蒙古文网站Logo
ᠰᠢᠨᠬᠤᠸᠠ ᠮᠤᠩᠭ᠋ᠤᠯ ᠨᠧᠲ

ᠤᠯᠠᠭᠠᠨᠬᠠᠳᠠ ᠡᠴᠡ ᠬᠦᠬᠡᠬᠤᠲᠠ ᠬᠦᠷᠬᠦ ᠲᠦᠷ ᠴᠠᠭ ᠤᠨ ᠭᠠᠯᠲᠤ ᠲᠡᠷᠭᠡ ᠨᠡᠮᠡᠪᠡ

2017-08-22 11:23

    8 ᠰᠠᠷ᠎ᠠ ᠶᠢᠨ 18 ᠤ ᠡᠳᠦᠷ᠂ ᠰᠤᠷᠪᠤᠯᠵᠢᠯᠠᠭᠴᠢ ᠤᠯᠠᠭᠠᠨᠬᠠᠳᠠ ᠶᠢᠨ ᠭᠠᠯᠲᠤ ᠲᠡᠷᠭᠡᠨ ᠤ ᠦᠷᠲᠡᠭᠡ ᠡᠴᠡ ᠤᠢᠢᠯᠠᠭᠠᠭᠰᠠᠨ ᠢᠶᠡᠷ᠂ 8 ᠰᠠᠷ᠎ᠠ ᠶᠢᠨ 24 ᠤ ᠡᠳᠦᠷ ᠡᠴᠡ 9 ᠰᠠᠷ᠎ᠠ ᠶᠢᠨ 3 ᠤ ᠡᠳᠦᠷ ᠪᠣᠯᠳᠠᠯ᠎ᠠ᠂ ᠤᠯᠠᠭᠠᠨᠬᠠᠳᠠ ᠡᠴᠡ ᠬᠦᠬᠡᠬᠤᠲᠠ ᠬᠦᠷᠬᠦ ᠲᠦᠷ ᠴᠠᠭ ᠤᠨ ᠭᠠᠯᠲᠤ ᠲᠡᠷᠭᠡ ᠨᠡᠮ᠋ᠡᠵᠦ᠂ ᠤᠶᠤᠲᠠᠳ ᠤᠨ ᠰᠤᠷᠭᠠᠭᠤᠯᠢ ᠳ᠋ᠠᠭᠠᠨ ᠬᠦᠷᠬᠦ ᠳ᠋ᠤ ᠳᠦᠭᠦᠮ ᠦᠵᠡᠭᠦᠯᠬᠦ ᠪᠤᠯᠤᠨ᠎ᠠ᠃

    8 ᠰᠠᠷ᠎ᠠ᠎ ᠶᠢᠨ 24᠂25᠂31 ᠤ ᠡᠳᠦᠷ᠂ 9 ᠰᠠᠷ᠎ᠠ ᠶᠢᠨ 1 ᠤ ᠡᠳᠦᠷ᠂ ᠤᠯᠠᠭᠠᠨᠬᠠᠳᠠ ᠵᠢᠨ ᠭᠠᠯᠲᠤ ᠲᠡᠷᠭᠡᠨ ᠦᠷᠲᠡᠭᠡᠨ ᠡᠴᠡ ᠬᠦᠬᠡᠬᠤᠲᠠ ᠵᠢᠨ ᠭᠠᠯᠲᠤ ᠲᠡᠷᠭᠡᠨ ᠤ ᠵᠡᠭᠦᠨ ᠦᠷᠲᠡᠭᠡ ᠬᠦᠷᠬᠦ K4244/1 ᠲᠦᠷ ᠴᠠᠭ ᠤᠨ ᠭᠠᠯᠲᠤ ᠲᠡᠷᠭᠡ ᠨᠡᠮ᠋ᠡᠵᠠᠢ᠃ ᠲᠤᠰ ᠭᠠᠯᠲᠤ ᠲᠡᠷᠭᠡ 12᠄ 08 ᠴᠠᠭ ᠲᠤ ᠤᠯᠠᠭᠠᠨᠬᠠᠳᠠ ᠡᠴᠡ ᠬᠦᠳᠡᠯᠵᠦ᠂ ᠲᠠᠷᠠᠭ᠎ᠠ ᠡᠳᠦᠷ ᠤᠨ ᠬᠢᠨᠢ 14᠄ 02 ᠴᠠᠭ ᠲᠤ ᠬᠦᠬᠡᠬᠤᠲᠠ ᠵᠢᠨ ᠭᠠᠯᠲᠤ ᠲᠡᠷᠭᠡᠨ ᠤ ᠵᠡᠭᠦᠨ ᠦᠷᠲᠡᠭᠡᠨ ᠳ᠋ᠤ ᠬᠦᠷᠦᠨ᠎ᠠ᠃8 ᠰᠠᠷ᠎ᠠ᠎ ᠶᠢᠨ 26᠂27 ᠤ ᠡᠳᠦᠷ᠂ 9 ᠰᠠᠷ᠎ᠠ ᠶᠢᠨ 2᠂3 ᠤ ᠡᠳᠦᠷ ᠬᠦᠬᠡᠬᠤᠲᠠ ᠵᠢᠨ ᠭᠠᠯᠲᠤ ᠲᠡᠷᠭᠡᠨ ᠤ ᠵᠡᠭᠦᠨ ᠦᠷᠲᠡᠭᠡᠨ ᠡᠴᠡ ᠤᠯᠠᠭᠠᠨᠬᠠᠳᠠ ᠵᠢᠨ ᠭᠠᠯᠲᠤ ᠲᠡᠷᠭᠡᠨ ᠦᠷᠲᠡᠭᠡ ᠬᠦᠷᠬᠦ K 4242/ 3 ᠲᠦᠷ ᠴᠠᠭ ᠤᠨ ᠭᠠᠯᠲᠤ ᠲᠡᠷᠭᠡ ᠨᠡᠮ᠋ᠡᠵᠦ᠂ ᠲᠤᠰ ᠲᠡᠷᠭᠡ 15᠄ 39 ᠴᠠᠭ ᠲᠤ ᠬᠦᠬᠡᠬᠤᠲᠠ ᠡᠴᠡ ᠬᠦᠳᠡᠯᠵᠦ᠂ ᠲᠠᠷᠠᠭ᠎ᠠ ᠡᠳᠦᠷ ᠤᠨ ᠬᠢᠨᠢ 15᠄ 14 ᠴᠠᠭ ᠲᠤ ᠤᠯᠠᠭᠠᠨᠬᠠᠳᠠ ᠳ᠋ᠤ ᠬᠦᠷᠦᠨ᠎ᠠ᠃ ᠡᠨᠡ ᠲᠦᠷ ᠴᠠᠭ ᠤᠨ ᠭᠠᠯᠲᠤ ᠲᠡᠷᠭᠡ ᠤᠯᠠᠭᠠᠨᠬᠠᠳᠠ ᠡᠴᠡ ᠬᠦᠳᠡᠯᠵᠦ ᠰᠸ ᠾᠸ ᠶᠦᠩ᠂ ᠯᠦᠩ ᠬᠤᠸᠠ᠂ ᠯᠤᠸᠠᠨ ᠫᠢᠩ᠂ ᠬᠤᠸᠠᠢ ᠿᠸᠦ ᠶᠢᠨ ᠬᠤᠶᠢᠲᠤ ᠦᠷᠲᠡᠭᠡ᠂ ᠴᠠᠩ ᠫᠢᠩ ᠤᠨ ᠬᠤᠶᠢᠲᠤ ᠦᠷᠲᠡᠭᠡ᠂ ᠰᠢᠤᠸᠠᠨ ᠬᠤᠸᠠ᠂ ᠴᠢᠭᠤᠯᠤᠯᠲᠤ ᠬᠠᠭᠠᠯᠭ᠎ᠠ ᠶᠢᠨ ᠪᠠᠷᠠᠭᠤᠨ ᠦᠷᠲᠡᠭᠡ᠂ ᠭᠦᠸᠸ ᠯᠸᠢ ᠵᠤᠸᠠᠩ᠂ ᠴᠠᠢ ᠭ᠍ᠸᠤ ᠫᠦ᠋᠂ ᠲᠢᠶᠠᠨ ᠵᠸᠨ᠂ ᠶᠠᠩ ᠭᠤᠤ᠂ ᠳ᠋ᠠᠲ᠋ᠦ᠋ᠩ᠂ ᠭᠦ᠋ ᠳ᠋ᠢᠶᠠᠨ᠂ ᠵᠢᠨᠢᠩ ᠪᠠᠷᠠᠭᠤᠨ ᠦᠷᠲᠡᠭᠡ ᠶᠢ ᠲᠠᠭᠠᠷᠢᠵᠦ᠂ ᠬᠦᠬᠡᠬᠤᠲᠠ ᠵᠢᠨ ᠭᠠᠯᠳᠦ ᠲᠡᠷᠭᠡᠨ ᠤ ᠵᠡᠭᠦᠨ ᠦᠷᠲᠡᠭᠡ ᠬᠦᠷᠦᠨ᠎ᠠ᠃ ᠡᠨᠡ ᠬᠤᠶᠠᠷ ᠲᠦᠷ ᠴᠠᠭ ᠤᠨ ᠭᠠᠯᠲᠤ ᠲᠡᠷᠭᠡᠨ ᠤ ᠲᠠᠰᠤᠯᠪᠤᠷᠢ ᠶᠢ ᠨᠢᠭᠡᠨᠲᠡ ᠬᠤᠳᠠᠯᠳᠤᠵᠤ ᠡᠬᠢᠯᠡᠪᠡ᠃

ᠢᠷᠡᠯᠳᠡ᠄ ᠦᠪᠦᠷ ᠮᠣᠩᠭᠣᠯ ᠤᠨ ᠡᠳᠦᠷ ᠤᠨ ᠰᠤᠨᠢᠨ ᠪᠡᠯᠡᠳᠭᠡᠭ᠍ᠰᠡᠨ ᠨᠢ᠄ ᠬᠡᠦᠬᠡᠨᠰᠤᠯᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011100001121522641