蒙古文网站Logo
ᠰᠢᠨᠬᠤᠸᠠ ᠮᠤᠩᠭ᠋ᠤᠯ ᠨᠧᠲ

ᠵᠢᠯ ᠤᠨ ᠰᠡᠬᠦᠯᠴᠢ ᠪᠤᠯᠳᠠᠯ᠎ᠠ ᠦᠪᠦᠷ ᠮᠣᠩᠭᠣᠯ ETC ᠰᠢᠰᠲ᠋ᠸᠮ ᠢ ᠬᠤᠷᠳᠤᠨ ᠤ ᠵᠠᠮ ᠳ᠋ᠤ ᠭᠡᠷᠡᠭᠯᠡᠬᠦ ᠪᠡᠷ ᠪᠠᠢᠢᠨ᠎ᠠ

2017-06-13 11:11

    ᠦᠪᠡᠷᠳᠡᠬᠡᠨ ᠵᠠᠰᠠᠬᠤ ᠤᠷᠤᠨ ᠤ ᠬᠤᠷᠳᠤᠨ ᠤ ᠵᠠᠮ ᠤᠨ ᠲ᠋ᠤᠤᠷ᠋ ᠢ ᠨᠡᠪᠲᠡᠷᠡᠬᠦᠯᠬᠦ ᠲᠦᠯᠦᠪᠦᠷᠢ ᠬᠤᠷᠢᠶᠠᠵᠦ ᠳ᠋ᠦᠩᠨᠡᠨ ᠪᠤᠳᠤᠬᠤ ᠬᠠᠮᠢᠶᠠᠷᠤᠯᠳᠠ ᠦᠢᠯᠡᠴᠢᠯᠡᠬᠡᠨ ᠤ ᠲᠦᠪ ᠡᠨᠡ ᠵᠢᠯ ᠤᠨ ᠰᠡᠭᠦᠯᠴᠢ ᠪᠤᠯᠳᠠᠯ᠎ᠠ ᠵᠡᠬᠦᠨ ᠬᠡᠰᠡᠭ ᠤᠨ ᠪᠦᠰᠡ ᠨᠤᠲᠤᠭ ᠤᠨ ᠬᠤᠷᠳᠤᠨ ᠤ ᠵᠠᠮ ᠤᠨ ᠲ᠋ᠤᠤᠷ᠋ ᠢ ᠨᠡᠪᠲᠡᠷᠡᠬᠦᠯᠬᠦ ᠶᠢᠨ ᠤᠯᠠᠮ ᠵᠢᠡᠷ᠋ ᠡᠨᠡ ᠵᠢᠯ ᠤᠨ ᠰᠡᠬᠦᠯᠴᠢ ᠪᠤᠯᠳᠠᠯ᠎ᠠ ETC ᠰᠢᠰᠲ᠋ᠸᠮ ᠢ ᠦᠪᠦᠷ ᠮᠣᠩᠭᠣᠯ ᠤᠨ ᠪᠦᠬᠦ ᠬᠤᠷᠳᠤᠨ ᠤ ᠵᠠᠮ ᠳ᠋ᠤ ᠬᠡᠷᠡᠭᠯᠡᠬᠦ ᠪᠡᠷ᠋ ᠪᠠᠢᠢᠨ᠎ᠠ᠃

    ᠤᠢᠢᠯᠠᠭᠠᠬᠰᠠᠨ ᠢᠶᠡᠷ᠂ 2015 ᠤᠨ ᠤ 9 ᠰᠠᠷ᠎ᠠ ᠳ᠋ᠤ ᠮᠠᠨ ᠤ ᠤᠷᠤᠨ ᠤ ᠲ᠋ᠤᠮᠳᠠ ᠪᠠᠷᠠᠭᠤᠨ ᠬᠡᠰᠡᠭ ᠤᠨ ᠪᠦᠰᠡ ᠨᠤᠲᠤᠭ ᠤᠨ ᠬᠤᠷᠳᠤᠨ ᠤ ᠵᠠᠮ ᠤᠨ ETC ᠰᠢᠰᠲ᠋ᠸᠮ ᠢ ᠵᠢᠩᠬᠢᠨᠢ ᠪᠡᠷ᠋ ᠤᠯᠤᠰ ᠳᠠᠶᠠᠭᠠᠷ ᠤᠨ ᠬᠤᠷᠳᠤᠨ ᠤ ᠵᠠᠮ ᠤᠨ ᠲ᠋ᠤᠤᠷ᠋ ᠲ᠋ᠤ ᠨᠡᠢᠢᠯᠡᠭᠦᠯᠵᠦ ᠠᠰᠢᠬᠯᠠᠯᠳᠠ ᠳ᠋ᠤ ᠤᠷᠤᠭᠤᠯᠪᠠ᠃《ᠨᠢᠬᠡᠳᠦᠯᠳᠡᠢ ᠲ᠋ᠦᠯᠦᠪᠵᠢᠬᠦᠯᠵᠦ᠂ ᠨᠢᠬᠡᠯᠡ ᠤᠳᠠᠭ᠎ᠠ ᠳ᠋ᠤ ᠵᠢᠷᠤᠵᠦ ᠲ᠋ᠦᠯᠦᠪᠯᠡᠨ᠂ ᠠᠯᠬᠤᠮ ᠬᠤᠪᠢᠶᠠᠨ ᠬᠡᠷᠡᠭᠵᠢᠬᠦᠯᠵᠦ᠂ ᠠᠯᠬᠤᠮ ᠠᠯᠬᠤᠮ ᠵᠢᠡᠷ᠋ ᠲ᠋ᠤᠤᠷ᠋ ᠲ᠋ᠤ ᠤᠷᠤᠭᠤᠯᠬᠤ》ᠵᠠᠷᠴᠢᠮ ᠶᠤᠰᠤᠭᠠᠷ᠋᠂ ᠦᠪᠦᠷ ᠮᠣᠩᠭᠣᠯ ᠤᠷᠢᠳᠠᠪᠡᠷ᠋ ᠲ᠋ᠤᠮᠳᠠ ᠪᠠᠷᠠᠭᠤᠨ ᠬᠡᠰᠡᠭ ᠤᠨ ᠭᠠᠵᠠᠷ᠋ ᠤᠷᠤᠨ ᠤ ᠬᠤᠷᠳᠤᠨ ᠤ ᠵᠠᠮ ᠢ ᠲ᠋ᠤᠤᠷ᠋ ᠲ᠋ᠤ ᠨᠡᠢᠢᠯᠡᠭᠦᠯᠵᠦ᠂ ᠲ᠋ᠠᠷᠠᠭ᠎ᠠ ᠳ᠋ᠤᠨᠢ ᠪᠠᠷᠠᠭᠤᠨ ᠬᠡᠰᠡᠭ ᠬᠢᠬᠡᠳ ᠵᠡᠬᠦᠨ ᠬᠡᠰᠡᠭ ᠤᠨ ᠭᠠᠵᠠᠷ᠋ ᠤᠷᠤᠨ ᠤ ᠵᠠᠮ ᠢ ᠲ᠋ᠤᠤᠷ᠋ ᠲ᠋ᠤ ᠨᠡᠢᠢᠯᠡᠭᠦᠯᠦᠨ᠂ ᠤᠷᠤᠨ ᠳᠠᠶᠠᠭᠠᠷ ᠤᠨ ᠬᠤᠷᠳᠤᠨ ᠤ ᠵᠠᠮ ᠢ ᠪᠦᠬᠦᠨ ᠢ ᠤᠯᠤᠰ ᠳᠠᠶᠠᠭᠠᠷ ᠤᠨ ᠬᠤᠷᠳᠤᠨ ᠤ ᠵᠠᠮ ᠤᠨ ᠲ᠋ᠤᠤᠷ᠋ ᠲᠤ ᠤᠷᠤᠭᠤᠯᠬᠤ ᠪᠡᠷ᠋ ᠲ᠋ᠤᠬᠳᠠᠵᠠᠢ᠃ ᠤᠳᠤᠬᠠᠨ ᠪᠤᠯᠳᠠᠯ᠎ᠠ᠂ ᠤᠷᠤᠨ ᠳᠠᠶᠠᠭᠠᠷ ᠤᠨ 12 ᠠᠢᠢᠮᠠᠬ ᠬᠤᠳᠠ ᠨᠢ ETC ᠤ᠋ᠨ ᠲ᠋ᠤᠤᠷ᠋ ᠴᠢᠬ ᠢ ᠨᠡᠢᠢᠳᠡ 257 ᠨᠡᠪᠲᠡᠷᠡᠬᠦᠯᠵᠦ᠂ ETC ᠬᠡᠷᠡᠭᠯᠡᠭᠴᠢᠳ ᠲᠤ ᠦᠢᠯᠡᠴᠢᠯᠡᠬᠦ ᠲ᠋ᠤᠤᠷ᠋ ᠴᠢᠬ ᠢ ᠪᠦᠬᠦ ᠠᠢᠢᠮᠠᠬ ᠬᠤᠳᠠ ᠳ᠋ᠤ ᠪᠦᠷᠬᠦᠬᠦᠯᠵᠦ᠂ ETC ᠬᠡᠷᠡᠭᠯᠡᠭᠴᠢ ᠵᠢᠨ ᠲ᠋ᠤᠭ᠎ᠠ 32 ᠲ᠋ᠦᠮᠨ ᠶᠢ ᠲ᠋ᠠᠪᠠᠬᠰᠠᠨ ᠪᠠᠢᠢᠨ᠎ᠠ᠃

ᠢᠷᠡᠯᠳᠡ᠄ ᠠᠷᠠᠳ ᠤᠨ ᠡᠳᠦᠷ ᠤᠨ ᠰᠤᠨᠢᠨ ᠪᠡᠯᠡᠳᠭᠡᠭ᠍ᠰᠡᠨ ᠨᠢ᠄ ᠬᠡᠦᠬᠡᠨᠰᠤᠯᠢ

ᠰᠣᠶᠤᠯ ᠤᠷᠠᠯᠢᠭ

  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
  • ᠴᠢᠩᠬᠢᠰ ᠬᠠᠭᠠᠨ ᠤ ᠴᠠᠭᠠᠨ ᠰᠦᠷᠦᠭ ᠤᠨ ᠶᠡᠭᠡ ᠳᠠᠶᠢᠯᠭ᠎ᠠ ᠶᠠᠪᠤᠭᠳᠠᠪᠠ
关闭
010070230030000000000000011100001121134093