蒙古文网站Logo
ᠰᠢᠨᠬᠤᠸᠠ ᠮᠤᠩᠭ᠋ᠤᠯ ᠨᠧᠲ

ᠪᠤᠭᠤᠲᠤ - ᠲᠦ᠋ᠩᠯᠢᠶᠤᠤ - ᠬᠤᠤᠯᠢᠨ ᠭᠤᠤᠯ ᠴᠢᠭᠯᠡᠯ ᠤᠨ ᠠᠭᠠᠷ ᠠᠶᠠᠯᠠᠯ ᠤᠨ ᠱᠤᠭᠤᠮ 8 ᠰᠠᠷ᠎ᠠ ᠶᠢᠨ 12 ᠤᠨ ᠡᠳᠦᠷ ᠨᠡᠪᠳᠡᠷᠡᠨ᠎ᠠ

2017-08-09 16:51

    ᠪᠤᠭᠤᠲᠤ - ᠲᠦ᠋ᠩᠯᠢᠶᠤᠤ - ᠬᠤᠤᠯᠢᠨ ᠭᠤᠤᠯ ᠴᠢᠭᠯᠡᠯ ᠤᠨ ᠠᠭᠠᠷ ᠠᠶᠠᠯᠠᠯ ᠤᠨ ᠱᠤᠭᠤᠮ 8 ᠰᠠᠷ᠎ᠠ ᠶᠢᠨ 12 ᠤᠨ ᠡᠳᠦᠷ ᠲᠤᠷᠰᠢᠨ ᠠᠶᠠᠯᠠᠬᠤ ᠪᠡᠷ ᠪᠤᠢ᠃ ᠲᠤᠰ ᠠᠭᠠᠷ ᠠᠶᠠᠯᠠᠯ ᠤᠨ ᠱᠤᠭᠤᠮ ᠤᠨ ᠨᠡᠪᠳᠡᠷᠡᠭᠰᠡᠨ ᠨᠢ ᠲᠦ᠋ᠩᠯᠢᠶᠤᠤ ᠬᠤᠲᠠ ᠶᠢᠨ《 ᠠᠭᠠᠷ ᠠᠶᠠᠯᠠᠯ ᠤᠨ ᠲᠤᠤᠷ》 ᠢ ᠵᠡᠭᠦᠨᠰᠢ ᠪᠠᠷᠠᠭᠤᠨᠰᠢ ᠬᠦᠨᠳᠡᠯᠡᠰᠢᠨ᠂ ᠡᠮᠦᠨᠡᠰᠢ ᠤᠮᠠᠷᠠᠰᠢ ᠬᠤᠯᠪᠤᠯᠴᠠᠬᠤ ᠪᠦᠲᠦᠴᠡ ᠶᠢ ᠪᠡᠶᠡᠯᠡᠭᠦᠯᠵᠠᠢ᠃ ᠪᠤᠭᠤᠲᠤ - ᠲᠦ᠋ᠩᠯᠢᠶᠤᠤ - ᠬᠤᠤᠯᠢᠨ ᠭᠤᠤᠯ ᠴᠢᠭᠯᠡᠯ ᠤᠨ ᠠᠭᠠᠷ ᠠᠶᠠᠯᠠᠯ ᠤᠨ ᠱᠤᠭᠤᠮ ᠪᠤᠯ ᠲᠦ᠋ᠩᠯᠢᠶᠤᠤ ᠬᠤᠲᠠ ᠶᠢᠨ ᠬᠦᠭ᠍ᠵᠢᠶᠠᠨ ᠲᠠᠢ ᠤᠯᠠᠷᠢᠯ ᠳᠤ ᠰᠢᠨ᠎ᠠ ᠪᠡᠷ ᠨᠡᠮᠡᠭᠳᠡᠭᠰᠡᠨ ᠬᠤᠶᠠᠷ ᠵᠤᠷᠪᠤᠰ ᠱᠤᠭᠤᠮ ᠪᠤᠯᠤᠨ᠎ᠠ᠃ ᠲᠤᠷᠰᠢᠨ ᠠᠶᠠᠯᠠᠬᠤ ᠡᠬᠢᠨ ᠤ ᠬᠤᠭᠤᠴᠠᠭᠠᠨ ᠳᠤ᠂ ᠭᠠᠷᠠᠭ ᠤᠨ ᠬᠤᠶᠠᠷ ᠪᠤᠯᠤᠨ ᠭᠠᠷᠠᠭ ᠤᠨ ᠵᠢᠷᠭᠤᠭᠠᠨ ᠳᠤ ᠨᠢᠰᠦᠯᠭᠡ ᠲᠠᠢ᠃ ᠡᠨᠡᠬᠦ ᠠᠭᠠᠷ ᠠᠶᠠᠯᠠᠯ ᠤᠨ ᠱᠤᠭᠤᠮ ᠢ ᠬᠤᠸᠠ ᠰᠢᠶᠠ ᠠᠭᠠᠷ ᠠᠶᠠᠯᠠᠯ ᠤᠨ CRJ900 ᠨᠢᠰᠦᠯᠭᠡ ᠶᠢᠨ ᠳ᠋ᠤᠭᠠᠷ ᠲᠠᠢ ᠨᠢᠰᠬᠦ ᠤᠩᠭ᠋ᠤᠴᠠ ᠡᠭᠦᠷᠭᠡᠯᠡᠨ᠎ᠠ᠃ 16᠄ 10 ᠴᠠᠭ ᠲᠤ ᠪᠤᠭᠤᠲᠤ ᠡᠴᠡ ᠨᠢᠰᠴᠤ᠂ 18᠄ 05 ᠴᠠᠭ ᠲᠤ ᠲᠦ᠋ᠩᠯᠢᠶᠤᠤ ᠳᠤ ᠭᠠᠵᠠᠷᠲᠠᠨ᠂ 18᠄ 45 ᠴᠠᠭ ᠲᠤ ᠲᠦ᠋ᠩᠯᠢᠶᠤᠤ ᠡᠴᠡ ᠨᠢᠰᠴᠤ 19᠄ 35 ᠴᠠᠭ ᠲᠤ ᠬᠤᠤᠯᠢᠨ ᠭᠤᠤᠯ ᠳᠤ ᠭᠠᠵᠠᠷᠲᠠᠨ᠎ᠠ᠃ 20᠄ 15 ᠴᠠᠭ ᠲᠤ ᠬᠤᠤᠯᠢᠨ ᠭᠤᠤᠯ ᠡᠴᠡ ᠨᠢᠰᠴᠤ 21᠄ 00ᠴᠠᠭ ᠲᠤ ᠲᠦ᠋ᠩᠯᠢᠶᠤᠤ ᠳᠤ ᠭᠠᠵᠠᠷᠲᠠᠨ᠂ 21᠄ 40 ᠴᠠᠭ ᠲᠤ ᠲᠦ᠋ᠩᠯᠢᠶᠤᠤ ᠡᠴᠡ ᠨᠢᠰᠴᠤ᠂ 23᠄ 45 ᠴᠠᠭ ᠲᠤ ᠪᠤᠭᠤᠲᠤ ᠳᠤ ᠭᠠᠵᠠᠷᠲᠠᠨ᠎ᠠ᠃ ᠠᠭᠠᠷ ᠠᠶᠠᠯᠠᠯ ᠨᠡᠪᠳᠡᠷᠡᠭᠰᠡᠨ ᠤ ᠳᠠᠷᠠᠭ᠎ᠠ ᠲᠦ᠋ᠩᠯᠢᠶᠤᠤ ᠶᠢᠨ ᠠᠭᠠᠷ ᠠᠶᠠᠯᠠᠯ ᠤᠷᠤᠨ ᠤ ᠳᠤᠲᠤᠷᠠᠬᠢ 6 ᠬᠤᠲᠠ ᠳᠤ ᠨᠡᠪᠳᠡᠷᠡᠵᠤ᠂ ᠬᠤᠤᠯᠢᠨ ᠭᠤᠤᠯ ᠬᠦᠷᠬᠦ ᠠᠭᠠᠷ ᠠᠶᠠᠯᠠᠯ ᠤᠨ ᠱᠤᠭᠤᠮ ᠨᠡᠮᠡᠭᠳᠡᠭᠡᠳ ᠡᠳᠦᠷ ᠲᠤ ᠬᠤᠶᠠᠷ ᠨᠢᠰᠦᠯᠭᠡ ᠲᠠᠢ ᠪᠤᠯᠬᠤ ᠶᠤᠮ ᠪᠠᠶᠢᠨ᠎ᠠ᠃ ᠲᠦ᠋ᠩᠯᠢᠶᠤᠤ ᠡᠴᠡ ᠬᠤᠤᠯᠢᠨ ᠭᠤᠤᠯ ᠬᠦᠷᠬᠦ ᠠᠭᠠᠷ ᠠᠶᠠᠯᠠᠯ ᠤᠨ ᠱᠤᠭᠤᠮ ᠤᠨ ᠤᠯᠠᠰᠢᠷᠠᠬᠰᠠᠨ ᠨᠢ ᠲᠦ᠋ᠩᠯᠢᠶᠤᠤ ᠡᠴᠡ ᠬᠤᠤᠯᠢᠨ ᠭᠤᠤᠯ ᠬᠦᠷᠬᠦ ᠬᠤᠷᠳᠤᠨ ᠤ ᠠᠭᠠᠷ ᠠᠶᠠᠯᠠᠯ ᠢ ᠪᠤᠢ ᠪᠤᠯᠭᠠᠬᠤ ᠳᠤ ᠰᠠᠭᠤᠷᠢ ᠲᠠᠯᠪᠢᠪᠠ᠃

ᠢᠷᠡᠯᠳᠡ᠄ ᠦᠪᠦᠷ ᠮᠣᠩᠭᠣᠯ ᠤᠨ ᠵᠠᠰᠠᠭ ᠤᠨ ᠤᠷᠳᠤᠨ ᠪᠡᠯᠡᠳᠭᠡᠭ᠍ᠰᠡᠨ ᠨᠢ᠄ ᠬᠡᠦᠬᠡᠨᠰᠤᠯᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011100001121457875