蒙古文网站Logo
ᠰᠢᠨᠬᠤᠸᠠ ᠮᠤᠩᠭ᠋ᠤᠯ ᠨᠧᠲ

《 2017 ᠳᠡᠯᠡᠬᠡᠢ ᠶᠢᠨ ᠮᠠᠰᠢᠨ ᠬᠦᠮᠦᠨ ᠤ ᠶᠡᠬᠡ ᠬᠤᠷᠠᠯ》 8 ᠰᠠᠷ᠎ᠠ ᠳᠤ ᠪᠡᠭᠡᠵᠢᠩ ᠳᠤ ᠶᠠᠪᠤᠭᠳᠠᠨ᠎ᠠ

2017-08-09 16:51

    ᠰᠢᠨᠬᠤᠸᠠ ᠨᠸᠲ   ᠪᠡᠭᠡᠵᠢᠩ ᠤᠨ 8 ᠰᠠᠷ᠎ᠠ ᠶᠢᠨ 8 ᠤ ᠡᠳᠦᠷ ᠤᠨ ᠴᠠᠬᠢᠯᠠᠭᠠᠨ ᠮᠡᠳᠡᠬᠡ 《 2017 ᠳᠡᠯᠡᠬᠡᠢ ᠶᠢᠨ ᠮᠠᠰᠢᠨ ᠬᠦᠮᠦᠨ ᠤ ᠶᠡᠬᠡ ᠬᠤᠷᠠᠯ》 8 ᠰᠠᠷ᠎ᠠ ᠶᠢᠨ 23 ᠡᠴᠡ 27 ᠤ ᠡᠳᠦᠷ ᠪᠤᠯᠲᠠᠯ᠎ᠠ ᠪᠡᠭᠡᠵᠢᠩ ᠬᠤᠲᠠᠨ᠎ᠠ ᠶᠠᠪᠤᠭᠳᠠᠬᠤ ᠪᠡᠷ ᠪᠤᠢ᠃ ᠳᠤᠮᠳᠠᠳᠤ ᠤᠯᠤᠰ ᠤᠨ ᠡᠯᠸᠺᠲ᠋ᠷᠤᠨ ᠨᠡᠶᠢᠭᠡᠮᠯᠢᠭ᠌ ᠤᠨ ᠬᠡᠷᠡᠭ ᠮᠡᠳᠡᠭᠴᠢ ᠶᠢᠨ ᠲᠡᠳ᠋ ᠳᠠᠷᠤᠭ᠎ᠠ ᠮᠦᠷᠳᠡᠭᠡᠨ ᠨᠠᠷᠢᠨ ᠪᠢᠴᠢᠭ᠌ ᠤᠨ ᠳᠠᠷᠤᠭ᠎ᠠ ᠰᠢᠦᠢ ᠰᠢᠶᠤᠤ ᠯᠠᠨ ᠲᠠᠨᠢᠯᠴᠠᠭᠤᠯᠤᠭᠰᠠᠨ ᠨᠢ᠂ ᠲᠤᠰ ᠤᠳᠠᠭᠠᠨ ᠤ ᠲᠡᠯᠡᠬᠡᠢ ᠶᠢᠨ ᠮᠠᠰᠢᠨ ᠬᠦᠮᠦᠨ ᠤ ᠶᠡᠬᠡ ᠬᠤᠷᠠᠯ ᠨᠢ ᠹᠤᠷᠦ᠋ᠮ᠂ ᠶᠠᠭᠠᠷᠠᠮᠠᠭ᠂ ᠮᠠᠰᠢᠨ ᠬᠦᠮᠦᠨ ᠤ ᠤᠷᠤᠯᠳᠤᠭᠠᠨ ᠵᠡᠷᠭᠡ ᠭᠤᠷᠪᠠᠨ ᠲᠤᠮᠤ ᠬᠡᠰᠡᠭ ᠢᠶᠡᠷ ᠪᠦᠷᠢᠯᠳᠤᠵᠠᠢ᠃

    2017 ᠤᠨ ᠤ ᠳᠡᠯᠡᠬᠡᠢ ᠶᠢᠨ ᠮᠠᠰᠢᠨ ᠬᠦᠮᠦᠨ ᠤ ᠶᠠᠭᠠᠷᠠᠮᠠᠭ 5 ᠡᠳᠦᠷ ᠤᠨ ᠬᠤᠭᠤᠴᠠᠭ᠎ᠠ ᠲᠠᠢ ᠦᠷᠭᠦᠯᠵᠢᠯᠡᠵᠤ᠂ ᠦᠵᠡᠰᠭᠦᠯᠡᠩ ᠤᠨ ᠲᠡᠯᠡᠪᠡᠢ ᠨᠢ 5 ᠲᠦᠮᠡᠨ ᠺᠦᠸᠠᠳ᠋ ᠮᠸᠲ᠋ᠷ᠂ ᠡᠭᠦᠨ ᠳᠤ ᠠᠵᠤ ᠦᠢᠯᠡᠳᠪᠦᠷᠢ ᠶᠢᠨ ᠮᠠᠰᠢᠨ ᠬᠦᠮᠦᠨ᠂ ᠦᠢᠯᠡᠴᠢᠯᠡᠭᠡᠨ ᠤ ᠮᠠᠰᠢᠨ ᠬᠦᠮᠦᠨ᠂ ᠲᠤᠰᠬᠠᠢ ᠮᠠᠰᠢᠨ ᠬᠦᠮᠦᠨ᠂ ᠵᠤᠬᠢᠶᠠᠮᠠᠯ ᠤᠬᠠᠭᠠᠯᠢᠭ ᠮᠡᠰᠢᠨ ᠤ ᠦᠵᠡᠰᠭᠦᠯᠡᠩ ᠤᠨ ᠲᠤᠭᠤᠷᠢᠭ ᠵᠢᠴᠢ ᠤᠯᠠᠨ ᠤᠯᠤᠰ ᠤᠨ ᠦᠵᠡᠰᠭᠦᠯᠡᠩ ᠤᠨ ᠲᠤᠭᠤᠷᠢᠭ ᠢ ᠪᠠᠭᠲᠠᠭᠠᠵᠤ ᠪᠤᠢ᠃

    ᠬᠤᠷᠠᠯ ᠤᠨ ᠬᠤᠭᠤᠴᠠᠭᠠᠨ ᠳᠤ᠂ 2017 ᠤᠨ ᠤ ᠳᠡᠯᠡᠬᠡᠢ ᠶᠢᠨ ᠮᠠᠰᠢᠨ ᠬᠦᠮᠦᠨ ᠤ ᠤᠷᠤᠯᠳᠤᠭᠠᠨ ᠶᠠᠪᠤᠭᠳᠠᠨ᠎ᠠ᠃ ᠲᠤᠰ ᠤᠷᠤᠯᠳᠤᠭᠠᠨ ᠳᠤ ᠳᠤᠮᠳᠠᠳᠤ ᠤᠯᠤᠰ ᠤᠨ ᠤᠳᠤᠷᠢᠳᠤᠯᠭ᠎ᠠ ᠪᠡᠷ ᠨᠢᠰᠦᠭᠴᠢ ᠶᠢᠨ ᠢᠯᠡ ᠤᠷᠤᠯᠳᠤᠭᠠᠨ ᠤ ᠰᠶ᠋ᠢᠳᠪᠦᠷᠢᠲᠤ ᠲᠡᠮᠡᠴᠡᠭᠡᠨ᠂BCI ᠲᠠᠷᠢᠬᠢ ᠪᠡᠷ ᠡᠵᠡᠮᠳᠡᠬᠦ ᠮᠠᠰᠢᠨ ᠬᠦᠮᠦᠨ ᠤ ᠤᠷᠤᠯᠳᠤᠭᠠᠨ᠂ ᠲᠤᠯᠤᠯᠳᠤᠭᠠᠨ ᠤ ᠮᠠᠰᠢᠨ ᠬᠦᠮᠦᠨ ᠤ ᠤᠷᠤᠯᠳᠤᠭᠠᠨ᠂ ᠵᠠᠯᠠᠭᠤ ᠪᠠᠭᠠᠴᠤᠳ ᠤᠨ ᠳ᠋ᠢᠽᠠᠶᠢᠨ ᠶᠢᠨ ᠤᠷᠤᠯᠳᠤᠭᠠᠨ ᠵᠡᠷᠭᠡ ᠤᠷᠤᠯᠳᠤᠭᠠᠨ ᠢ ᠲᠤᠬᠢᠷᠠᠭᠤᠯᠪᠠ᠃ ᠬᠡᠳᠦᠨ ᠰᠠᠷ᠎ᠠ ᠶᠢᠨ ᠮᠦᠷᠦᠶᠢᠴᠡᠭᠡᠨ ᠰᠢᠯᠭᠠᠷᠠᠭᠤᠯᠤᠯᠲᠠ ᠳᠡᠬᠢ ᠡᠯ᠎ᠠ ᠤᠷᠤᠯᠳᠤᠭᠠᠨ ᠤ ᠰᠶ᠋ᠢᠳᠪᠦᠷᠢᠲᠤ ᠲᠡᠮᠡᠴᠡᠭᠡᠨ ᠢ ᠶᠡᠬᠡ ᠬᠤᠷᠠᠯ ᠤᠨ ᠬᠤᠭᠤᠴᠠᠭᠠᠨ ᠳᠤ ᠶᠠᠪᠤᠭᠳᠠᠭᠤᠯᠤᠨ᠎ᠠ᠃ ᠲᠤᠬᠠᠢ ᠶᠢᠨ ᠴᠠᠭ ᠲᠤ ᠤᠯᠤᠰ ᠤᠨ ᠳᠤᠲᠤᠭᠠᠲᠤ ᠭᠠᠳᠠᠭᠠᠲᠤ ᠶᠢᠨ ᠨᠡᠷᠡᠲᠤ ᠶᠡᠬᠡ ᠲᠡᠭᠡᠲᠤ ᠰᠤᠷᠭᠠᠭᠤᠯᠢ ᠡᠴᠡ ᠬᠦᠷᠦᠯᠴᠡᠨ ᠢᠷᠡᠭᠰᠡᠨ ᠮᠠᠰᠢᠨ ᠬᠦᠮᠦᠨ ᠤ ᠲᠤᠷ᠎ᠠ ᠪᠠᠬᠠᠲᠠᠳ ᠦᠪᠡᠷᠰᠡᠳ ᠤᠨ ᠰᠢᠨ᠎ᠠ ᠶᠢ ᠡᠭᠦᠳᠦᠯᠲᠡ ᠶᠢᠨ ᠪᠦᠲᠦᠭᠡᠯ ᠢᠶᠡᠨ ᠳᠡᠯᠭᠡᠨ ᠦᠵᠡᠭᠦᠯᠬᠦ ᠪᠤᠶᠤ ᠮᠠᠰᠢᠨ ᠬᠦᠮᠦᠨ ᠤ ᠮᠡᠷᠭᠡᠵᠢᠯ ᠢ ᠭᠠᠶᠢᠬᠠᠭᠤᠯᠬᠤ ᠪᠤᠯᠤᠨ᠎ᠠ᠃

ᠢᠷᠡᠯᠳᠡ᠄ ᠰᠢᠨᠬᠤᠸᠠ ᠨᠸᠲ ᠪᠡᠯᠡᠳᠭᠡᠭ᠍ᠰᠡᠨ ᠨᠢ᠄ ᠬᠡᠦᠬᠡᠨᠰᠤᠯᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011100001121457890