蒙古文网站Logo
ᠰᠢᠨᠬᠤᠸᠠ ᠮᠤᠩᠭ᠋ᠤᠯ ᠨᠧᠲ

ᠬᠦᠬᠡᠬᠤᠲᠠ ᠶᠢᠨ ᠬᠤᠷᠳᠤᠨ ᠤ ᠠᠦ᠋ᠲ᠋ᠤᠪᠦ᠋ᠰ ᠲᠤ ᠲᠤᠮᠳᠠ ᠬᠡᠯᠪᠡᠷᠢ ᠶᠢᠨ ᠪᠢᠽᠨ᠋ᠸᠰ ᠵᠢᠭᠤᠯᠴᠢᠯᠠᠯ ᠤᠨ ᠠᠶᠠᠨᠴᠢᠨ ᠤ ᠮᠠᠰᠢᠨ ᠬᠡᠷᠡᠭᠯᠡᠬᠦ ᠪᠡᠷ ᠪᠤᠢ

2017-05-26 09:56

    ᠰᠤᠷᠪᠤᠯᠵᠢᠯᠠᠭᠴᠢ ᠬᠦᠬᠡᠬᠤᠲᠠ ᠶᠢᠨ ᠠᠦ᠋ᠲ᠋ᠤᠪᠦ᠋ᠰ ᠤᠨ ᠶᠡᠷᠦᠩᠬᠡᠢ ᠺᠤᠮᠫᠠᠨᠢ ᠡᠴᠡ ᠤᠶᠢᠯᠠᠭᠠᠭᠰᠠᠨ ᠢᠶᠡᠷ᠂ ᠡᠮᠦᠨ᠎ᠠ ᠬᠤᠭᠤᠴᠠᠭᠠᠨ ᠤ ᠲᠤᠷᠰᠢᠨ ᠬᠡᠷᠡᠭᠯᠡᠯᠲᠡ ᠪᠡᠷ ᠳᠠᠮᠵᠢᠨ᠂ ᠬᠦᠬᠡᠬᠤᠲᠠ ᠶᠢᠨ ᠬᠤᠷᠳᠤᠨ ᠤ ᠠᠦ᠋ᠲ᠋ᠤᠪᠦ᠋ᠰ ᠤᠨ ᠪᠤᠲᠠᠲᠠᠢ ᠪᠠᠶᠢᠳᠠᠯ ᠢ ᠦᠨᠳᠦᠰᠦᠯᠡᠵᠤ ᠪᠠᠭ᠎ᠠ ᠲᠤᠬᠢᠷᠠᠭᠤᠯᠤᠯᠲᠠ ᠬᠢᠬᠦ ᠪᠡᠷ ᠪᠤᠢ᠃

    ᠲᠠᠨᠢᠯᠴᠠᠭᠤᠯᠤᠭᠰᠠᠨ ᠢᠶᠡᠷ᠂ ᠬᠠᠮᠢᠶ᠎ᠠ ᠪᠦᠬᠦᠢ ᠲᠤᠰᠬᠠᠢ ᠮᠡᠷᠭᠡᠵᠢᠯᠲᠡ ᠤ ᠪᠠᠲᠤᠯᠠᠯᠳᠠ ᠪᠤᠯᠤᠨ ᠠᠶᠤᠯᠭᠦᠢ ᠶᠢᠨ ᠦᠨᠡᠯᠡᠯᠭᠡ ᠪᠡᠷ ᠳᠠᠮᠵᠢᠨ᠂ ᠤᠤᠯ ᠤᠨ BRT ᠮᠠᠰᠢᠨ ᠤᠷᠳᠤ ᠪᠤᠯᠬᠤᠷ ᠡᠵᠡᠮᠳᠡᠬᠦ ᠳᠤ ᠪᠡᠷᠬᠡ᠂ ᠠᠮᠤᠷ ᠲᠦᠪᠰᠢᠨ ᠪᠤᠰᠤ ᠲᠤᠯᠠ ᠦᠬᠡᠷ᠎ᠠ ᠮᠠᠰᠢᠨ ᠢᠶᠡᠷ ᠰᠤᠯᠢᠬᠤ ᠶᠢ ᠰᠠᠨᠠᠭᠠᠴᠢᠯᠠᠪᠠ᠃ ᠡᠶᠢᠮᠤ ᠡᠴᠡ ᠬᠤᠲᠠ ᠶᠢᠨ ᠠᠦ᠋ᠲ᠋ᠤᠪᠦ᠋ᠰ ᠤᠨ ᠶᠡᠷᠦᠩᠬᠡᠢ ᠲᠤᠪᠴᠢᠶ᠎ᠠ ᠡᠴᠡ ᠤᠤᠯ ᠤᠨ 12 ᠮᠸᠲ᠋ᠷ ᠤᠷᠳᠤ ᠴᠤᠯ ᠴᠠᠬᠢᠯᠭᠠᠨ ᠬᠦᠳᠡᠯᠭᠡᠭᠦᠷᠲᠤ ᠠᠦ᠋ᠲ᠋ᠤᠪᠦ᠋ᠰ ᠢ ᠲᠤᠮᠳᠠ ᠬᠡᠯᠪᠡᠷᠢ ᠶᠢᠨ ᠪᠢᠽᠨ᠋ᠸᠰ ᠵᠢᠭᠤᠯᠴᠢᠯᠠᠯ ᠤᠨ ᠠᠶᠠᠨᠴᠢᠨ ᠤ ᠮᠠᠰᠢᠨ ᠢᠶᠡᠷ ᠰᠤᠯᠢᠬᠤ ᠪᠡᠷ ᠪᠤᠢ᠂ ᠲᠤᠰ ᠮᠠᠰᠢᠨ ᠤ ᠤᠷᠳᠤ ᠨᠢ 6 ᠮᠸᠲ᠋ᠷ᠂ ᠦᠷᠭᠡᠨ ᠨᠢ 2 ᠮᠸᠲ᠋ᠷ᠂ 15 ᠰᠠᠭᠤᠳᠠᠯ ᠲᠠᠢ᠂ ᠠᠵᠢᠯᠯᠠᠭᠤᠯᠬᠤ ᠳᠤ ᠲᠦᠭᠦᠮ᠂ ᠬᠤᠷᠳᠤᠨ ᠤ ᠵᠠᠮ ᠳᠡᠭᠡᠷ᠎ᠠ ᠠᠶᠠᠯᠠᠬᠤ ᠳᠤ ᠲᠤᠬᠢᠷᠠᠮᠵᠢᠲᠠᠢ᠃ ᠡᠭᠦᠨ ᠤ ᠬᠠᠮᠲᠤ᠂ ᠤᠤᠯ ᠤᠨ BRT ᠨᠢᠭᠡᠳᠤᠭᠡᠷ ᠨᠤᠮᠸᠷᠲᠤ ᠱᠤᠭᠤᠮ᠂ BRT ᠬᠤᠶᠠᠳᠤᠭᠠᠷ ᠨᠤᠮᠸᠷᠲᠤ ᠱᠤᠭᠤᠮ ᠢ ᠬᠤᠶᠠᠳᠤᠭᠠᠷ ᠲᠤᠭᠤᠷᠢᠭ ᠤᠨ ᠬᠤᠷᠳᠤᠨ ᠤ ᠨᠢᠭᠡᠳᠦᠭᠡᠷ ᠱᠤᠭᠤᠮ᠂ ᠬᠤᠶᠠᠳᠤᠭᠠᠷ ᠲᠤᠭᠤᠷᠢᠭ ᠤᠨ ᠬᠤᠷᠳᠤᠨ ᠤ ᠬᠤᠶᠠᠳᠤᠭᠠᠷ ᠱᠤᠭᠤᠮ ᠭᠡᠵᠤ ᠬᠠᠯᠠᠨ ᠨᠡᠷᠡᠶᠢᠳᠤᠨ᠎ᠠ᠃ ᠱᠤᠭᠤᠮ ᠤᠨ ᠤᠷᠳᠤ᠂ ᠵᠤᠭᠰᠤᠬᠤ ᠦᠷᠲᠡᠭᠡ ᠨᠢ ᠤᠳᠤᠬᠠᠨ ᠳᠤ ᠪᠡᠨ ᠬᠤᠪᠢᠷᠠᠯᠲᠠ ᠦᠭᠡᠢ᠂ ᠲᠠᠰᠤᠯᠪᠤᠷᠢ ᠶᠢᠨ ᠦᠨ᠎ᠠ ᠨᠢ 2 ᠲᠦᠬᠦᠷᠢᠭ᠌᠂ ᠠᠶᠠᠨᠴᠢᠳ ᠤᠨ ᠤᠤᠯ ᠤᠨ ᠭᠡᠷᠡᠴᠢ ᠪᠤᠯᠤᠨ ᠠᠦ᠋ᠲ᠋ᠤᠪᠦ᠋ᠰ ᠤᠨ ᠺᠠᠷᠲ ᠲᠤᠰ ᠱᠤᠭᠤᠮ ᠳ᠋ᠦ ᠪᠦᠬᠦᠨ ᠢᠶᠡᠷ ᠢᠶᠡᠨ ᠬᠦᠴᠦᠨ ᠦᠭᠡᠢ᠃

ᠢᠷᠡᠯᠳᠡ᠄ ᠬᠦᠬᠡᠬᠤᠲᠠ ᠶᠢᠨ ᠡᠳᠦᠷ ᠤᠨ ᠰᠤᠨᠢᠨ ᠪᠡᠯᠡᠳᠭᠡᠭ᠍ᠰᠡᠨ ᠨᠢ᠄ ᠬᠡᠦᠬᠡᠨᠰᠤᠯᠢ

ᠨᠡᠶᠢᠬᠡᠮ ᠠᠬᠤᠢ

ᠰᠣᠶᠤᠯ ᠤᠷᠠᠯᠢᠭ

  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
  • ᠴᠢᠩᠬᠢᠰ ᠬᠠᠭᠠᠨ ᠤ ᠴᠠᠭᠠᠨ ᠰᠦᠷᠦᠭ ᠤᠨ ᠶᠡᠭᠡ ᠳᠠᠶᠢᠯᠭ᠎ᠠ ᠶᠠᠪᠤᠭᠳᠠᠪᠠ
  • ᠤᠷᠠᠨ ᠤᠨᠭᠰᠢᠯᠭ᠎ᠠ ᠶᠢᠨ ᠦᠷᠦᠭᠡ ᠨᠢ ᠬᠦᠮᠦᠰ ᠤᠨ ᠬᠦᠷᠢᠶᠡᠯᠡᠯ ᠢ ᠤᠯᠪᠠ
关闭
010070230030000000000000011100001121040308