᠭ ᠤᠨ ᠠᠭᠤᠷᠤᠬ ᠬᠡᠤᠬᠡᠳ ᠢ ᠠᠰᠠᠷᠠᠨ ᠬᠠᠷᠠᠭᠠᠯᠵᠠᠬᠤ ᠬᠦᠮᠦᠨ ᠦᠭᠡᠢ ᠪᠠᠶᠢᠳᠠᠯ ᠢ ᠦᠭᠡᠶᠢᠰᠭᠡᠬᠦ ᠪᠡᠷ ᠪᠤᠢ᠃

    ᠶᠠᠭ ᠠᠰᠠᠷᠠᠨ ᠬᠠᠷᠠᠭᠠᠯᠵᠠᠯ ᠬᠦᠷᠲᠡᠬᠦ ᠱᠠᠲᠤᠨ ᠳᠤ᠂ ᠡᠴᠢᠭᠡ ᠡᠬᠡ ᠶᠢᠨ ᠬᠢᠨᠢ ᠨᠢᠭᠡ ᠨᠢ ᠭᠠᠳᠠᠭᠰᠢ ᠭᠠᠷᠴᠤ ᠦᠯᠡᠳᠡᠭᠰᠡᠨ ᠨᠢᠭᠡ ᠨᠢ ᠠᠰᠠᠷᠠᠨ ᠬᠠᠮᠠᠭᠠᠯᠠᠬᠤ ᠴᠢᠳᠠᠪᠤᠷᠢ ᠦᠭᠡᠢ ᠪᠦᠭᠡᠳ ᠭᠠᠳᠠᠬᠰᠢ ᠭᠠᠷᠤᠬᠰᠠᠨ ᠡᠴᠢᠭᠡ ᠡᠭᠡ ᠲᠠᠢ ᠨᠢ ᠬᠤᠯᠪᠤᠭ᠎ᠠ ᠠᠪᠴᠦ ᠲᠡᠢᠢᠯᠬᠦ ᠦᠭᠡᠢ ᠪᠠᠶᠢᠳᠠᠯ ᠳ᠋ᠦ ᠲᠤᠳᠤᠭᠠᠲᠤ ᠶᠢ ᠬᠠᠮᠠᠭᠠᠯᠠᠬᠤ ᠪᠠᠶᠢᠭᠤᠯᠤᠯᠭ᠎ᠠ ᠡᠴᠡ ᠬᠡᠤᠬᠡᠳ ᠢ ᠦᠢᠷ᠎ᠠ ᠲᠦᠷᠦᠯ᠂ ᠭᠠᠴᠠᠭ᠎ᠠ ᠲᠤᠰᠬᠤᠨ ᠤ ᠢᠷᠭᠡᠨ ᠤ ᠵᠦᠪᠯᠡᠯ ᠪᠤᠶᠤ ᠠᠪᠤᠷᠠᠨ ᠲᠤᠰᠠᠯᠠᠬᠤ ᠬᠠᠮᠢᠶᠠᠷᠤᠯᠲᠠ ᠶᠢᠨ ᠪᠠᠶᠢᠭᠤᠯᠤᠮᠵᠢ᠂ ᠠᠰᠠᠷᠠᠮᠵᠢ ᠶᠢᠨ ᠪᠠᠶᠢᠭᠤᠯᠤᠯᠭ᠎ᠠ ᠳᠤ ᠬᠦᠷᠭᠡᠵᠤ ᠲᠦᠷ ᠴᠠᠭ ᠠᠰᠠᠷᠠᠨ ᠬᠠᠷᠠᠭᠠᠯᠵᠠᠭᠤᠯᠤᠨ᠎ᠠ᠃ ᠡᠯ᠎ᠠ ᠵᠦᠢᠯ ᠤᠨ ᠬᠠᠷᠢᠯᠴᠠᠬᠤ ᠠᠷᠭ᠎ᠠ ᠬᠡᠮᠵᠢᠶ᠎ᠠ ᠠᠪᠴᠤ ᠠᠭᠤᠷᠤᠬ ᠬᠡᠤᠬᠡᠳ ᠤᠨ ᠡᠴᠢᠭᠡ ᠡᠬᠡ ᠲᠠᠢ ᠬᠠᠷᠢᠯᠴᠠᠵᠤ ᠪᠠᠶᠢᠳᠠᠯ ᠢ ᠮᠡᠳᠡᠭᠳᠡᠨ᠎ᠠ᠃ ᠦᠪᠦᠷ ᠮᠣᠩᠭᠣᠯ ᠤᠨ ᠦᠪᠡᠷᠲᠡᠭᠡᠨ ᠵᠠᠰᠠᠬᠤ ᠤᠷᠤᠨ ᠤ ᠬᠠᠮᠢᠶ᠎ᠠ ᠪᠦᠬᠦᠢ ᠰᠠᠯᠠᠭ᠎ᠠ ᠮᠦᠴᠢᠷ ᠬᠠᠤᠯᠢ ᠶᠤᠰᠤᠭᠠᠷ ᠠᠷᠭ᠎ᠠ ᠬᠡᠮᠵᠢᠶ᠎ᠠ ᠠᠪᠴᠤ ᠲᠤᠬᠢᠷᠠᠬᠤ ᠨᠠᠰᠤᠨ ᠤ ᠰᠤᠷᠭᠠᠭᠤᠯᠢ ᠡᠴᠡ ᠲᠤᠷᠭᠤᠨ ᠵᠤᠬᠰᠤᠬᠰᠠᠨ ᠠᠭᠤᠷᠤᠬ ᠬᠡᠤᠬᠡᠳ ᠢ ᠰᠤᠷᠭᠠᠭᠤᠯᠢ ᠳᠤ ᠨᠢ ᠪᠤᠴᠠᠭᠠᠨ᠎ᠠ᠃ ᠪᠡᠶ᠎ᠠ ᠲᠠᠭᠠᠭᠠᠨ ᠠᠮᠢᠳᠤᠷᠠᠬᠤ ᠴᠢᠳᠠᠪᠤᠷᠢ ᠦᠭᠡᠢ ᠠᠭᠤᠷᠤᠬ ᠬᠡᠤᠬᠡᠳ ᠢ ᠤᠷᠬᠢᠵᠤ ᠬᠠᠶᠠᠭᠰᠠᠨ ᠠᠰᠠᠷᠠᠨ ᠬᠠᠮᠠᠭᠠᠯᠠᠭᠴᠢ ᠢᠢ ᠳᠤᠲᠤᠭᠠᠲᠤ ᠶᠢ ᠬᠠᠮᠠᠭᠠᠯᠠᠬᠤ ᠪᠠᠶᠢᠭᠤᠯᠤᠯᠭ᠎ᠠ ᠬᠠᠤᠯᠢ ᠶᠤᠰᠤᠭᠠᠷ ᠠᠮᠤᠷ ᠢ ᠬᠠᠮᠠᠭᠠᠯᠠᠬᠤ ᠬᠠᠮᠢᠶᠠᠷᠤᠯᠲᠠ ᠶᠢᠨ ᠰᠢᠳᠭᠡᠯ ᠤᠯᠭᠤᠨ᠎ᠠ᠃ ᠦᠢᠯᠡ ᠠᠵᠢᠯᠯᠠᠭ᠎ᠠ ᠨᠢ ᠬᠦᠩᠭᠡᠨ ᠪᠠᠶᠢᠳᠠᠯ ᠳᠤ ᠠᠮᠤᠷ ᠢ ᠬᠠᠮᠠᠭᠠᠯᠠᠬᠤ ᠬᠠᠮᠢᠶᠠᠷᠤᠯᠲᠠ ᠶᠢᠨ ᠰᠢᠳᠭᠡᠯ ᠤᠯᠭᠤᠬᠤ ᠦᠭᠡᠢ ᠪᠤᠯᠪᠠᠴᠤ ᠰᠢᠭᠦᠮᠵᠢᠯᠡᠨ ᠰᠤᠷᠭᠠᠬᠤ ᠶᠢᠨ ᠳᠠᠭᠠᠤ ᠲᠤᠬᠠᠢ ᠶᠢᠨ ᠪᠦᠰᠡ ᠨᠤᠲᠤᠭ ᠤᠨ ᠭᠠᠴᠠᠭ᠎ᠠ ᠲᠤᠰᠬᠤᠨ ᠤ ᠢᠷᠭᠡᠳ ᠤᠨ ᠵᠦᠪᠯᠡᠯ ᠳᠤ ᠮᠡᠳᠡᠭᠳᠡᠨ᠎ᠠ᠃ ᠡᠬᠡ ᠡᠴᠢᠭᠡ ᠪᠤᠯᠤᠨ ᠪᠤᠰᠤᠳ ᠠᠰᠠᠷᠠᠨ ᠬᠠᠮᠠᠭᠠᠯᠠᠭᠴᠢ ᠠᠭᠤᠷᠤᠬ ᠬᠡᠤᠬᠡᠳ ᠢ ᠤᠷᠳᠤ ᠬᠤᠭᠤᠴᠠᠭ᠎ᠠ ᠪᠡᠷ ᠬᠠᠷᠠᠭᠠᠯᠵᠠᠨ ᠲᠤᠳᠤᠮᠳᠠᠬᠤ ᠦᠭᠡᠢ᠂ ᠠᠮᠢᠳᠤᠷᠠᠯ ᠤᠨ ᠬᠡᠷᠡᠭᠴᠡᠭᠡᠨ ᠤ ᠢᠷᠡᠯᠲᠠ ᠶᠢ ᠬᠠᠩᠭ᠋ᠠᠬᠤ ᠦᠭᠡᠢ ᠪᠤᠶᠤ ᠤᠷᠬᠢᠵᠤ ᠬᠠᠶᠠᠭᠰᠠᠨ ᠡᠴᠡ ᠪᠤᠯᠵᠤ ᠬᠡᠤᠬᠡᠳ ᠤᠨ ᠪᠡᠶ᠎ᠠ ᠰᠡᠳᠬᠢᠴᠡ ᠬᠦᠨᠲᠤ ᠨᠤᠴᠢᠲᠠᠢ ᠬᠡᠮᠳᠦᠭᠰᠡᠨ ᠡᠰᠡᠭᠦᠯ᠎ᠠ ᠪᠤᠰᠤᠳ ᠬᠦᠨᠲᠤ ᠨᠤᠴᠢᠲᠠᠢ ᠦᠷ᠎ᠠ ᠳ᠋ᠦᠩ ᠭᠠᠷᠤᠭᠰᠠᠨ ᠪᠤᠯ ᠤᠷᠬᠢᠵᠤ ᠬᠠᠶᠠᠭᠰᠠᠨ ᠶᠠᠯ᠎ᠠ ᠳᠤ ᠬᠤᠯᠪᠤᠭᠳᠠᠵᠤ ᠳᠤᠲᠤᠭᠠᠲᠤ ᠶᠢ ᠬᠠᠮᠠᠭᠠᠯᠠᠬᠤ ᠪᠠᠶᠢᠭᠤᠯᠤᠯᠭ᠎ᠠ᠂ ᠪᠠᠶᠢᠴᠠᠭᠠᠬᠤ ᠪᠠᠶᠢᠭᠤᠯᠤᠯᠭ᠎ᠠ᠂ ᠰᠢᠭᠦᠬᠦ ᠬᠤᠷᠢᠶ᠎ᠠ ᠡᠴᠡ ᠬᠠᠮᠢᠶ᠎ᠠ ᠪᠦᠬᠦᠢ ᠳᠦᠷᠢᠮ ᠲᠤᠭᠲᠠᠭᠠᠯ᠂ ᠬᠠᠤᠯᠢ ᠶᠤᠰᠤᠭᠠᠷ ᠮᠦᠷᠳᠡᠨ ᠪᠠᠶᠢᠴᠠᠭᠠᠯᠲᠠ ᠬᠢᠵᠤ᠂ ᠬᠢᠨᠠᠨ ᠪᠠᠶᠢᠴᠠᠭᠠᠵᠤ ᠪᠠᠷᠢᠪᠴᠢᠯᠠᠨ᠂ ᠬᠢᠨᠠᠨ ᠪᠠᠷᠢᠪᠴᠢᠯᠠᠬᠤ ᠪᠤᠯᠤᠨ ᠰᠢᠭᠦᠨ ᠲᠠᠰᠤᠯᠠᠬᠤ ᠡᠭᠦᠷᠭᠡ ᠪᠡᠨ ᠭᠦᠢᠴᠡᠳᠭᠡᠵᠤ ᠰᠢᠳᠭᠡᠯ ᠤᠯᠭᠤᠨ᠎ᠠ᠃

ᠢᠷᠡᠯᠳᠡ᠄ ᠬᠦᠬᠡᠬᠤᠲᠠ ᠶᠢᠨ ᠡᠳᠦᠷ ᠤᠨ ᠰᠤᠨᠢᠨ ᠪᠡᠯᠡᠳᠭᠡᠭ᠍ᠰᠡᠨ ᠨᠢ᠄ ᠬᠡᠦᠬᠡᠨᠰᠤᠯᠢ

ᠨᠡᠶᠢᠬᠡᠮ ᠠᠬᠤᠢ

ᠰᠣᠶᠤᠯ ᠤᠷᠠᠯᠢᠭ

  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
  • ᠴᠢᠩᠬᠢᠰ ᠬᠠᠭᠠᠨ ᠤ ᠴᠠᠭᠠᠨ ᠰᠦᠷᠦᠭ ᠤᠨ ᠶᠡᠭᠡ ᠳᠠᠶᠢᠯᠭ᠎ᠠ ᠶᠠᠪᠤᠭᠳᠠᠪᠠ
  • ᠤᠷᠠᠨ ᠤᠨᠭᠰᠢᠯᠭ᠎ᠠ ᠶᠢᠨ ᠦᠷᠦᠭᠡ ᠨᠢ ᠬᠦᠮᠦᠰ ᠤᠨ ᠬᠦᠷᠢᠶᠡᠯᠡᠯ ᠢ ᠤᠯᠪᠠ
  • 《ᠤᠮᠠᠷᠠᠲᠤ ᠬᠢᠯᠢ ᠶᠢᠨ ᠢᠷᠠᠭᠤ ᠡᠭᠡᠰᠢᠭ᠌ 》 ᠦᠨᠳᠦᠰᠦᠲᠡᠨ ᠤ ᠤᠷᠰᠺᠧᠲ᠋ᠷᠠ ᠬᠦᠭ᠍ᠵᠢᠮ ᠤᠨ ᠦᠳᠡᠰᠢᠯᠡᠭᠡ ᠬᠦᠬᠡᠬᠤᠲᠠ ᠳᠤ ᠪᠤᠯᠪᠠ
关闭
010070230030000000000000011100001120957410