蒙古文网站Logo
ᠰᠢᠨᠬᠤᠸᠠ ᠮᠤᠩᠭ᠋ᠤᠯ ᠨᠧᠲ

ᠦᠪᠦᠷ ᠮᠣᠩᠭᠣᠯ ᠳᠤ ᠶᠡᠬᠡ ᠰᠠᠯᠬᠢᠯᠡᠵᠤ ᠬᠦᠢᠳᠡᠷᠡᠨ᠎ᠠ ᠷᠠᠰᠢᠶᠠᠨ ᠳᠤ ᠦᠴᠦᠭᠡᠳᠦᠷ ᠴᠠᠰᠤ ᠤᠷᠤᠪᠠ

2017-08-29 17:17

    ᠲᠦᠷᠦᠭᠦᠬᠡᠨ᠂ ᠦᠪᠦᠷ ᠮᠣᠩᠭᠣᠯ ᠤᠨ ᠴᠠᠭ ᠠᠭᠠᠷ ᠤᠨ ᠬᠤᠪᠢᠷᠠᠯᠳᠠ ᠶᠡᠬᠡ᠂ ᠡᠯ᠎ᠠ ᠪᠦᠰᠡ ᠨᠤᠲᠤᠭ ᠲᠤ ᠨᠠᠮᠤᠷ ᠪᠤᠯᠵᠦ ᠪᠠᠢᠢᠬᠤ ᠳ᠋ᠦ ᠬᠦᠯᠦᠨ ᠪᠤᠶᠢᠷ ᠬᠤᠲᠠ ᠶᠢᠨ ᠵᠠᠷᠢᠮ ᠪᠦᠰᠡ ᠨᠤᠲᠤᠭ ᠲᠦ ᠬᠠᠷᠢᠨ ᠡᠪᠤᠯ ᠪᠤᠯᠴᠢᠬᠠᠯ᠎ᠠ᠃ ᠤᠷᠢᠳᠴᠢᠯᠠᠨ ᠲᠤᠭᠠᠴᠠᠭᠠᠯᠠᠭᠰᠠᠨ ᠢᠶᠡᠷ 29-30 ᠤ ᠡᠳᠦᠷ᠂ ᠨᠠᠮᠤᠷ ᠤᠨ ᠬᠦᠢᠲᠡᠨ ᠤᠷᠤᠰᠬᠠᠯ ᠤᠨ ᠨᠦᠯᠦᠭᠡ ᠪᠡᠷ ᠤᠷᠤᠨ ᠳᠠᠶᠠᠭᠠᠷ ᠲᠤ ᠶᠡᠬᠡ ᠰᠠᠯᠬᠢᠯᠠᠵᠤ ᠬᠦᠢᠳᠡᠷᠡᠭᠦ ᠶᠢᠨ ᠳᠠᠭᠠᠤ ᠪᠤᠷᠤᠭᠠᠨ ᠴᠠᠰᠤ ᠤᠷᠤᠨ᠎ᠠ᠃ ᠳᠤᠮᠳᠠ ᠵᠡᠭᠦᠨ ᠪᠦᠰᠡ ᠶᠢᠨ ᠠᠭᠠᠷ ᠤᠨ ᠳᠤᠯᠠᠭᠠᠨ 8-10 ᠭ᠍ᠷᠠᠳ᠋ᠦ᠋ᠰ ᠪᠠᠭᠤᠷᠠᠬᠤ ᠶᠤᠮ ᠪᠠᠶᠢᠨ᠎ᠠ᠃ ᠬᠦᠢᠳᠡᠨ ᠤᠷᠤᠰᠬᠠᠯ ᠤᠨ ᠦᠩᠭᠡᠷᠡᠬᠦ ᠶᠢ ᠳᠠᠭᠠᠯᠳᠤᠨ᠂ ᠰᠢᠯᠢ ᠶᠢᠨ ᠭᠤᠤᠯ ᠠᠶᠢᠮᠠᠭ ᠤᠨ ᠵᠡᠭᠦᠨ ᠬᠤᠶᠢᠲᠤ ᠬᠡᠰᠡᠭ᠂ ᠤᠯᠠᠭᠠᠨᠬᠠᠲᠠ ᠬᠤᠲᠠ ᠶᠢᠨ ᠬᠤᠶᠢᠲᠤ ᠬᠡᠰᠡᠭ ᠪᠠ ᠪᠠᠷᠠᠭᠤᠨ ᠬᠡᠰᠡᠭ ᠲᠤ ᠬᠢᠷᠠᠭᠤ ᠤᠨᠠᠬᠤ ᠪᠤᠶᠤ ᠬᠦᠡᠭ᠍ᠭᠡᠨ ᠬᠢᠷᠠᠭᠤ ᠤᠨᠠᠨ᠎ᠠ᠂ ᠬᠦᠯᠦᠨ ᠪᠤᠶᠢᠷ ᠬᠤᠲᠠ ᠶᠢᠨ ᠬᠤᠶᠢᠲᠤ ᠬᠡᠰᠡᠭ ᠲᠤ ᠪᠤᠷᠤᠭᠠᠨ ᠴᠠᠰᠤ ᠬᠤᠯᠢᠯᠳᠤᠵᠤ ᠤᠷᠤᠨ᠎ᠠ᠃

    ᠦᠪᠦᠷ ᠮᠣᠩᠭᠣᠯ ᠤᠨ ᠴᠠᠭ ᠠᠭᠤᠷ ᠤᠨ ᠲᠤᠪᠴᠢᠶ᠎ᠠ ᠶᠢᠨ ᠮᠠᠲ᠋ᠸᠷᠢᠶᠠᠯ ᠳᠤ ᠬᠠᠷᠠᠭᠤᠯᠤᠬᠰᠠᠨ  ᠢᠶᠡᠷ᠂ 27 ᠤ ᠡᠳᠦᠷ ᠤᠨ 8 ᠴᠠᠭ ᠡᠴᠡ 28 ᠤ ᠡᠳᠦᠷ ᠤᠨ 8 ᠴᠠᠭ ᠪᠤᠯᠲᠠᠯ᠎ᠠ ᠤᠷᠤᠨ ᠳᠠᠶᠠᠭᠠᠷ ᠤᠨ 38.8% ᠶᠢᠨ ᠴᠠᠭ ᠠᠭᠤᠷ ᠤᠨ ᠦᠷᠲᠡᠭᠡ ᠬᠤᠷ᠎ᠠ ᠲᠤᠨᠳᠠᠰᠤ ᠤᠷᠤᠬᠤ ᠶᠢ ᠬᠢᠨᠠᠨ ᠬᠡᠮᠵᠢᠵᠤ᠂ ᠲᠤᠨᠳᠠᠰᠤᠨ ᠤ ᠬᠡᠮᠵᠢᠶ᠎ᠠ 0.1-14.5 ᠮᠢᠯᠯᠢᠮᠸᠲ᠋ᠷ ᠲᠤ ᠬᠦᠷᠪᠡ᠂ ᠡᠨᠡ ᠤᠳᠠᠭᠠᠨ ᠤ ᠪᠤᠷᠤᠭ᠎ᠠ ᠨᠢ ᠤᠷᠤᠨ ᠳᠠᠶᠠᠭᠠᠷ ᠤᠨ ᠡᠯ᠎ᠠ ᠪᠦᠰᠡ ᠨᠤᠲᠤᠭ ᠤᠨ ᠨᠠᠮᠤᠷ ᠤᠨ ᠠᠭᠤᠷ ᠤᠷᠤᠬᠤ ᠠᠬᠢᠴᠠ ᠶᠢ ᠲᠦᠷᠭᠡᠳᠭᠡᠵᠠᠢ᠃

    ᠬᠦᠢᠲᠡᠨ ᠤᠷᠤᠰᠬᠠᠯ ᠤᠨ ᠲᠦᠷᠦᠭᠦᠴᠢ ᠨᠢ 28 ᠤ ᠡᠳᠦᠷ ᠡᠴᠡ ᠡᠬᠢᠯᠡᠨ ᠮᠡᠳᠡᠭᠳᠡᠵᠤ᠂ ᠬᠢᠩᠭ᠋ᠠᠨ ᠠᠶᠢᠮᠠᠭ ᠤᠨ ᠷᠠᠰᠢᠶᠠᠨ ᠬᠤᠲᠠ ᠳᠤ ᠲᠤᠬᠠᠢ ᠶᠢᠨ ᠡᠳᠦᠷ ᠤᠨ ᠦᠳᠡ ᠡᠴᠡ ᠡᠮᠦᠨ᠎ᠠ ᠬᠠᠭᠠᠰ ᠴᠠᠭ ᠬᠢᠷᠢᠲᠠᠢ ᠴᠠᠰᠤ ᠤᠷᠤᠵᠦ 6 ᠳᠡᠰ ᠡᠴᠡ ᠳᠡᠭᠡᠭ᠍ᠰᠢᠬᠢ ᠶᠡᠬᠡ ᠰᠠᠯᠬᠢ ᠰᠠᠯᠬᠢᠯᠠᠪᠠ᠃ ᠠᠭᠠᠷ ᠤᠨ ᠳᠤᠯᠠᠭᠠᠨ ᠲᠦᠷᠭᠡᠨ ᠪᠠᠭᠤᠷᠠᠵᠤ᠂ ᠦᠳᠡ ᠡᠴᠡ ᠡᠮᠦᠨᠡᠬᠢ 10 ᠴᠠᠭ ᠤᠷᠴᠢᠮ ᠤᠨ ᠠᠭᠠᠷ ᠤᠨ ᠳᠤᠯᠠᠭᠠᠨ 2.3 ᠭ᠍ᠷᠠᠳ᠋ᠦ᠋ᠰ ᠪᠠᠶᠢᠵᠤ᠂ ᠡᠮᠦᠨᠡᠬᠢ ᠡᠳᠦᠷ ᠤᠨ ᠠᠳᠠᠯᠢ ᠬᠤᠭᠤᠴᠠᠭᠠᠨ ᠤ ᠬᠢ ᠡᠴᠡ 12 ᠭ᠍ᠷᠠᠳ᠋ᠦ᠋ᠰ ᠪᠠᠭᠤᠷᠠᠵᠠᠢ᠃ ᠬᠦᠯᠦᠨ ᠪᠤᠶᠢᠷ ᠤᠨ ᠶᠡᠬᠡᠩᠬᠢ ᠪᠦᠰᠡ ᠨᠤᠲᠤᠭ ᠤᠨ ᠠᠭᠠᠷ ᠤᠨ ᠳᠤᠯᠠᠭᠠᠨ 10 ᠭ᠍ᠷᠠᠳ᠋ᠦ᠋ᠰ ᠡᠴᠡ ᠳᠤᠤᠷ᠎ᠠ ᠪᠠᠶᠢᠵᠤ ᠭᠡᠭᠡᠨ ᠭᠤᠤᠯ᠂ ᠲᠤᠯᠢ ᠭᠤᠤᠯ ᠪᠠᠯᠭᠠᠰᠤ ᠵᠡᠷᠭᠡ ᠭᠠᠵᠠᠷ ᠤᠨ ᠡᠳᠦᠷ ᠤᠨ ᠠᠭᠠᠷ ᠤᠨ ᠳᠤᠯᠠᠭᠠᠨ 5 ᠭ᠍ᠷᠠᠳ᠋ᠦ᠋ᠰ ᠯᠠ ᠪᠤᠯᠪᠠ᠃ (ᠮᠠ ᠯᠢ ᠰᠢᠶᠠ)

ᠢᠷᠡᠯᠳᠡ᠄ ᠦᠪᠦᠷ ᠮᠣᠩᠭᠣᠯ ᠤᠨ ᠰᠤᠨᠢᠨ ᠮᠡᠳᠡᠭᠡᠨ ᠤ ᠨᠸᠲ ᠪᠡᠯᠡᠳᠭᠡᠭ᠍ᠰᠡᠨ ᠨᠢ᠄ ᠬᠡᠦᠬᠡᠨᠰᠤᠯᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011100001121564686