蒙古文网站Logo
ᠰᠢᠨᠬᠤᠸᠠ ᠮᠤᠩᠭ᠋ᠤᠯ ᠨᠧᠲ

ᠲᠠᠪᠤᠳᠤᠭᠠᠷ ᠬᠤᠭᠤᠴᠠᠭᠠᠨ ᠤ ᠳᠤᠮᠳᠠᠳᠤ ᠤᠯᠤᠰ · ᠦᠪᠦᠷ ᠮᠣᠩᠭᠣᠯ ᠤᠨ ᠪᠤᠬᠢᠷᠳᠤᠯ ᠦᠭᠡᠢ ᠲᠠᠷᠢᠶᠠᠯᠠᠩ ᠮᠠᠯ ᠠᠵᠤ ᠠᠬᠤᠢ ᠶᠢᠨ ᠭᠠᠷᠤᠯᠲᠠ ᠶᠢᠨ ᠶᠠᠭᠠᠷᠠᠮᠠᠭ 18 ᠤ ᠡᠳᠦᠷ ᠵᠤᠬᠢᠶᠠᠨ ᠪᠠᠶᠢᠭᠤᠯᠤᠭᠳᠠᠬᠤ ᠪᠡᠷ ᠪᠤᠢ

2017-08-04 11:16

    8 ᠰᠠᠷ᠎ᠠ ᠶᠢᠨ 3 ᠤ ᠡᠳᠦᠷ᠂ ᠲᠠᠪᠤᠳᠤᠭᠠᠷ ᠬᠤᠭᠤᠴᠠᠭᠠᠨ ᠤ ᠳᠤᠮᠳᠠᠳᠤ ᠤᠯᠤᠰ · ᠦᠪᠦᠷ ᠮᠣᠩᠭᠣᠯ ᠤᠨ ᠪᠤᠬᠢᠷᠳᠤᠯ ᠦᠭᠡᠢ ᠲᠠᠷᠢᠶᠠᠯᠠᠩ ᠮᠠᠯ ᠠᠵᠤ ᠠᠬᠤᠢ ᠶᠢᠨ ᠭᠠᠷᠤᠯᠲᠠ ᠶᠢᠨ ᠶᠠᠭᠠᠷᠠᠮᠠᠭ ᠤᠨ ᠬᠡᠪᠯᠡᠯ ᠮᠡᠳᠡᠭᠡᠯᠡᠯ ᠤᠨ ᠨᠡᠶᠢᠲᠡᠯᠡᠬᠦ ᠬᠤᠷᠠᠯ ᠡᠴᠡ ᠤᠶᠢᠯᠠᠭᠠᠭᠰᠠᠨ ᠢᠶᠡᠷ᠂ 8 ᠰᠠᠷ᠎ᠠ ᠶᠢᠨ 18 ᠡᠴᠡ 21 ᠤ ᠡᠳᠦᠷ ᠪᠤᠯᠲᠠᠯ᠎ᠠ᠂ ᠳᠤᠮᠳᠠᠳᠤ ᠤᠯᠤᠰ ᠤᠨ ᠪᠤᠬᠢᠷᠳᠤᠯ ᠦᠭᠡᠢ ᠬᠦᠨᠡᠰᠤ ᠶᠢᠨ ᠬᠦᠭ᠍ᠵᠢᠯᠲᠠ ᠶᠢᠨ ᠲᠦᠪ᠂ ᠦᠪᠦᠷ ᠮᠣᠩᠭᠣᠯ ᠤᠨ ᠦᠪᠡᠷᠲᠡᠭᠡᠨ ᠵᠠᠰᠠᠬᠤ ᠤᠷᠤᠨ ᠤ ᠲᠠᠷᠢᠶᠠᠯᠠᠩ ᠮᠠᠯ ᠠᠵᠤ ᠠᠬᠤᠢ ᠶᠢᠨ ᠲᠢᠩᠭᠢᠮ᠂ ᠪᠤᠭᠤᠲᠤ ᠬᠤᠲᠠ ᠶᠢᠨ ᠵᠠᠰᠠᠭ ᠤᠨ ᠤᠷᠳᠤᠨ ᠡᠴᠡ ᠬᠠᠮᠲᠤᠷᠠᠨ ᠵᠤᠬᠢᠶᠠᠨ ᠪᠠᠶᠢᠭᠤᠯᠬᠤ《ᠠᠷᠪᠠᠨ ᠨᠠᠶ᠋ᠮᠠᠳᠤᠭᠠᠷ ᠬᠤᠭᠤᠴᠠᠭᠠᠨ ᠤ ᠳᠤᠮᠳᠠᠳᠤ ᠤᠯᠤᠰ ᠤᠨ ᠪᠤᠬᠢᠷᠳᠤᠯ ᠦᠭᠡᠢ ᠬᠦᠨᠡᠰᠤ ᠶᠢᠨ ᠶᠠᠭᠠᠷᠠᠮᠠᠭ᠂ ᠲᠠᠪᠤᠳᠤᠭᠠᠷ ᠬᠤᠭᠤᠴᠠᠭᠠᠨ ᠤ ᠳᠤᠮᠳᠠᠳᠤ ᠤᠯᠤᠰ · ᠦᠪᠦᠷ ᠮᠣᠩᠭᠣᠯ ᠤᠨ ᠪᠤᠬᠢᠷᠳᠤᠯ ᠦᠭᠡᠢ ᠲᠠᠷᠢᠶᠠᠯᠠᠩ ᠮᠠᠯ ᠠᠵᠤ ᠠᠬᠤᠢ ᠶᠢᠨ ᠭᠠᠷᠤᠯᠲᠠ ᠶᠢᠨ ᠶᠠᠭᠠᠷᠠᠮᠠᠭ ᠪᠤᠯᠤᠨ ᠳᠦᠷᠪᠡᠳᠦᠭᠡᠷ ᠬᠤᠭᠤᠴᠠᠭᠠᠨ ᠤ ᠳᠤᠮᠳᠠᠳᠤ ᠤᠯᠤᠰ· ᠪᠤᠭᠤᠲᠤ ᠶᠢᠨ ᠤᠯᠠᠨ ᠤᠯᠤᠰ ᠤᠨ ᠦᠭᠡᠷ ᠬᠤᠨᠢᠨ ᠤ ᠮᠢᠬ᠎ᠠ ᠶᠢᠨ ᠠᠵᠤ ᠦᠢᠯᠡᠰ ᠤᠨ ᠶᠡᠬᠡ ᠬᠤᠷᠠᠯ》 ᠪᠤᠭᠤᠲᠤ ᠬᠤᠲᠠ ᠳᠤ ᠵᠤᠬᠢᠶᠠᠨ ᠪᠠᠶᠢᠭᠤᠯᠤᠭᠳᠠᠬᠤ ᠪᠡᠷ ᠪᠤᠢ᠃

    ᠤᠶᠢᠯᠠᠭᠠᠭᠰᠠᠨ ᠢᠶᠡᠷ᠂ ᠬᠤᠷᠠᠯ ᠳᠤ ᠪᠤᠬᠢᠷᠳᠤᠯ ᠦᠭᠡᠢ ᠬᠦᠨᠠᠰᠤ ᠶᠢᠨ ᠦᠢᠯᠡᠳᠪᠦᠷᠢᠯᠡᠨ ᠪᠦᠲᠦᠭᠡᠬᠦ ᠦᠵᠡᠮᠦᠷᠢ ᠶᠢᠨ ᠲᠤᠭᠤᠷᠢᠭ᠂ ᠦᠪᠦᠷ ᠮᠣᠩᠭᠣᠯ ᠤᠨ ᠪᠤᠬᠢᠷᠳᠤᠯ ᠦᠭᠡᠢ ᠲᠠᠷᠢᠶᠠᠯᠠᠩ ᠮᠠᠯ ᠠᠵᠤ ᠠᠬᠤᠢ ᠶᠢᠨ ᠭᠠᠷᠤᠯᠲᠠ ᠶᠢᠨ ᠦᠵᠡᠮᠦᠷᠢ ᠶᠢᠨ ᠲᠤᠭᠤᠷᠢᠭ᠂ ᠦᠭᠡᠷ ᠬᠤᠨᠢᠨ ᠤ ᠮᠢᠬ᠎ᠠ ᠶᠢᠨ ᠦᠵᠡᠮᠦᠷᠢ ᠶᠢᠨ ᠲᠤᠭᠤᠷᠢᠭ᠂ ᠴᠠᠬᠢᠮ ᠬᠤᠳᠠᠯᠳᠤᠭᠠᠨ ᠤ ᠲᠠᠪᠴᠠᠩ ᠤᠨ ᠦᠵᠡᠮᠦᠷᠢ ᠶᠢᠨ ᠲᠤᠭᠤᠷᠢᠭ᠂ ᠪᠡᠶᠡᠴᠢᠯᠡᠨ ᠤᠶᠢᠯᠠᠭᠠᠬᠤ ᠲᠤᠭᠤᠷᠢᠭ᠂ ᠬᠢᠯᠢ ᠶᠢᠨ ᠭᠠᠳᠠᠨᠠᠬᠢ 15 ᠬᠠᠮᠢᠶ᠎ᠠ ᠪᠦᠬᠦᠢ ᠤᠯᠤᠰ ᠤᠨ ᠤᠨᠴᠠᠯᠢᠭᠲᠤ ᠭᠠᠷᠤᠯᠲᠠ ᠶᠢᠨ ᠦᠵᠡᠮᠦᠷᠢ ᠶᠢᠨ ᠲᠤᠭᠤᠷᠢᠭ᠂ ᠦᠭᠡᠷ ᠬᠤᠨᠢᠨ ᠤ ᠮᠢᠬ᠎ᠠ ᠪᠤᠯᠪᠠᠰᠤᠷᠠᠭᠤᠯᠬᠤ ᠰᠢᠨ᠎ᠠ ᠮᠡᠷᠭᠡᠵᠢᠯ᠂ ᠰᠢᠨ᠎ᠠ ᠲᠦᠬᠦᠭᠡᠷᠦᠮᠵᠢ ᠶᠢᠨ ᠦᠵᠡᠮᠦᠷᠢ ᠶᠢᠨ ᠲᠤᠭᠤᠷᠢᠭ᠂ ᠤᠬᠤᠷ ᠰᠡᠭᠦᠯᠲᠤ ᠬᠤᠨᠢᠨ ᠮᠢᠬ᠎ᠠ ᠶᠢᠨ ᠬᠤᠪᠢᠯᠠᠢ ᠬᠠᠯᠠᠭᠤᠨ ᠲᠤᠭᠤᠭ᠎ᠠ ᠶᠢᠨ ᠪᠦᠲᠦᠭᠡᠭ᠍ᠲᠡᠬᠦᠨ ᠤ ᠲᠤᠭᠤᠷᠢᠬ  ᠵᠡᠷᠭᠡ ᠨᠠᠶ᠋ᠮᠡᠨ ᠲᠤᠮᠤ ᠦᠵᠡᠮᠦᠷᠢ ᠶᠢᠨ ᠲᠤᠭᠤᠷᠢᠭ ᠲᠤ 1600 ᠭᠠᠷᠤᠢ ᠤᠯᠤᠰ ᠳᠠᠶᠠᠭᠠᠷ ᠤᠨ ᠪᠤᠬᠢᠷᠳᠤᠯ ᠦᠭᠡᠢ ᠲᠠᠷᠢᠶᠠᠯᠠᠩ ᠮᠠᠯ ᠠᠵᠤ ᠠᠬᠤᠢ ᠶᠢᠨ ᠭᠠᠷᠤᠯᠲᠠ ᠶᠢᠨ ᠠᠵᠤ ᠠᠬᠤᠶᠢᠯᠠᠯ᠂ ᠡᠯ᠎ᠠ ᠪᠦᠰᠡ ᠨᠤᠲᠤᠭ ᠤᠨ ᠦᠭᠡᠷ ᠬᠤᠨᠢᠨ ᠤ ᠮᠢᠬ᠎ᠠ ᠦᠢᠯᠡᠳᠪᠦᠷᠢᠯᠠᠵᠤ ᠪᠤᠯᠪᠠᠰᠤᠷᠠᠭᠤᠯᠬᠤ ᠠᠵᠤ ᠠᠬᠤᠶᠢᠯᠠᠯ ᠵᠢᠴᠢ ᠤᠷᠤᠰ᠂ ᠹᠷᠠᠨᠼᠢ᠂ ᠫᠠᠺᠢᠰᠲ᠋ᠠᠨ᠂ ᠮᠠᠯᠠᠶᠢᠰᠢᠶ᠎ᠠ᠂ ᠺᠸᠨᠢᠶᠠ ᠵᠡᠷᠭᠡ ᠭᠠᠳᠠᠭᠠᠲᠤ ᠤᠨ ᠠᠵᠤ ᠠᠠᠬᠤᠶᠢᠯᠠᠯ ᠶᠠᠭᠠᠷᠠᠮᠠᠭ ᠳᠤ ᠤᠷᠤᠯᠴᠠᠬᠤ ᠪᠡᠷ ᠪᠤᠢ᠃

ᠢᠷᠡᠯᠳᠡ᠄ ᠬᠦᠬᠡᠬᠤᠲᠠ ᠶᠢᠨ ᠤᠷᠤᠢ ᠶᠢᠨ ᠰᠤᠨᠢᠨ ᠪᠡᠯᠡᠳᠭᠡᠭ᠍ᠰᠡᠨ ᠨᠢ᠄ ᠬᠡᠦᠬᠡᠨᠰᠤᠯᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011100001121431834