蒙古文网站Logo
ᠰᠢᠨᠬᠤᠸᠠ ᠮᠤᠩᠭ᠋ᠤᠯ ᠨᠧᠲ

《ᠮᠣᠩᠭᠤᠯ ᠪᠦᠬᠡ》APP ᠠᠰᠢᠭᠯᠠᠯᠳᠠ ᠳᠤ ᠤᠷᠤᠯ᠎ᠠ

2017-07-26 17:06

    ᠤᠶᠢᠷ᠎ᠠ ᠶᠢᠨ ᠡᠳᠦᠷ᠂ ᠦᠪᠦᠷ ᠮᠣᠩᠭᠤᠯ ᠤᠨ ᠪᠠᠲᠤ ᠢᠲᠡᠭᠡᠯᠲᠦ ᠰᠣᠶᠣᠯ ᠬᠦᠭᠵᠢᠯᠲᠡ ᠶᠢᠨ ᠬᠢᠵᠠᠭᠠᠷᠲᠤ ᠺᠣᠮᠫᠠᠨᠢ ᠨᠢ ᠨᠠᠶᠢᠷ ᠨᠠᠭᠠᠳᠤᠮ ᠤᠨ ᠬᠠᠮᠤᠭ ᠤᠨ ᠰᠢᠨ᠎ᠡ ᠬᠠᠮᠤᠭ ᠤᠨ ᠪᠦᠷᠢᠨ ᠮᠡᠳᠡᠭᠡ ᠶᠢ ᠦᠵᠡᠭᠴᠢ ᠲᠦᠮᠡᠨ ᠳᠤ ᠪᠠᠨ ᠬᠦᠷᠭᠡᠬᠦ ᠶᠢᠨ ᠲᠤᠰᠠᠳᠠ ᠠᠩᠬᠠᠳᠠᠭᠴᠢ《ᠮᠣᠩᠭᠤᠯ ᠪᠦᠬᠡ》APP ᠶ᠋ᠢ ᠰᠤᠳᠤᠯᠤᠨ ᠨᠡᠬᠡᠭᠡᠭᠰᠡᠨ ᠪᠠᠶᠢᠨ᠎ᠠ᠃

    ᠵᠢᠯ ᠭᠠᠷᠤᠢ ᠶᠢᠨ ᠬᠤᠭᠤᠴᠠᠭ᠎ᠠ ᠬᠡᠷᠡᠭᠰᠡᠨ ᠤᠬᠠᠭᠠᠯᠠᠨ ᠲᠦᠰᠦᠪᠯᠡᠵᠦ᠂ ᠮᠡᠷᠭᠡᠵᠢᠯ ᠡᠬᠦᠳᠦᠨ᠂ ᠠᠭᠤᠯᠭ᠎ᠠ ᠬᠦᠮᠦᠷᠬᠡᠯᠡᠬᠡᠳ ᠦᠵᠡᠭᠴᠢ ᠲᠦᠮᠡᠨ ᠲᠠᠢ ᠵᠣᠯᠭᠠᠭᠰᠠᠨ ᠡᠨᠡᠬᠦ APP ᠨᠢ ᠮᠡᠳᠡᠭᠡ᠂ ᠪᠦᠬᠡ᠂ ᠶᠡᠷᠢᠯᠴᠠᠭ᠎ᠠ᠂ ᠸᠢᠳᠢᠣ᠋᠂ ᠵᠢᠷᠤᠭ᠂ ᠪᠣᠰᠤᠳ ᠬᠡᠮᠡᠬᠦ ᠵᠢᠷᠭᠤᠭᠠᠨ ᠰᠤᠪᠠᠭ ᠲᠠᠢ᠂ ᠡᠭᠦᠨ ᠳᠤ《ᠮᠡᠳᠡᠭᠡ》ᠰᠤᠪᠠᠭ ᠲᠤ ᠪᠠᠨ ᠡᠯ᠎ᠡ ᠠᠶᠢᠮᠠᠭ ᠬᠤᠲᠠ ᠶᠢᠨ ᠬᠠᠮᠤᠭ ᠤᠨ ᠰᠢᠨ᠎ᠡ ᠨᠠᠶᠢᠷ ᠤᠨ ᠮᠡᠳᠡᠭᠡ᠂ ᠪᠦᠬᠡ ᠶᠢᠨ ᠪᠠᠷᠢᠯᠳᠤᠭᠠᠨ ᠤ ᠳ᠋ᠥᠩ ᠢ ᠨᠡᠶᠢᠲᠡᠯᠡᠨ᠎ᠡ᠃《ᠪᠦᠬᠡ》ᠰᠤᠪᠠᠭ ᠢᠶᠠᠨ《ᠮᠣᠩᠭᠤᠯ ᠪᠦᠬᠡ》ᠪᠠ《ᠪᠣᠰᠤᠳ ᠪᠦᠬᠡ》ᠬᠡᠮᠡᠨ ᠬᠤᠶᠠᠷ ᠪᠤᠯᠤᠩ ᠬᠤᠪᠢᠶᠠᠵᠤ᠂《ᠮᠣᠩᠭᠤᠯ ᠪᠦᠬᠡ》ᠪᠤᠯᠤᠩ ᠳᠠᠭᠠᠨ ᠬᠤᠪᠢ ᠶᠢᠨ ᠨᠠᠶᠢᠷ ᠨᠠᠭᠠᠳᠤᠮ᠂ ᠨᠡᠷᠡᠳᠦ ᠪᠦᠬᠡ ᠶᠢᠨ ᠳᠤᠷᠠᠳᠬᠠᠯ᠂ ᠪᠦᠬᠡ ᠶᠢᠨ ᠲᠠᠶᠢᠯᠤᠮᠵᠢ ᠵᠡᠷᠭᠡ 29 ᠠᠭᠤᠯᠭ᠎ᠠ ᠬᠤᠪᠢᠶᠠᠵᠤ᠂《ᠪᠣᠰᠤᠳ ᠪᠦᠬᠡ》ᠪᠤᠯᠤᠩ ᠳᠠᠭᠠᠨ ᠳᠣᠯᠢᠶᠠᠲᠤ ᠪᠦᠬᠡ᠂ ᠱᠠᠯᠪᠤᠷ ᠪᠦᠬᠡ᠂ ᠬᠢᠲᠠᠳ ᠪᠦᠬᠡ ᠵᠡᠷᠭᠡ 9 ᠠᠭᠤᠯᠭ᠎ᠠ ᠲᠤᠬᠢᠷᠠᠭᠤᠯᠵᠠᠢ᠃《ᠸᠢᠳᠢᠣ᠋》ᠰᠤᠪᠠᠭ ᠢᠶᠠᠨ ᠰᠢᠭᠤᠳ ᠨᠡᠪᠲᠡᠷᠡᠭᠦᠯᠭᠡ᠂ ᠳᠠᠬᠢᠨ ᠨᠡᠪᠲᠡᠷᠡᠭᠦᠯᠭᠡ᠂ ᠪᠣᠰᠤᠳ ᠸᠢᠳᠢᠣ᠋ ᠬᠡᠮᠡᠨ ᠭᠤᠷᠪᠠᠨ ᠪᠤᠯᠤᠩ ᠬᠤᠪᠢᠶᠠᠵᠠᠢ᠃

ᠢᠷᠡᠯᠳᠡ᠄ ᠳᠤᠮᠳᠠᠳᠤ ᠤᠯᠤᠰ ᠤᠨ ᠮᠣᠩᠭᠣᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠠ ᠪᠡᠯᠡᠳᠭᠡᠭ᠍ᠰᠡᠨ ᠨᠢ᠄ ᠬᠡᠦᠬᠡᠨᠰᠤᠯᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011100001121384462