蒙古文网站Logo
ᠰᠢᠨᠬᠤᠸᠠ ᠮᠤᠩᠭ᠋ᠤᠯ ᠨᠧᠲ

ᠲᠤᠮᠲᠠᠲᠤ ᠤᠯᠤᠰ · ᠤᠯᠠᠨ ᠤᠯᠤᠰ ᠤᠨ ᠮᠤᠩᠭ᠋ᠤᠯ ᠪᠦᠵᠢᠭ᠌ ᠤᠨ ᠤᠷᠤᠯᠳᠤᠭᠠᠨ ᠤᠳᠠᠯ ᠦᠬᠡᠢ ᠶᠠᠪᠤᠭᠳᠠᠨ᠎ᠠ

2017-07-20 11:48

    ᠲᠦᠷᠦᠭᠦᠬᠡᠨ᠂ ᠰᠤᠷ᠋ᠪᠤᠯᠵᠢᠯᠠᠬᠴᠢ ᠬᠠᠮᠢᠶ᠎ᠠ ᠪᠦᠬᠦᠢ ᠰᠠᠯᠠᠭ᠎ᠠ ᠮᠦᠴᠢᠷ ᠡᠴᠡ ᠤᠢᠢᠯᠠᠭᠠᠬᠰᠠᠨ ᠵᠢᠡᠷ᠂ ᠬᠤᠶᠠᠲᠤᠭᠠᠷ ᠬᠤᠭᠤᠴᠠᠭᠠᠨ ᠤ ᠲᠤᠮᠲᠠᠲᠤ ᠤᠯᠤᠰ · ᠤᠯᠠᠨ ᠤᠯᠤᠰ ᠤᠨ ᠮᠤᠩᠭ᠋ᠤᠯ᠋ ᠪᠦᠵᠢᠭ᠌ ᠤᠨ ᠤᠷ᠋ᠤᠯᠳᠤᠭᠠᠨ 9 ᠰᠠᠷ᠎ᠠ ᠶᠢᠨ 26 ᠡᠴᠡ 29 ᠤ ᠡᠳᠦᠷ ᠪᠤᠯᠲᠠᠯ᠎ᠠ ᠬᠦᠬᠡᠬᠤᠲᠠ ᠳᠤ ᠶᠠᠪᠤᠭᠲᠠᠬᠤ ᠪᠠᠷ ᠪᠠᠢᠢᠨ᠎ᠠ᠃

    ᠤᠶᠢᠯᠠᠭᠠᠭᠰᠠᠨ ᠢᠶᠡᠷ᠂ ᠲᠤᠰ ᠤᠳᠠᠭᠠᠨ ᠤ ᠤᠷ᠋ᠤᠯᠳᠤᠭᠠᠨ ᠳ᠋ᠤ ᠮᠤᠩᠭ᠋ᠤᠯ᠋ ᠤᠯᠤᠰ᠂ ᠤᠷ᠋ᠤᠰ ᠤᠨ ᠬᠤᠯᠪᠤᠭᠠᠨ ᠤ ᠪᠦᠬᠦᠳᠡ ᠨᠠᠢᠢᠷ᠋ᠠᠮᠳᠠᠬᠤ ᠪᠤᠷ᠋ᠢᠶᠡᠳ ᠤᠯᠤᠰ᠂ ᠪᠦᠬᠦᠳᠡ ᠨᠠᠢᠢᠷ᠋ᠠᠮᠳᠠᠬᠤ ᠬᠠᠯᠢᠮᠠᠬ ᠤᠯᠤᠰ᠂ ᠪᠦᠬᠦᠳᠡ ᠨᠠᠢᠢᠷ᠋ᠠᠮᠳᠠᠬᠤ ᠲᠤᠸᠠ ᠤᠯᠤᠰ ᠤᠨ ᠤᠷ᠋ᠠᠯᠢᠭ ᠤᠨ ᠪᠠᠭ ᠵᠢᠴᠢ ᠲᠦᠪ ᠤᠨ ᠰᠢᠭᠤᠳ ᠬᠠᠷ᠋ᠢᠶ᠎ᠠ ᠤᠷ᠋ᠠᠯᠢᠭ ᠤᠨ ᠪᠠᠭ᠂ ᠡᠯ᠎ᠠ ᠮᠤᠵᠢ ᠬᠤᠲᠠ ᠦᠪᠡᠷ᠋ᠲᠡᠭᠡᠨ ᠵᠠᠰᠠᠬᠤ ᠤᠷ᠋ᠤᠨ ᠤ ᠤᠷ᠋ᠠᠯᠢᠭ ᠤᠨ ᠪᠠᠭ ᠂ ᠤᠷ᠋ᠠᠯᠢᠭ ᠤᠨ ᠲᠡᠭᠡᠳᠦ ᠰᠤᠷ᠋ᠭᠠᠭᠤᠯᠢ ᠪᠤᠯᠤᠨ ᠤᠯᠠᠭᠠᠨᠮᠦ᠋ᠴᠢᠷ ᠤᠨ ᠬᠢᠨ ᠤᠷ᠋ᠤᠯᠴᠠᠬᠤ ᠪᠤᠯᠤᠨ᠎ᠠ᠃ ᠤᠷ᠋ᠤᠯᠳᠤᠭᠠᠨ ᠳᠤ ᠤᠷ᠋ᠤᠯᠴᠠᠬᠤ ᠪᠦᠲᠦᠭᠡᠯ᠋ ᠨᠢ 2014 ᠤᠨ ᠤ 5 ᠰᠠᠷ᠎ᠠ ᠡᠴᠡ ᠬᠤᠶᠢᠰᠢ ᠵᠤᠬᠢᠶᠠᠨ ᠪᠦᠲᠦᠭᠡᠭ᠍ᠳᠡᠭᠰᠠᠨ ᠪᠠᠶᠢᠬᠤ ᠬᠡᠷ᠋ᠡᠭᠲᠡᠢ᠃ ᠭᠤᠴᠤᠯᠠᠯ᠋ ᠪᠦᠵᠢᠭ᠌᠂ ᠬᠤᠤᠰᠯᠠᠯ᠋ ᠪᠦᠵᠢᠭ᠌᠂ ᠭᠤᠷ᠋ᠪᠠᠯᠠᠯ᠋ ᠪᠦᠵᠢᠭ᠌ ᠪᠤᠶᠤ ᠬᠠᠮᠲᠤ ᠶᠢᠨ ᠪᠦᠵᠢᠭ᠌ ᠤᠨ ᠬᠡᠯᠪᠡᠷ᠋ᠢ ᠪᠠᠷ ᠤᠷ᠋ᠤᠯᠴᠠᠵᠤ ᠪᠤᠯᠤᠨ᠎ᠠ᠃

    ᠠᠩᠬᠠᠲᠤᠭᠠᠷ ᠬᠤᠭᠤᠴᠠᠭᠠᠨ ᠤ ᠤᠯᠠᠨ ᠤᠯᠤᠰ ᠤᠨ ᠮᠤᠩᠭ᠋ᠤᠯ᠋ ᠪᠦᠵᠢᠭ᠌ ᠤᠨ ᠤᠷ᠋ᠤᠯᠳᠤᠭᠠᠨ 2015 ᠤᠨ ᠳᠤ ᠶᠠᠪᠤᠭᠲᠠᠵᠤ ᠦᠩᠭᠡᠷ᠋ᠡᠪᠡ᠃ ᠲᠤᠰ ᠤᠷ᠋ᠤᠯᠲᠤᠭᠠᠨ ᠨᠢ ᠲᠤᠮᠲᠠᠲᠤ ᠤᠯᠤᠰ ᠤᠨ ᠮᠤᠩᠭ᠋ᠤᠯ᠋ ᠪᠦᠵᠢᠭ᠌ ᠤᠨ ᠬᠠᠮᠤᠭ ᠤᠨ ᠲᠡᠭᠡᠳᠦ ᠲᠦᠪᠰᠢᠨ ᠤ ᠲᠤᠰᠬᠠᠢ ᠮᠡᠷ᠋ᠭᠡᠵᠢᠯ᠋ ᠤᠨ ᠴᠢᠨᠠᠷ᠋ᠲᠠᠢ ᠪᠦᠵᠢᠭ᠌ ᠤᠨ ᠤᠷ᠋ᠤᠯᠲᠤᠭᠠᠨ ᠪᠤᠯᠬᠤᠷ ᠮᠤᠩᠭ᠋ᠤᠯ᠋ ᠪᠦᠵᠢᠭ᠌ ᠤᠨ ᠤᠷ᠋ᠠᠯᠢᠭ ᠤᠨ ᠬᠦᠭ᠍ᠵᠢᠯᠲᠠ ᠶᠢ ᠠᠬᠢᠭᠤᠯᠵᠤ᠂ ᠮᠤᠩᠭ᠋ᠤᠯ᠋ ᠪᠦᠵᠢᠭ᠌ ᠤᠨ ᠲᠡᠯᠡᠬᠡᠢ ᠵᠢᠨ ᠨᠦᠯᠦᠭᠡᠯᠡᠬᠦ ᠬᠦᠴᠦᠨ ᠢ ᠨᠡᠮᠡᠭᠲᠡᠬᠦᠯᠬᠦ ᠳ᠋ᠤ ᠴᠢᠬᠤᠯᠠ ᠠᠴᠢ ᠬᠤᠯᠪᠤᠭᠳᠠᠯ᠋ ᠲᠠᠢ ᠶᠤᠮ᠃

ᠢᠷᠡᠯᠳᠡ᠄ ᠦᠪᠦᠷ ᠮᠣᠩᠭᠣᠯ ᠤᠨ ᠡᠳᠦᠷ ᠤᠨ ᠰᠤᠨᠢᠨ ᠪᠡᠯᠡᠳᠭᠡᠭ᠍ᠰᠡᠨ ᠨᠢ᠄ ᠬᠡᠦᠬᠡᠨᠰᠤᠯᠢ

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011100001121351553