蒙古文网站Logo
ᠰᠢᠨᠬᠤᠸᠠ ᠮᠤᠩᠭ᠋ᠤᠯ ᠨᠧᠲ

ᠢᠷᠡᠬᠦ ᠭᠤᠷᠪᠠᠨ ᠬᠤᠨᠤᠭ ᠤᠨ ᠦᠪᠦᠷ ᠮᠤᠩᠭᠤᠯ ᠤᠨ ᠴᠠᠭ ᠠᠭᠠᠷ ᠤᠨ ᠪᠠᠶᠢᠲᠠᠯ

2017-08-23 19:09

    ᠰᠢᠨᠬᠤᠧᠠ ᠮᠤᠩᠭᠤᠯ ᠨᠧᠲ   ᠬᠦᠬᠡᠬᠤᠲᠠ ᠶᠢᠨ 8 ᠰᠠᠷ᠎ᠠ ᠶᠢᠨ 23 ᠤ ᠡᠲᠦᠷ ᠤᠨ ᠴᠠᠬᠢᠯᠭᠠᠨ ᠮᠡᠲᠡᠭᠡ ( ᠬ • ᠦᠵᠡᠰᠭᠦᠯᠡᠩ ) ᠰᠡᠬᠦᠯ ᠤᠨ ᠡᠲᠦᠷ ᠦᠪᠦᠷ ᠮᠤᠩᠭᠤᠯ ᠤᠨ ᠤᠯᠠᠩᠬᠢ ᠭᠠᠵᠠᠷ ᠲᠤ ᠬᠤᠷ᠎ᠠ ᠲᠤᠨᠲᠠᠰᠤ ᠪᠠᠭᠤᠵᠤ᠂ ᠠᠭᠠᠷ ᠤᠨ ᠲᠤᠯᠠᠭᠠᠨ ᠲᠤᠷᠤᠭᠰᠢᠯᠠᠪᠠ᠃ ᠦᠪᠦᠷ ᠮᠤᠩᠭᠤᠯ ᠤᠨ ᠴᠠᠭ ᠠᠭᠤᠷ ᠤᠨ ᠬᠤᠷᠢᠶᠠᠨ ᠡᠴᠡ ᠦᠨᠦᠲᠦᠷ ᠤᠨ 15᠄ 30 ᠴᠠᠭ ᠲᠤ ᠤᠷᠢᠳᠴᠢᠯᠠᠨ ᠲᠤᠭᠠᠴᠠᠭᠠᠯᠠᠭᠰᠠᠨ ᠢᠶᠡᠷ᠂ ᠢᠷᠡᠬᠦ ᠭᠤᠷᠪᠠᠨ ᠬᠤᠨᠤᠭ ᠲᠤ ᠦᠪᠦᠷ ᠮᠤᠩᠭᠤᠯ ᠤᠨ ᠬᠡᠰᠡᠭ ᠪᠦᠰᠡ ᠨᠤᠲᠤᠭ ᠲᠤ ᠬᠤᠷ᠎ᠠ ᠲᠤᠨᠲᠠᠰᠤ ᠪᠠᠭᠤᠵᠤ᠂ ᠵᠡᠬᠦᠨ ᠬᠤᠶᠢᠲᠤ ᠪᠦᠰᠡ ᠶᠢᠨ ᠠᠭᠠᠷ ᠤᠨ ᠲᠤᠯᠠᠭᠠᠨ ᠲᠤᠷᠤᠭᠰᠢᠯᠠᠨ᠎ᠠ᠃ ᠪᠤᠲᠠᠲᠠᠢ ᠴᠠᠭ ᠠᠭᠠᠷ ᠤᠨ ᠪᠠᠶᠢᠲᠠᠯ ᠲᠤᠤᠷᠠᠬᠢ ᠮᠡᠲᠦ᠄

    8 ᠰᠠᠷ᠎ᠠ ᠶᠢᠨ 23 ᠤ ᠡᠲᠦᠷ ᠤᠨ 20᠄ 00 ᠴᠠᠭ ᠡᠴᠡ 8 ᠰᠠᠷ᠎ᠠ ᠶᠢᠨ 24 ᠤ ᠡᠲᠦᠷ ᠤᠨ 20᠄ 00 ᠴᠠᠭ ᠪᠤᠯᠲᠠᠯ᠎ᠠ ᠦᠪᠦᠷ ᠮᠤᠩᠭᠤᠯ ᠤᠨ ᠪᠠᠷᠠᠭᠤᠨ ᠪᠦᠰᠡ ᠶᠢᠨ ᠡᠮᠦᠨ᠎ᠡ ᠬᠡᠰᠡᠭ᠂ ᠵᠡᠬᠦᠨ ᠬᠤᠶᠢᠲᠤ ᠪᠦᠰᠡ ᠳᠤ ᠡᠬᠦᠯᠡ ᠲᠠᠢ᠂ ᠠᠯᠠᠱᠠ ᠶᠢᠨ ᠡᠮᠦᠨ᠎ᠡ ᠪᠦᠰᠡ᠂ ᠤᠷᠲᠤᠰ ᠤᠨ ᠡᠮᠦᠨ᠎ᠡ ᠪᠦᠰᠡ᠂ ᠰᠢᠯᠢ ᠶᠢᠨ ᠭᠤᠤᠯ ᠤᠨ ᠵᠡᠬᠦᠨ ᠬᠤᠶᠢᠲᠤ ᠪᠦᠰᠡ᠂ ᠬᠢᠩᠭᠠᠨ ᠤ ᠬᠤᠶᠢᠲᠤ ᠪᠦᠰᠡ᠂ ᠬᠦᠯᠦᠨ ᠪᠤᠶᠢᠷ ᠲᠤ ᠪᠠᠭ᠎ᠠ ᠪᠤᠷᠤᠭᠠᠨ ᠤᠷᠤᠨ᠎ᠠ᠂ ᠬᠦᠯᠦᠨ ᠪᠤᠶᠢᠷ ᠤᠨ ᠬᠤᠶᠢᠲᠤ ᠪᠦᠰᠡ ᠳ᠋ᠤ ᠲᠤᠮᠲᠠ ᠵᠡᠷᠭᠡ ᠶᠢᠨ ᠪᠤᠷᠤᠭᠠᠨ ᠤᠷᠤᠨ᠎ᠠ᠂ ᠬᠦᠯᠦᠨ ᠪᠤᠶᠢᠷ ᠤᠨ ᠪᠠᠷᠠᠭᠤᠨ ᠬᠤᠶᠢᠲᠤ ᠪᠦᠰᠡ ᠳ᠋ᠤ ᠶᠡᠬᠡ ᠪᠤᠷᠤᠭᠠᠨ ᠤᠷᠤᠨ᠎ᠠ᠂ ᠪᠤᠰᠤᠳ ᠭᠠᠵᠠᠷ ᠲᠤ ᠡᠭᠦᠯᠡᠰᠢᠨ᠎ᠡ᠃ ᠵᠡᠬᠦᠨ ᠪᠦᠰᠡ ᠳ᠋ᠤ ᠪᠠᠷᠠᠭᠤᠨ ᠬᠤᠶᠢᠨ᠎ᠡ ᠡᠴᠡ 4 – 5 ᠲᠡᠰ ᠤᠨ ᠰᠠᠯᠬᠢ ᠲᠠᠢ᠃ ᠵᠡᠬᠦᠨ ᠬᠤᠶᠢᠲᠤ ᠪᠦᠰᠡ ᠳ᠋ᠤ ᠠᠭᠠᠷ ᠤᠨ ᠲᠤᠯᠠᠭᠠᠨ 6 ᠭᠷᠠᠳᠦ᠋ᠰ ᠲᠤᠷᠤᠭᠰᠢᠯᠡᠨ᠎ᠡ᠃

    8 ᠰᠠᠷ᠎ᠠ ᠶᠢᠨ 24 ᠤ ᠡᠲᠦᠷ ᠤᠨ 20᠄ 00 ᠴᠠᠭ ᠡᠴᠡ 8 ᠰᠠᠷ᠎ᠠ ᠶᠢᠨ 25 ᠤ ᠡᠲᠦᠷ ᠤᠨ 20᠄ 00 ᠴᠠᠭ ᠪᠤᠯᠲᠠᠯ᠎ᠠ ᠦᠪᠦᠷ ᠮᠤᠩᠭᠤᠯ ᠤᠨ ᠪᠠᠷᠠᠭᠤᠨ ᠪᠦᠰᠡ ᠶᠢᠨ ᠡᠮᠦᠨ᠎ᠡ ᠬᠡᠰᠡᠭ᠂ ᠵᠡᠬᠦᠨ ᠬᠤᠶᠢᠲᠤ ᠪᠦᠰᠡ ᠳ᠋ᠤ ᠡᠬᠦᠯᠡ ᠲᠠᠢ᠂ ᠠᠯᠠᠱᠠ ᠶᠢᠨ ᠡᠮᠦᠨ᠎ᠡ ᠪᠦᠰᠡ᠂ ᠤᠷᠲᠤᠰ ᠤᠨ ᠡᠮᠦᠨ᠎ᠡ ᠪᠦᠰᠡ᠂ ᠬᠢᠩᠭᠠᠨ ᠤ ᠬᠤᠶᠢᠲᠤ ᠪᠦᠰᠡ᠂ ᠬᠦᠯᠦᠨ ᠪᠤᠶᠢᠷ ᠲᠤ ᠪᠠᠭ᠎ᠠ ᠪᠤᠷᠤᠭᠠᠨ ᠤᠷᠤᠨ᠎ᠠ᠃ ᠪᠤᠰᠤᠳ ᠭᠠᠵᠠᠷ ᠲᠤ ᠡᠭᠦᠯᠡᠰᠢᠨ᠎ᠡ᠃ ᠵᠡᠬᠦᠨ ᠪᠦᠰᠡ ᠳ᠋ᠤ ᠪᠠᠷᠠᠭᠤᠨ ᠬᠤᠶᠢᠨ᠎ᠡ ᠡᠴᠡ 4 – 5 ᠲᠡᠰ ᠤᠨ ᠰᠠᠯᠬᠢ ᠲᠠᠢ᠃

    8 ᠰᠠᠷ᠎ᠠ ᠶᠢᠨ 25 ᠤ ᠡᠲᠦᠷ ᠤᠨ 20᠄ 00 ᠴᠠᠭ ᠡᠴᠡ 8 ᠰᠠᠷ᠎ᠠ ᠶᠢᠨ 26 ᠤ ᠡᠲᠦᠷ ᠤᠨ 20᠄ 00 ᠴᠠᠭ ᠪᠤᠯᠲᠠᠯ᠎ᠠ ᠦᠪᠦᠷ ᠮᠤᠩᠭᠤᠯ ᠤᠨ ᠪᠠᠷᠠᠭᠤᠨ ᠪᠦᠰᠡ ᠶᠢᠨ ᠡᠮᠦᠨ᠎ᠡ ᠬᠡᠰᠡᠭ᠂ ᠵᠡᠬᠦᠨ ᠬᠤᠶᠢᠲᠤ ᠪᠦᠰᠡ ᠳᠤ ᠡᠬᠦᠯᠡ ᠲᠠᠢ᠂ ᠠᠯᠠᠱᠠ ᠶᠢᠨ ᠡᠮᠦᠨ᠎ᠡ ᠪᠦᠰᠡ᠂ ᠤᠷᠲᠤᠰ᠂ ᠬᠦᠯᠦᠨ ᠪᠤᠶᠢᠷ ᠤᠨ ᠬᠤᠶᠢᠲᠤ ᠪᠦᠰᠡ ᠳ᠋ᠤ ᠪᠠᠭ᠎ᠠ ᠪᠤᠷᠤᠭᠠᠨ ᠤᠷᠤᠨ᠎ᠠ᠂ ᠠᠯᠠᠱᠠ ᠶᠢᠨ ᠵᠡᠬᠦᠨ ᠡᠮᠦᠨ᠎ᠡ ᠪᠦᠰᠡ᠂ ᠤᠷᠲᠤᠰ ᠤᠨ ᠡᠮᠦᠨ᠎ᠡ ᠪᠦᠰᠡ ᠳ᠋ᠤ ᠲᠤᠮᠲᠠ ᠵᠡᠷᠭᠡ ᠶᠢᠨ ᠪᠤᠷᠤᠭᠠᠨ ᠤᠷᠤᠨ᠎ᠠ᠃ ᠪᠤᠰᠤᠳ ᠭᠠᠵᠠᠷ ᠲᠤ ᠡᠭᠦᠯᠡᠰᠢᠨ᠎ᠡ᠃ ᠵᠡᠬᠦᠨ ᠪᠦᠰᠡ ᠳ᠋ᠤ ᠪᠠᠷᠠᠭᠤᠨ ᠬᠤᠶᠢᠨ᠎ᠡ ᠡᠴᠡ 4 – 5 ᠲᠡᠰ ᠤᠨ ᠰᠠᠯᠬᠢ ᠲᠠᠢ᠃

    ᠦᠢᠯᠡᠴᠢᠯᠡᠭᠡ᠄ ᠦᠨᠦᠲᠦᠷ ᠬᠤᠷᠢᠨ ᠲᠦᠷᠪᠡᠨ ᠴᠠᠭ ᠤᠯᠠᠷᠢᠯ ᠤᠨ《ᠬᠠᠯᠠᠭᠤᠨ ᠡᠭᠡᠬᠦ 》ᠤᠯᠠᠷᠢᠯ ᠪᠤᠯᠪᠠ ᠃ ᠵᠤᠨ ᠤ ᠬᠠᠯᠠᠭᠤᠨ ᠦᠩᠭᠡᠷᠡᠵᠦ᠂ ᠠᠭᠤᠷ ᠠᠮᠢᠰᠬᠤᠯ ᠬᠦᠢᠲᠡᠷᠡᠬᠦ ᠰᠢᠯᠵᠢᠯᠲᠡ ᠶᠢᠨ ᠦᠶ᠎ᠠ ᠪᠤᠯᠤᠯ᠎ᠠ᠃ ᠡᠨᠡ ᠦᠶ᠎ᠠ ᠪᠡᠷ ᠡᠲᠦᠷ ᠰᠦᠨᠢ ᠶᠢᠨ ᠠᠭᠠᠷ ᠤᠨ ᠲᠤᠯᠠᠭᠠᠨ ᠤ ᠵᠦᠷᠢᠶ᠎ᠠ ᠶᠡᠬᠡ ᠪᠤᠯᠲᠠᠭ ᠡᠴᠡ ᠤᠨᠲᠠᠵᠤ ᠠᠮᠠᠷᠠᠬᠤ ᠪᠠᠨ ᠲᠤᠬᠢᠲᠠᠢ ᠲᠤᠬᠢᠷᠠᠭᠤᠯᠵᠤ᠂ ᠤᠰᠤ ᠢᠯᠡᠬᠦᠬᠡᠨ ᠤᠤᠭᠤᠵᠤ᠂ ᠪᠠᠶ᠎ᠠ ᠶᠢᠨ ᠲᠠᠮᠢᠷ ᠤᠨ ᠬᠦᠲᠡᠯᠭᠡᠭᠡᠨ ᠳ᠋ᠤ ᠢᠯᠡᠬᠦᠬᠡᠨ ᠤᠷᠤᠯᠴᠠᠠ᠂ ᠬᠤᠲᠤᠭᠤᠲᠤ ᠲᠡᠯᠢᠬᠦᠦ ᠳ᠋ᠤ ᠲᠤᠰᠠᠲᠠᠢ ᠢᠲᠡᠭᠡᠨ ᠢᠯᠡᠬᠦᠭᠡᠨ ᠢᠲᠡᠪᠡᠯ ᠰᠠᠶᠢᠨ᠃

ᠢᠷᠡᠯᠳᠡ᠄ ᠰᠢᠨᠬᠤᠧᠠ ᠮᠤᠩᠭᠤᠯ ᠨᠧᠲ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120791121531691