蒙古文网站Logo
ᠰᠢᠨᠬᠤᠸᠠ ᠮᠤᠩᠭ᠋ᠤᠯ ᠨᠧᠲ

ᠸᠢᠴᠠᠲ ᠤᠨ ᠴᠤᠮᠤᠷᠯᠢᠬ ᠤᠨ ᠡᠷᠡᠬᠦᠯ ᠰᠠᠷᠠᠭᠤᠯ ᠤᠷᠴᠢᠨ ᠢ ᠪᠤᠢ ᠪᠤᠯᠭᠠᠶ᠎ᠠ

2017-09-04 17:38

    ᠰᠢᠨᠬᠤᠧᠠ ᠮᠤᠩᠭᠤᠯ ᠨᠧᠲ  ᠬᠦᠬᠡᠬᠤᠲᠠ ᠶᠢᠨ 9 ᠰᠠᠷ᠎ᠠ ᠶᠢᠨ 4 ᠤ ᠡᠲᠦᠷ ᠤᠨ ᠴᠠᠬᠢᠯᠭᠠᠨ ᠮᠡᠲᠡᠭᠡ ( ᠬ • ᠦᠵᠡᠰᠭᠦᠯᠡᠩ ) ᠸᠢᠴᠠᠲ ᠪᠤᠯ ᠢᠨᠲ᠋ᠧᠷᠨᠧᠲ ᠢᠶᠡᠷ ᠦᠰᠦᠭ᠂ ᠲᠠᠭᠤ᠂ ᠵᠢᠷᠤᠭ᠂ ᠸᠢᠳᠢᠣ᠋ ᠵᠡᠷᠭᠡ ᠶᠢ ᠲᠠᠮᠵᠢᠭᠤᠯᠲᠠᠭ ᠬᠠᠷᠢᠯᠴᠠᠭᠠᠨ ᠤ ᠮᠡᠲᠡᠭᠡᠯᠡᠯ ᠤᠨ ᠬᠡᠷᠡᠭᠰᠡᠯ ᠪᠤᠯᠤᠨ᠎ᠠ᠃ 2011 ᠤᠨ ᠤ 1 ᠰᠠᠷ᠎ᠠ ᠶᠢᠨ 21 ᠤ ᠡᠲᠦᠷ ᠬᠦᠮᠦᠰ ᠲᠤ ᠠᠰᠢᠭᠯᠠᠭᠳᠠᠭᠰᠠᠨ ᠡᠴᠡ ᠨᠠᠰᠢ ᠬᠡᠷᠡᠭᠯᠡᠭᠴᠢᠳ ᠤᠨ ᠦᠷᠭᠡᠨ ᠬᠦᠷᠢᠶᠡᠯᠡᠯ ᠢ ᠤᠯᠵᠤ ᠸᠢᠴᠠᠲ ᠢᠶᠡᠷ ᠵᠤᠭᠤᠭᠲᠠᠬᠤ᠂ ᠸᠢᠴᠠᠲ ᠡᠴᠡ ᠮᠡᠲᠡᠭᠡᠯᠡᠯ ᠠᠪᠬᠤ᠂ ᠭᠠᠷ ᠤᠲᠠᠰᠤᠨ ᠤ ᠭᠤᠯᠭᠤᠯᠲᠠ᠂ ᠮᠡᠲᠡᠭᠡᠯᠡᠯ ᠤᠨ ᠤᠷᠤᠰᠤᠯ ᠵᠡᠷᠭᠡ ᠨᠢ ᠶᠡᠬᠡ ᠯᠡ ᠭᠠᠵᠠᠷ ᠠᠪᠴᠤ ᠸᠢᠴᠠᠲ ᠬᠦᠮᠦᠰ ᠤᠨ ᠠᠮᠢᠲᠤᠷᠠᠯ ᠰᠤᠷᠤᠯᠭ᠎ᠠ ᠵᠡᠷᠭᠡ ᠳᠤ ᠨᠦᠯᠦᠭᠡᠯᠡᠵᠠᠢ᠃ ᠬᠦᠮᠦᠰ ᠤᠨ ᠬᠡᠯᠡᠭᠰᠡᠨᠴᠢᠯᠡᠨ 《ᠸᠢᠴᠠᠲ ᠨᠢ ᠠᠮᠢᠲᠤᠷᠠᠯ ᠤᠨ ᠨᠢᠭᠡ ᠬᠡᠯᠪᠡᠷᠢ》ᠪᠤᠯᠪᠠ᠃

    ᠬᠦᠮᠦᠰ ᠮᠠᠰᠢᠨ ᠲᠠᠢ ᠠᠶᠠᠯᠠᠬᠤ᠂ ᠬᠤᠭᠤᠯᠨ ᠢᠲᠡᠬᠦ ᠁ ᠡᠲᠦᠷ ᠤᠨ ᠶᠡᠬᠡᠩᠬᠢ ᠴᠠᠭ ᠢ ᠭᠠᠷ ᠤᠲᠠᠰᠤᠨ ᠤ ᠭᠤᠯᠭᠤᠯᠲᠠ ᠪᠤᠶᠤ ᠸᠢᠴᠠᠲ ᠤᠨ ᠬᠡᠷᠡᠭᠯᠡᠭᠡᠨ ᠳ᠋ᠤ ᠵᠠᠷᠤᠴᠠᠭᠤᠯᠲᠠᠭ ᠦᠵᠡᠭᠲᠡᠯ ᠬᠠᠵᠠᠭᠤ ᠬᠠᠪᠢ ᠪᠡᠷ ᠲᠦᠭᠡᠮᠡᠯ ᠪᠤᠯᠵᠠᠢ᠃ ᠲᠡᠲᠡ ᠸᠢᠴᠠᠲ ᠤᠨ ᠴᠤᠮᠤᠷᠯᠢᠭ ᠤᠨ ᠶᠢᠷᠲᠢᠨᠴᠦ ᠪᠡᠷ ᠠᠶ᠎ᠠ ᠲᠠᠩ ᠲᠠᠢ ᠠᠶᠠᠯᠠᠵᠤ᠂ ᠰᠤᠨᠢᠨ ᠬᠠᠴᠢᠨ ᠮᠡᠲᠡᠭᠡ ᠮᠡᠲᠡᠭᠡᠯᠡᠯ᠂ ᠱᠤᠭ ᠢᠨᠢᠶᠡᠲᠦᠮ ᠲᠠᠢ ᠸᠢᠳᠢᠣ᠋ ᠰᠤᠨᠢᠷᠬᠠᠵᠤ ᠴᠠᠭ ᠨᠦᠭᠴᠢᠭᠡᠵᠦ ᠯᠡ ᠪᠠᠶᠢᠲᠠᠭ᠃ ᠨᠢᠭᠡ ᠡᠲᠦᠷ ᠤᠨ ᠸᠢᠴᠠᠲ ᠡᠴᠡ ᠮᠡᠲᠡᠭᠡᠯᠡᠯ ᠠᠪᠬᠤ ᠠᠵᠢᠯ ᠲᠠᠭᠤᠰᠤᠭᠰᠠᠨ ᠤ ᠲᠠᠷᠠᠭ᠎ᠠ ᠲᠠᠬᠢᠨ ᠡᠷᠬᠢᠴᠡᠬᠦᠯᠬᠦ ᠪᠡᠷ ᠦᠨᠡᠨ ᠳ᠋ᠡᠭᠡᠨ ᠤᠯᠠᠩᠬᠢ ᠨᠢ ᠬᠡᠢ ᠬᠤᠭᠤᠰᠤᠨ ᠲᠡᠲᠦᠢ᠂ ᠴᠤᠬᠤᠮ ᠦᠨᠦᠲᠦᠷ ᠦᠪᠡᠷ ᠤᠨ ᠬᠢᠨᠢ ᠬᠠᠵᠠᠭᠤ ᠬᠠᠪᠢ ᠳᠤ ᠶᠠᠮᠠᠷ ᠬᠡᠷᠡᠭ ᠤᠴᠢᠷ ᠡᠭᠦᠰᠦᠭᠰᠡᠨ ᠪᠤᠯ ? ᠦᠨᠦᠲᠦᠷ ᠠᠵᠢᠯ ᠰᠤᠷᠤᠯᠭ᠎ᠠ ᠳ᠋ᠠᠭᠠᠨ ᠬᠡᠲᠦᠢ ᠴᠢᠷᠮᠠᠶᠢᠵᠤ ᠠᠵᠢᠯᠯᠠᠭᠰᠠᠨ ᠪᠤᠯ ? ᠸᠢᠴᠠᠲ ᠤᠨ ᠴᠤᠮᠤᠷᠯᠢᠭ ᠨᠢ ᠦᠪᠡᠷ ᠤᠨ ᠭᠡᠰᠡᠨ ᠦᠪᠡᠷᠮᠢᠴᠡ ᠤᠨᠴᠠᠯᠢᠭ ᠲᠦᠷᠬᠦ ᠪᠡᠷ ᠬᠦᠮᠦᠰ ᠤᠨ ᠠᠮᠢᠲᠤᠷᠠᠯ ᠢ《ᠲᠦᠷᠢᠮᠡᠬᠡᠶᠢᠯᠡᠵᠦ》ᠪᠠᠶᠢᠲᠠᠭ᠃ ᠸᠢᠴᠠᠲ ᠤᠨ ᠴᠤᠮᠤᠷᠯᠢᠭ ᠪᠤᠯ ᠰᠠᠶ᠊ᠢ ᠵᠢᠩᠭᠢᠨᠢ ᠨᠠᠶᠢᠵᠠ᠂ ᠸᠢᠴᠠᠲ ᠤᠨ ᠴᠤᠮᠤᠷᠯᠢᠭ ᠢᠶᠡᠷ ᠰᠠᠨᠠᠭᠠᠯᠵᠠᠯ ᠢᠶᠡᠨ ᠢᠯᠡᠷᠬᠡᠶᠢᠯᠡᠭᠰᠡᠨ ᠨᠢ ᠰᠠᠶ᠊ᠢ ᠲᠤᠷᠠᠰᠤᠯ ᠮᠦᠷᠦᠭᠡᠲᠦᠯ ᠪᠤᠯᠪᠠ᠃

    ᠰᠡᠬᠦᠯ ᠤᠨ ᠦᠶ᠎ᠠ ᠳ᠋ᠤ᠂ ᠸᠢᠴᠠᠲ ᠤᠨ ᠴᠤᠮᠤᠷᠯᠢᠭ ᠲᠤ ᠡᠯᠲᠡᠪ ᠵᠠᠷ᠂ ᠤᠨᠤᠭ᠎ᠠ ᠦᠭᠬᠦᠬᠦᠯᠬᠦ ᠂ ᠨᠠᠭᠠᠳᠴᠤ ᠴᠡᠩᠭᠡᠭᠰᠡᠨ᠂ ᠬᠤᠲᠠᠯ ᠬᠠᠭᠤᠷᠮᠠᠭ ᠮᠡᠲᠡᠭᠡ ᠮᠡᠲᠡᠭᠡᠯᠡᠯ᠂ ᠲᠠᠮ ᠶᠠᠷᠢᠶ᠎ᠠ ᠬᠤᠲᠠᠯ ᠴᠤᠤᠷᠬᠠᠯ ᠁ ᠦᠷᠭᠡᠨ ᠢᠶᠡᠷ ᠰᠠᠴᠤᠭᠲᠠᠵᠤ᠂ ᠸᠢᠴᠠᠲ ᠤᠨ ᠬᠡᠷᠡᠭᠯᠡᠭᠴᠢᠳ ᠪᠤᠶᠤ ᠲᠡᠷᠡᠴᠢᠯᠡᠨ ᠸᠢᠴᠠᠲ ᠤᠨ ᠴᠤᠮᠤᠷᠯᠢᠭ ᠢ ᠵᠢᠩᠭᠢᠨᠢ ᠨᠠᠶᠢᠵᠠ ᠪᠡᠷ ᠦᠵᠡᠲᠡᠭ ᠬᠦᠮᠦᠰ ᠲᠤ ᠰᠦᠷᠭᠡᠦ ᠨᠦᠯᠦᠭᠡ ᠦᠵᠡᠬᠦᠯᠦᠭᠰᠡᠨ ᠢᠶᠡᠷ ᠨᠢᠭᠡ ᠪᠦᠯᠦᠭ ᠬᠦᠮᠦᠰ ᠸᠢᠴᠠᠲ ᠡᠴᠡ ᠵᠠᠶᠢᠯᠠᠬᠤ᠂ ᠸᠢᠴᠠᠲ ᠤᠨ ᠴᠤᠮᠤᠷᠯᠢᠭ ᠢᠶᠡᠨ ᠬᠠᠭᠠᠬᠤ ᠵᠡᠷᠭᠡ ᠦᠵᠡᠭᠲᠡᠯ ᠢᠯᠡᠷᠡᠭᠰᠡᠨ ᠲᠤᠬᠠᠢ ᠰᠢᠨᠬᠤᠧᠠ ᠮᠤᠩᠭᠤᠯ ᠨᠧᠲ 8 ᠰᠠᠷ᠎ᠠ ᠶᠢᠨ 23 ᠤ ᠡᠲᠦᠷ ᠮᠡᠲᠡᠭᠡᠯᠡᠵᠦ ᠦᠩᠭᠡᠷᠡᠭᠰᠡᠨ ᠪᠦᠭᠡᠳ ᠨᠧᠲ ᠠᠰᠢᠭᠯᠠᠭᠴᠢᠳ ᠤᠨ ᠲᠤᠮᠲᠠ《ᠬᠦᠮᠦᠰ ᠶᠠᠭᠠᠬᠢᠭᠠᠳ ᠸᠢᠴᠠᠲ ᠤᠨ ᠴᠤᠮᠤᠷᠯᠢᠭ ᠢᠶᠡᠨ ᠬᠠᠭᠠᠬᠤ ᠪᠤᠯᠴᠢᠬᠠᠪᠠ ﹖》ᠭᠡᠬᠦ ᠪᠠᠶᠢᠴᠠᠭᠠᠯᠲᠠ ᠶᠠᠪᠤᠭᠤᠯᠪᠠ᠃ ᠲᠤᠰ ᠪᠠᠶᠢᠴᠠᠭᠠᠯᠲᠠ ᠶᠢᠨ ᠳ᠋ᠦᠩ ᠢ ᠦᠨᠳᠦᠰᠦᠯᠡᠪᠡᠯ᠂ ᠸᠢᠴᠠᠲ ᠤᠨ ᠴᠤᠮᠤᠷᠯᠢᠭ ᠢᠶᠡᠨ ᠬᠠᠭᠠᠬᠤ ᠲᠤᠬᠠᠢ ᠬᠦᠮᠦᠰ ᠤᠨ ᠦᠵᠡᠯᠲᠡ ᠠᠳᠠᠯᠢ ᠪᠤᠰᠤ ᠪᠠᠶᠢᠨ᠎ᠠ᠂ ᠡᠬᠦᠨ ᠳ᠋ᠤ ᠬᠠᠭᠠᠬᠤ ᠦᠵᠡᠯᠲᠡ ᠶᠢ ᠵᠦᠪᠰᠢᠶᠡᠷᠡᠵᠦ ᠪᠠᠶᠢᠬᠤ ᠨᠢ 35%᠂ ᠬᠠᠭᠠᠬᠤ ᠦᠭᠡᠢ ᠦᠵᠡᠯᠲᠡ ᠶᠢ ᠵᠦᠪᠰᠢᠶᠡᠷᠡᠵᠦ ᠪᠠᠶᠢᠬᠤ ᠨᠢ 35%᠂ ᠪᠠᠲᠤᠲᠠᠢ ᠬᠡᠯᠡᠵᠤ ᠴᠢᠳᠠᠬᠤ ᠦᠬᠡᠢ ᠭᠡᠬᠦ ᠦᠵᠡᠯᠲᠡ ᠶᠢ ᠵᠦᠪᠰᠢᠶᠡᠷᠡᠵᠦ ᠪᠠᠶᠢᠬᠤ ᠨᠢ 28% ᠶᠢ ᠡᠵᠡᠯᠡᠪᠡ᠃ ᠸᠢᠴᠠᠲ ᠤᠨ ᠴᠤᠮᠤᠷᠯᠢᠭ ᠤᠨ ᠬᠠᠮᠤᠭ ᠤᠨ ᠡᠭᠲᠡᠬᠦᠦ ᠬᠦᠷᠭᠡᠬᠦ ᠠᠵᠢᠯᠯᠠᠭ᠎ᠠ ᠳ᠋ᠤ ᠸᠢᠴᠠᠲ ᠠᠷᠠᠯᠵᠢᠶ᠎ᠠ ᠲᠡᠷᠢᠬᠦᠨ ᠳ᠋ᠤ ᠪᠠᠶᠢᠷᠢᠯᠠᠵᠤ (57 % ᠶᠢ ᠡᠵᠡᠯᠡᠪᠡ)᠂ ᠸᠢᠴᠠᠲ ᠢᠶᠡᠷ ᠤᠨᠤᠭ᠎ᠠ ᠦᠭᠭᠦᠭᠦᠯᠬᠦ (19 % ᠶᠢ ᠡᠵᠡᠯᠡᠪᠡ) ᠂ ᠦᠪᠡᠷ ᠢ ᠪᠠᠨ ᠭᠠᠶᠢᠬᠠᠭᠤᠯᠬᠤ (13% ᠶᠢ ᠡᠵᠡᠯᠡᠪᠡ )᠂ ᠪᠤᠰᠤᠳ ᠠᠭᠤᠯᠭ᠎ᠠ ( 9% ᠶᠢ ᠡᠵᠡᠯᠡᠪᠡ)  ᠶᠢᠨ ᠤᠨᠤᠭ᠎ᠠ ᠦᠭ᠍ᠬᠦᠯᠲᠡ ᠬᠠᠷᠢᠴᠠᠩᠭᠤᠢ ᠪᠠᠭ᠎ᠠ ᠪᠠᠶᠢᠨ᠎ᠠ᠃ ᠸᠢᠴᠠᠲ ᠤᠨ ᠴᠤᠮᠤᠷᠯᠢᠭ ᠤᠨ ᠬᠦᠮᠦᠰ ᠲᠤ ᠨᠦᠯᠦᠭᠡᠯᠡᠭᠰᠡᠨ ᠲᠤᠬᠠᠢ ᠶᠠᠷᠢᠬᠤ ᠪᠡᠷ ᠤᠯᠠᠩᠬᠢ ᠬᠦᠮᠦᠰ ᠴᠠᠭ ᠨᠦᠭᠴᠢᠭᠡᠵᠦ᠂ ᠤᠳᠬ᠎ᠠ ᠤᠴᠢᠷ ᠦᠭᠡᠢ ᠮᠡᠲᠡᠭᠡ ᠵᠠᠩᠬᠢ ᠶᠢᠨ ᠲᠠᠯᠠᠢ ᠪᠤᠯᠵᠤ᠂ ᠤᠨᠲᠠᠵᠤ ᠠᠮᠠᠷᠠᠬᠤ ᠴᠠᠭ ᠢ ᠬᠠᠷᠰᠢᠯᠠᠵᠤ ᠪᠠᠶᠢᠬᠤ ᠪᠡᠷ ᠪᠠᠷᠠᠬᠤ ᠦᠭᠡᠢ ᠬᠠᠷᠠᠭ᠎ᠠ ᠮᠠᠭᠤᠲᠠᠭᠤᠯᠵᠤ ᠪᠠᠶᠢᠨ᠎ᠠ ᠭᠡᠵᠦ ᠦᠵᠡᠵᠦ ᠪᠠᠢᠢᠬᠤ ᠳ᠋ᠦ ᠵᠠᠷᠢᠮ ᠬᠦᠮᠦᠰ ᠪᠤᠲᠠᠲᠤ ᠠᠬᠤᠢ ᠶᠢᠨ ᠬᠦᠮᠦᠰ ᠤᠨ ᠬᠤᠭᠤᠷᠤᠨᠲᠤᠬᠢ ᠬᠠᠷᠢᠯᠴᠠᠭ᠎ᠠ ᠶᠢ ᠮᠠᠭᠤᠲᠠᠭᠤᠯᠵᠤ ᠪᠠᠶᠢᠬᠤ ᠪᠦᠭᠡᠳ ᠵᠠᠩ ᠠᠭᠠᠰᠢ ᠶᠢ ᠬᠦᠪᠰᠦᠷ ᠪᠤᠯᠭᠠᠵᠤ ᠪᠠᠶᠢᠨ᠎ᠠ ᠭᠡᠵᠦ ᠦᠵᠡᠪᠡ᠃

    ᠸᠢᠴᠠᠲ ᠪᠤᠯ ᠬᠠᠷᠢᠯᠴᠠᠭᠠᠨ ᠤ ᠮᠡᠲᠡᠭᠡᠯᠡᠯ ᠤᠨ ᠬᠡᠷᠡᠭᠰᠡᠯ ᠤᠴᠢᠷ ᠡᠴᠡ ᠠᠮᠢᠲᠤᠷᠠᠯ ᠰᠤᠷᠤᠯᠭ᠎ᠠ ᠳ᠋ᠠᠭᠠᠨ ᠬᠠᠷᠢᠯᠴᠠᠭᠠᠨ ᠤ ᠲᠠᠯ᠎ᠠ ᠶᠢᠨ ᠦᠢᠯᠡᠲᠦᠯ ᠢ ᠵᠦᠪ ᠪᠠᠲᠠᠷᠠᠭᠤᠯᠵᠤ᠂ ᠸᠢᠴᠠᠲ ᠤᠨ ᠴᠤᠮᠤᠷᠯᠢᠭ ᠲᠤ ᠠᠮᠢᠲᠤᠷᠠᠯ ᠤᠨ ᠠᠷᠰᠠᠷ ᠵᠦᠢᠯ ᠢᠶᠡᠨ ᠲᠡᠮᠲᠡᠭᠯᠡᠨ ᠦᠯᠡᠲᠡᠭᠡᠵᠦ᠂ ᠬᠠᠴᠢᠨ ᠰᠤᠨᠢᠷᠬᠠᠯᠲᠠᠢ ᠮᠡᠲᠡᠭᠡ ᠮᠡᠲᠡᠭᠡᠯᠡᠯ ᠢᠶᠡᠨ ᠨᠠᠶᠢᠵᠠ ᠨᠦᠬᠦᠳ ᠲᠡᠢ ᠪᠠᠨ ᠬᠤᠪᠢᠶᠠᠯᠴᠠᠵᠤ ᠠᠵᠢᠯ ᠠᠮᠢᠲᠤᠷᠠᠯ ᠢᠶᠡᠨ ᠦᠭᠡᠲᠡ ᠲᠠᠲᠠᠵᠤ ᠬᠡᠶ ᠮᠤᠷᠢ ᠲᠠᠢ ᠶᠠᠪᠤᠬᠤ ᠶᠠᠭᠤᠲᠠᠢ ᠰᠠᠶᠢᠬᠠᠨ ᠪᠤᠢ᠃ ᠶᠠᠭᠤᠮ᠎ᠠ ᠬᠡᠮᠵᠢᠶ᠎ᠠ ᠲᠤᠮᠵᠢᠶ᠎ᠠ ᠲᠠᠢ ᠪᠠᠶᠢᠪᠠᠯ ᠵᠦᠢ ᠭᠡᠵᠦ ᠠᠬᠠᠮᠠᠳ ᠬᠠᠭᠤᠴᠢᠯᠠᠵᠤ ᠪᠠᠶᠢᠭᠰᠠᠨ᠂ ᠪᠢᠲᠠ ᠸᠢᠴᠠᠲ ᠢ ᠵᠦᠪ ᠢᠶᠡᠷ ᠬᠡᠷᠡᠭᠯᠡᠵᠦ᠂ ᠸᠢᠴᠠᠲ ᠤᠨ ᠴᠤᠮᠤᠷᠯᠢᠬ ᠲᠠᠭᠠᠨ ᠨᠠᠨᠳᠢᠨ ᠲᠤᠷᠠᠳᠬᠠᠯ ᠢᠶᠡᠨ ᠦᠯᠡᠲᠡᠬᠡᠵᠦ᠂ ᠸᠢᠴᠠᠲ ᠤᠨ ᠴᠤᠮᠤᠷᠯᠢᠬ ᠤᠨ ᠡᠷᠡᠬᠦᠯ ᠰᠠᠷᠠᠭᠤᠯ ᠤᠷᠴᠢᠨ ᠢ ᠪᠤᠢ ᠪᠤᠯᠭᠠᠬᠤ ᠪᠡᠷ ᠬᠠᠮᠲᠤ ᠪᠡᠷ ᠴᠢᠷᠮᠠᠶᠢᠵᠠᠭᠠᠶ᠎ᠠ!

           ᠮᠡᠲᠡᠭᠲᠡᠯ

    释然ᠬᠡᠮᠡᠬᠦ ᠸᠢᠴᠠᠲ ᠤᠨ ᠨᠠᠷ᠎ᠠ ᠲᠠᠢ ᠤᠩᠰᠢᠭᠴᠢ ᠲᠠᠨ ᠳ᠋ᠤ ᠪᠠᠶᠠᠷ ᠬᠦᠷᠭᠡᠶ᠎ᠡ!ᠰᠢᠨᠬᠤᠧᠠ ᠮᠤᠩᠭᠤᠯ ᠨᠧᠲ ᠤᠨ ᠤᠷᠮᠠᠰᠢᠭᠤᠯᠤᠯ ᠲᠠᠢ ᠪᠠᠶᠢᠴᠠᠭᠠᠯᠲᠠ ᠶᠢᠨ ᠠᠵᠠ ᠶᠢᠨ ᠤᠲᠤᠨ ᠢᠶᠡᠷ ᠰᠤᠩᠭᠤᠭᠲᠠᠯ᠎ᠠ᠂ ᠨᠠᠶᠢᠷᠠᠭᠤᠯᠬᠤ ᠬᠡᠯᠲᠡᠰ ᠤᠨ ᠬᠢᠨ ᠲᠠᠢ ᠲᠠᠷᠤᠶᠢᠬᠠᠨ ᠬᠠᠷᠢᠯᠴᠠᠬᠤ ᠪᠤᠯᠪᠠᠤ!

                    ᠬᠠᠷᠢᠯᠴᠠᠬᠤ ᠤᠲᠠᠰᠤ᠄ 0471-6307547 0471-6303943

                    ᠰᠢᠨᠬᠤᠧᠠ ᠮᠤᠩᠭᠤᠯ ᠨᠧᠲ

                    2017 ᠤᠨ ᠤ 9 ᠰᠠᠷ᠎ᠠ ᠶᠢᠨ 4 ᠤ ᠡᠲᠦᠷ

ᠢᠷᠡᠯᠳᠡ᠄ ᠰᠢᠨᠬᠤᠧᠠ ᠮᠤᠩᠭᠤᠯ ᠨᠧᠲ ᠪᠡᠯᠡᠳᠭᠡᠭ᠍ᠰᠡᠨ ᠨᠢ᠄ ᠰᠤᠷᠤᠶ᠎ᠠ

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011100001121603175