蒙古文网站Logo
ᠰᠢᠨᠬᠤᠸᠠ ᠮᠤᠩᠭ᠋ᠤᠯ ᠨᠧᠲ

7 ᠤ ᠡᠳᠦᠷ《 ᠴᠠᠭᠠᠨ ᠰᠢᠭᠦᠳᠡᠷᠢ》ᠤᠨᠠᠨ᠎ᠠ

2017-09-07 11:36

    ᠰᠢᠨᠬᠤᠸᠠ ᠬᠤᠷᠢᠶ᠎ᠠ   ᠲᠢᠶᠠᠨᠵᠢᠨ  ᠤ 9 ᠰᠠᠷ᠎ᠠ ᠶᠢᠨ 5 ᠤ ᠡᠳᠦᠷ ᠤᠨ ᠴᠠᠬᠢᠯᠭᠠᠨ ᠮᠡᠳᠡᠭᠡ (ᠰᠤᠷᠪᠤᠯᠵᠢᠯᠠᠭᠴᠢ ᠵᠸᠤ ᠷᠦᠨ ᠵᠢᠶᠠᠨ) ᠪᠡᠭᠡᠵᠢᠩ ᠤᠨ ᠴᠠᠭ ᠢᠶᠡᠷ 9 ᠰᠠᠷ᠎ᠠ ᠶᠢᠨ 7 ᠤ ᠡᠳᠦᠷ ᠤᠨ 18᠄ 39 ᠴᠠᠭ ᠲᠤ《 ᠴᠠᠭᠠ ᠰᠢᠭᠦᠳᠡᠷᠢ》 ᠤᠨᠠᠨ᠎ᠠ᠃ ᠲᠤᠰ ᠤᠯᠠᠷᠢᠯ ᠳᠤ ᠡᠳᠦᠷ ᠰᠦᠨᠢ ᠶᠢᠨ ᠳᠤᠯᠠᠭᠠᠨ ᠤ ᠵᠦᠷᠢᠶ᠎ᠠ ᠶᠡᠬᠡᠰᠴᠤ᠂ ᠠᠭᠤᠷ ᠠᠮᠢᠰᠬᠤᠯ ᠬᠠᠭᠤᠷᠠᠶᠢᠰᠢᠨ᠎ᠠ᠂ ᠬᠦᠮᠦᠰ ᠳᠤᠯᠠᠭᠠᠯᠠᠬᠤ ᠪᠤᠯᠤᠨ ᠤᠰᠤ ᠨᠦᠬᠦᠬᠦ ᠪᠡᠨ ᠠᠩᠬᠠᠷᠤᠭᠠᠷᠠᠢ ᠭᠡᠵᠤ ᠲᠤᠰᠬᠠᠢ ᠮᠡᠷᠭᠡᠵᠢᠯᠲᠠᠳ ᠰᠠᠨᠠᠭᠤᠯᠵᠤ ᠪᠠᠶᠢᠨ᠎ᠠ᠃

    ᠲᠢᠶᠠᠨᠵᠢᠨ ᠬᠤᠲᠠ ᠶᠢᠨ ᠤᠳᠤᠨ ᠤᠷᠤᠨ ᠤ ᠨᠡᠶᠢᠭᠡᠮᠯᠢᠭ᠌ ᠤᠨ ᠬᠡᠷᠡᠭ ᠮᠡᠳᠡᠭᠴᠢ ᠵᠤᠤ ᡁᠢ ᠾᠸᠩ ᠂ ᠵᠢᠯ ᠪᠦᠷᠢ ᠶᠢᠨ ᠠᠷᠭ᠎ᠠ ᠶᠢᠨ ᠤᠯᠠᠷᠢᠯ ᠤᠨ 9 ᠰᠠᠷ᠎ᠠ ᠶᠢᠨ 8 ᠤ ᠤᠷᠢᠳ ᠬᠤᠷᠢᠳ᠂ ᠳᠠᠷᠤᠢ ᠨᠠᠷᠠ ᠰᠢᠷ᠎ᠠ ᠤᠷᠳᠤᠷᠢᠭ ᠤᠨ 165 ᠭᠷᠠᠳ᠋ᠦ᠋ᠰ ᠲᠤ ᠬᠦᠷᠬᠦ ᠦᠶᠡᠰ ᠴᠠᠭᠠᠨ ᠰᠢᠭᠦᠳᠡᠷᠢ ᠤᠨᠠᠳᠠᠬ ᠃ ᠢᠩᠭᠢᠭ᠍ᠰᠡᠨ ᠢᠶᠡᠷ ᠴᠠᠭ ᠠᠭᠠᠷ ᠰᠡᠷᠢᠭᠦᠨ ᠪᠤᠯᠵᠤ ᠨᠠᠮᠤᠷ ᠤᠨ ᠤᠯᠠᠷᠢᠯ ᠤᠨ ᠠᠭᠤᠷ ᠠᠮᠢᠰᠬᠤᠯ ᠲᠠᠢ ᠪᠤᠯᠳᠠᠭ᠃ ᠡᠨᠡ ᠤᠯᠠᠷᠢᠯ ᠳᠤ ᠤᠷᠤᠢ ᠶᠢᠨ 9 ᠴᠠᠭ ᠤᠨ ᠦᠶᠡᠰ ᠢᠶᠡᠷ ᠲᠤᠬᠢᠭᠤᠷ ᠳᠤᠯᠤᠭᠠᠨ ᠤᠳᠤ ᠪᠠᠷᠠᠭᠤᠨ ᠬᠤᠶᠢᠲᠤ ᠵᠦᠭ ᠲᠤ ᠢᠯᠡᠷᠡᠬᠦ ᠪᠤᠯᠤᠨ᠎ᠠ ᠭᠡᠵᠤ ᠲᠠᠨᠢᠯᠴᠠᠭᠤᠯᠤᠯ᠎ᠠ᠃

    ᠴᠠᠭ ᠠᠭᠤᠷ ᠤᠨ ᠲᠤᠰᠬᠠᠢ ᠮᠡᠷᠭᠡᠵᠢᠯᠲᠠᠳ ᠤᠨ ᠢᠯᠡᠷᠬᠡᠶᠢᠯᠡᠭᠰᠡᠨ ᠢᠶᠡᠷ᠂ ᠴᠠᠭᠠᠨ ᠰᠢᠭᠦᠳᠡᠷᠢ ᠶᠢᠨ ᠤᠯᠠᠷᠢᠯ ᠳᠤ ᠡᠳᠦᠷ ᠤᠨ ᠠᠭᠠᠷ ᠤᠨ ᠳᠤᠯᠠᠭᠠᠨ ᠮᠦᠨ 30 ᠭᠠᠷᠤᠢ ᠭᠷᠠᠳ᠋ᠦ᠋ᠰ ᠲᠤ ᠬᠦᠷᠬᠦ ᠪᠤᠯᠪᠠᠴᠤ ᠤᠷᠤᠢ ᠶᠢᠨ ᠠᠭᠠᠷ ᠤᠨ ᠳᠤᠯᠠᠭᠠᠨ ᠪᠠᠭᠤᠷᠠᠭᠠᠳ 20 ᠭᠠᠷᠤᠢ ᠭᠷᠠᠳ᠋ᠦ᠋ᠰ ᠪᠤᠯᠵᠤ᠂ ᠡᠳᠦᠷ ᠰᠦᠨᠢ ᠶᠢᠨ ᠳᠤᠯᠠᠭᠠᠨ ᠤ ᠵᠦᠷᠢᠶ᠎ᠠ ᠶᠡᠬᠡᠰᠦᠨ᠎ᠡ᠃

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠬᠡᠦᠬᠡᠨᠰᠤᠯᠢ

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011100001121622697