蒙古文网站Logo
ᠰᠢᠨᠬᠤᠸᠠ ᠮᠤᠩᠭ᠋ᠤᠯ ᠨᠧᠲ

ᠬᠤᠷᠳᠤᠨ ᠤ ᠭᠠᠯᠳᠤ ᠳᠡᠷᠬᠡᠨ ᠳᠡᠬᠡᠷ᠎ᠡ ᠢᠨᠲ᠋ᠧᠷᠨᠧᠲ ᠢᠶᠡᠷ ᠬᠤᠭᠤᠯᠠ ᠵᠠᠬᠢᠶᠠᠯᠠᠵᠤ ᠪᠤᠯᠬᠤ ᠪᠤᠯᠤᠨ᠎ᠠ

2017-07-12 15:50

    ᠰᠢᠨᠬᠤᠧᠠ ᠬᠤᠷᠢᠶ᠎ᠠ   ᠪᠡᠭᠡᠵᠢᠩ ᠤᠨ 7 ᠰᠠᠷ᠎ᠠ ᠶᠢᠨ 11 ᠤ ᠡᠳᠦᠷ ᠤᠨ ᠴᠠᠬᠢᠯᠭᠠᠨ ᠮᠡᠳᠡᠭᠡ (ᠰᠤᠷᠪᠤᠯᠵᠢᠯᠠᠭᠴᠢ ᠹᠠᠨ ᠰᠢ) ᠰᠤᠷᠪᠤᠯᠵᠢᠯᠠᠭᠴᠢ 11 ᠤ ᠡᠳᠦᠷ ᠳᠤᠮᠳᠠᠳᠤ ᠤᠯᠤᠰ ᠤᠨ ᠳᠡᠮᠦᠷ ᠵᠠᠮ ᠤᠨ ᠶᠡᠷᠦᠩᠬᠡᠢ ᠺᠤᠮᠫᠠᠨᠢ ᠡᠴᠡ ᠤᠶᠢᠯᠠᠭᠠᠭᠰᠠᠨ ᠢᠶᠡᠷ᠂ 7 ᠰᠠᠷ᠎ᠠ ᠶᠢᠨ 17 ᠤ ᠡᠳᠦᠷ ᠡᠴᠡ ᠡᠬᠢᠯᠡᠨ ᠳᠡᠮᠦᠷ ᠵᠠᠮ ᠤᠨ ᠰᠠᠯᠠᠭ᠎ᠠ ᠮᠦᠴᠢᠷ ᠡᠴᠡ ᠡᠯ᠎ᠡ ᠮᠤᠵᠢ ᠶᠢᠨ ᠳᠦᠪ ᠬᠢᠬᠡᠳ ᠋ᠳ᠋ᠠᠩ ᠴᠢᠭᠯᠡᠯ ᠤᠨ ᠬᠤᠳᠠ ᠳᠤ ᠪᠠᠶᠢᠭ᠎ᠠ 27 ᠭᠤᠤᠯ ᠴᠢᠬᠤᠯᠠ ᠬᠤᠷᠳᠤᠨ ᠤ ᠳᠡᠮᠦᠷ ᠵᠠᠮ ᠤᠨ ᠦᠷᠳᠡᠬᠡᠨ ᠳᠤ ᠢᠨᠲ᠋ᠧᠷᠨᠧᠲ ᠢᠶᠡᠷ ᠬᠤᠭᠤᠯᠠ ᠵᠠᠬᠢᠶᠠᠯᠠᠬᠤ ᠦᠢᠯᠡᠴᠢᠯᠡᠬᠡ ᠬᠠᠩᠭᠠᠵᠤ ᠵᠤᠷᠴᠢᠭᠴᠢᠳ ᠲᠤ ᠤᠯᠠᠮ ᠲᠦᠬᠦᠮ ᠨᠦᠬᠦᠴᠡᠯ ᠬᠠᠩᠭᠠᠬᠤ ᠪᠡᠷ ᠪᠤᠯᠵᠠᠢ᠃

    7 ᠰᠠᠷ᠎ᠠ ᠶᠢᠨ 17 ᠤ ᠡᠳᠦᠷ ᠡᠴᠡ ᠡᠬᠢᠯᠡᠨ᠂ G᠂ D ᠪᠡᠷ ᠡᠬᠢᠯᠡᠭᠰᠡᠨ ᠡᠬᠡᠯᠵᠢ ᠶᠢᠨ ᠭᠠᠯᠳᠤ ᠳᠡᠷᠬᠡᠨ ᠳᠤ ᠰᠠᠭᠤᠭᠰᠠᠨ ᠵᠤᠷᠴᠢᠭᠴᠢ 12306 ᠨᠧᠲ᠂ ᠭᠠᠷ ᠤᠳᠠᠰᠤᠨ APP ᠪᠡᠷ ᠳᠤᠰ ᠭᠠᠯᠳᠤ ᠳᠡᠷᠬᠡᠨ ᠳᠡᠬᠡᠷ᠎ᠡ ᠡᠴᠡ ᠪᠡᠨ ᠪᠤᠶᠤ ᠵᠠᠮ ᠳᠠᠭᠠᠤ ᠦᠷᠳᠡᠬᠡ ᠡᠴᠡ ᠪᠡᠨ ᠬᠤᠭᠤᠯᠠ ᠵᠠᠬᠢᠶᠠᠯᠠᠵᠤ ᠪᠤᠯᠤᠨ᠎ᠠ᠃ ᠡᠬᠢᠨ ᠤ ᠬᠤᠭᠤᠴᠠᠭᠠᠨ ᠳᠤ ᠳᠤᠷᠰᠢᠨ ᠦᠢᠯᠡᠴᠢᠯᠡᠬᠦ ᠦᠷᠳᠡᠬᠡ ᠨᠡᠶᠢᠳᠡ 27 ᠪᠤᠢ᠂ ᠳᠤᠰ ᠳᠤᠰ ᠱᠠᠩᠬᠠᠢ᠂ ᠲᠢᠶᠠᠨᠵᠢᠨ᠂ ᠭᠤᠧᠠᠩᠵᠧᠤ᠂ ᠨᠠᠨᠵᠢᠩ᠂ ᠬᠠᠩᠵᠧᠤ᠂ ᠰᠢ ᠠᠨ᠂ ᠮᠦᠭᠳᠡᠨ᠂ ᠴᠠᠩᠴᠦ᠋ᠨ᠂ ᠦᠬᠠᠨ᠂ ᠵᠢᠨᠠᠨ᠂ ᠹᠦᠵᠧᠤ᠂ ᠰᠢᠶᠠᠮᠧᠨ᠂ ᠴᠠᠩᠱᠠ᠂ ᠴᠧᠩᠳᠦ᠋᠂ ᠴᠦᠩᠴᠢᠩ᠂ ᠯᠠᠨᠵᠧᠤ ᠵᠡᠷᠬᠡ ᠦᠷᠳᠡᠬᠡ ᠪᠤᠯᠤᠨ᠎ᠠ᠃ ᠵᠠᠬᠢᠶᠠᠯᠠᠭ᠎ᠠ ᠬᠦᠯᠢᠶᠡᠭᠰᠡᠨ ᠦᠢᠯᠡᠴᠢᠯᠡᠭᠴᠢ ᠭᠠᠯᠳᠤ ᠳᠡᠷᠬᠡ ᠦᠷᠳᠡᠬᠡᠨ ᠳᠤ ᠤᠷᠤᠵᠤ ᠵᠤᠭᠰᠤᠭᠰᠠᠨ ᠤ ᠳᠠᠷᠠᠭ᠎ᠠ ᠵᠤᠷᠴᠢᠭᠴᠢ ᠶᠢᠨ ᠸᠠᠭᠤᠨ ᠪᠤᠯᠤᠨ ᠰᠠᠭᠤᠳᠠᠯ ᠤᠨ ᠳ᠋ᠤᠭᠠᠷ ᠢᠶᠡᠷ ᠬᠠᠶᠢᠵᠤ ᠬᠤᠭᠤᠯᠠ ᠶᠢ ᠬᠦᠷᠬᠡᠬᠦ ᠪᠤᠯᠤᠨ᠎ᠠ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120701121307798