ᠨᠢᠭᠤᠷ ᠰᠢᠷᠪᠢᠯᠲᠠ ᠶᠢᠨ ᠴᠠᠭ ᠦᠶ᠎ᠠ ᠦᠨᠡᠬᠡᠷ ᠬᠦᠷᠴᠦ ᠢᠷᠡᠭᠰᠡᠨ ᠭᠡᠵᠦ ᠤᠤ 2017-09-15 18:49

    ᠪᠠᠶ᠎ᠠ ᠶᠢᠨ ᠦᠨᠡᠮᠯᠡᠯ ᠬᠡᠷᠡᠭᠯᠡᠬᠦ ᠦᠭᠡᠢ᠂ ᠪᠠᠩᠬᠢ ᠶᠢᠨ ᠺᠠᠷᠲ ᠬᠡᠷᠡᠭᠯᠡᠬᠦ ᠦᠭᠡᠢ ᠪᠡᠷ ᠨᠢᠭᠤᠷ ᠰᠢᠷᠪᠢᠯᠲᠡ ᠪᠡᠷ ᠪᠠᠩᠬᠢ ᠡᠴᠡ ᠰᠢᠭᠤᠳ ᠪᠡᠯᠡᠨ ᠮᠦᠩᠬᠦ ᠭᠠᠷᠭᠠᠵᠤ ᠠᠪᠴᠤ ᠴᠢᠲᠠᠬᠤ ᠪᠤᠯᠪᠠ ; ᠰᠤᠷᠤᠭᠴᠢ ᠶᠢᠨ ᠦᠨᠡᠮᠯᠡᠯ ᠬᠡᠷᠡᠭᠯᠡᠬᠦ ᠦᠭᠡᠢ ᠪᠡᠷ ᠨᠢᠭᠤᠷ ᠰᠢᠷᠪᠢᠯᠲᠡ ᠪᠡᠷ ᠲᠤᠲᠤᠭᠤᠷ ᠪᠠᠶᠢᠷᠢ ᠤᠷᠤᠭᠤ ᠪᠠᠨ ᠰᠢᠭᠤᠳ ᠤᠷᠤᠵᠤ ᠴᠢᠲᠠᠬᠤ ᠪᠤᠯᠪᠠ ; ᠰᠢᠨ᠎ᠡ ᠪᠦᠲᠦᠭᠡᠨ ᠦᠶᠯᠡᠳᠦᠭᠰᠡᠨ iPhone X ᠭᠠᠷ ᠤᠲᠠᠰᠤ ᠨᠢᠭᠤᠷ ᠰᠢᠷᠪᠢᠯᠲᠡ ᠪᠡᠷ ᠨᠡᠭᠡᠭᠡᠭᠳᠡᠬᠦ ᠴᠢᠲᠠᠮᠵᠢ ᠲᠠᠢ ᠪᠤᠯᠪᠠ᠃ ᠨᠢᠭᠤᠷ ᠰᠢᠷᠪᠢᠯᠲᠠ ᠪᠡᠷ ᠭᠠᠯᠲᠤ ᠲᠡᠷᠭᠡ᠂ ᠨᠢᠰᠬᠦ ᠤᠩᠭᠤᠴᠠᠨ ᠳ᠋ᠤ ᠭᠠᠷᠬᠤ ᠦᠢᠯᠡᠴᠢᠯᠡᠭᠡ ᠶᠢ ᠪᠡᠶᠡᠯᠡᠬᠦᠯᠵᠦ ᠲᠡᠶᠢᠯᠬᠦ ᠪᠤᠯᠪᠠ᠃ ᠨᠢᠭᠤᠷ ᠰᠢᠷᠪᠢᠯᠲᠡ ᠨᠢ ᠬᠦᠰᠡᠯ ᠤᠨ ᠲᠡᠲᠦᠢ ᠪᠢᠰᠢ ᠪᠤᠯᠵᠤ ᠬᠠᠷᠢᠨ ᠦᠨᠡᠬᠡᠷ ᠪᠢᠲᠡ ᠪᠦᠬᠦᠨ ᠤ ᠠᠮᠢᠲᠤᠷᠠᠯ ᠤᠨ ᠪᠤᠲᠠᠲᠠᠢ ᠬᠡᠷᠡᠭᠯᠡᠭᠡᠨ ᠳ᠋ᠤ ᠤᠷᠤᠵᠤ ᠨᠢᠭᠤᠷ ᠰᠢᠷᠪᠢᠯᠲᠡ ᠶᠢᠨ ᠴᠠᠭ ᠦᠶ᠎ᠠ ᠬᠦᠷᠴᠦ ᠢᠷᠡᠭᠰᠡᠨ ᠭᠡᠲᠡᠭ ᠢᠶᠡᠨ ᠲᠤᠩᠬᠠᠭᠯᠠᠵᠤ ᠪᠠᠶᠢᠨ᠎ᠠ᠃

    ᠰᠡᠬᠦᠯ ᠤᠨ ᠦᠶ᠎ᠠ ᠳ᠋ᠤ ᠭᠦᠢᠵᠧᠦ ᠮᠤᠵᠢ ᠶᠢᠨ ᠭᠦᠢᠶᠠᠩ ᠬᠤᠲᠠ ᠳᠡᠬᠢ ᠲᠤᠮᠲᠠᠲᠤ ᠤᠯᠤᠰ ᠤᠨ ᠲᠠᠷᠢᠶᠠᠯᠠᠩ ᠤᠨ ᠪᠠᠩᠬᠢ ᠶᠢᠨ ᠮᠦᠩᠬᠦ ᠭᠠᠷᠭᠠᠨ ᠠᠪᠬᠤ ᠬᠤᠶᠠᠷ ᠠᠦ᠋ᠲ᠋ᠣ᠋ ᠮᠠᠰᠢᠨ ᠪᠠᠩᠬᠢ ᠶᠢᠨ ᠺᠠᠷᠲ ᠬᠡᠷᠡᠭᠯᠡᠬᠦ ᠦᠭᠡᠢ ᠪᠡᠷ ᠰᠢᠭᠤᠳ ᠨᠢᠭᠤᠷ ᠰᠢᠷᠪᠢᠯᠲᠡ ᠪᠡᠷ ᠮᠦᠩᠬᠦ ᠭᠠᠷᠭᠠᠨ ᠠᠪᠬᠤ ᠦᠢᠯᠡᠴᠢᠯᠡᠭᠡ ᠬᠠᠩᠭᠠᠪᠠ᠃ ᠤᠶᠢᠯᠠᠭᠠᠭᠰᠠᠨ ᠢᠶᠡᠷ᠂ ᠲᠤᠰ ᠦᠢᠯᠡᠴᠢᠯᠡᠭᠡᠨ ᠤ ᠴᠢᠲᠠᠮᠵᠢ ᠶᠢ ᠭᠦᠢᠶᠠᠩ ᠬᠤᠲᠠ  ᠳ᠋ᠤ ᠦᠷᠭᠡᠨ ᠢᠶᠡᠷ ᠲᠦᠭᠡᠮᠡᠯᠵᠢᠬᠦᠯᠦᠭᠡᠳ ᠤᠨ ᠤ ᠰᠡᠬᠦᠯᠴᠢ ᠪᠤᠯᠲᠠᠯ᠎ᠠ ᠪᠦᠬᠦ ᠮᠤᠵᠢ ᠶᠢᠨ ᠬᠡᠪᠴᠢᠶᠠᠨ ᠳ᠋ᠤ ᠪᠡᠨ ᠲᠦᠭᠡᠮᠡᠯᠵᠢᠬᠦᠯᠬᠦ ᠪᠡᠷ ᠪᠠᠶᠢᠨ᠎ᠠ᠃ ᠪᠠᠩᠬᠢ ᠡᠴᠡ ᠨᠢᠭᠤᠷ ᠰᠢᠷᠪᠢᠯᠲᠡ ᠪᠡᠷ ᠮᠦᠩᠬᠦ ᠭᠠᠷᠭᠠᠨ ᠠᠪᠬᠤ ᠨᠢ ᠠᠶᠤᠯᠬᠦᠢ ᠶᠢᠨ ᠪᠠᠳᠤᠯᠠᠭ᠎ᠠ ᠲᠠᠢ  ᠤᠤ ?

    ᠲᠤᠮᠲᠠᠲᠤ ᠤᠯᠤᠰ ᠤᠨ ᠲᠠᠷᠢᠶᠠᠯᠠᠩ ᠤᠨ ᠪᠠᠩᠬᠢ ᠶᠢᠨ 《ᠨᠢᠭᠤᠷ ᠰᠢᠷᠪᠢᠯᠲᠠ ᠪᠡᠷ ᠮᠦᠩᠬᠦ ᠭᠠᠷᠭᠠᠨ ᠠᠪᠬᠤ》ᠦᠢᠯᠡᠴᠢᠯᠡᠭᠡ ᠨᠢ ᠬᠠᠮᠤᠭ ᠤᠨ ᠰᠢᠨ᠎ᠡ ᠤᠯᠠᠭᠠᠨ ᠤ ᠭᠠᠲᠠᠨᠠᠬᠢ ᠬᠤᠤᠰ ᠰᠡᠷᠡᠯ ᠤᠨ ᠺᠠᠮᠧᠷᠢ ᠶᠢᠨ ᠠᠮᠢᠲᠤᠯᠢᠭ ᠬᠢᠨᠠᠨ ᠠᠵᠢᠭᠯᠠᠬᠤ ᠮᠡᠷᠭᠡᠵᠢᠯ ᠢ ᠠᠰᠢᠭᠯᠠᠨ ᠵᠢᠷᠤᠭ᠂ ᠨᠢᠭᠤᠷ ᠪᠤᠷᠤᠭᠤᠯᠠᠬᠤ ᠸᠢᠳᠢᠣ᠋᠂ ᠵᠢᠷᠤᠭ ᠬᠠᠭᠤᠯᠪᠤᠷᠢᠯᠠᠬᠤ᠂ ᠪᠠᠭ ᠵᠡᠬᠦᠬᠦ ᠵᠡᠷᠭᠡ ᠭᠡᠮᠲᠦ ᠠᠵᠢᠯᠯᠠᠭ᠎ᠠ ᠡᠴᠡ ᠵᠠᠶᠢᠯᠠᠰᠬᠢᠭ᠍ᠰᠠᠨ ᠪᠠᠶᠢᠨ᠎ᠠ᠃ ᠡᠭᠦᠨ ᠡᠴᠡ ᠭᠠᠲᠠᠨ᠎ᠠ ᠭᠠᠷ ᠤᠲᠠᠰᠤᠨ ᠤ ᠨᠤᠮ᠋ᠧᠷ  ᠪᠤᠶᠤ ᠪᠠᠶ᠎ᠠ ᠶᠢᠨ ᠦᠨᠡᠮᠯᠡᠯ ᠤᠨ ᠨᠤᠮ᠋ᠧᠷ ᠢᠶᠡᠷ ᠶᠢᠡᠨ ᠦᠪᠡᠷ ᠢ ᠪᠠᠨ ᠲᠤᠲᠤᠯᠠᠭᠤᠯᠤᠨ ᠨᠢᠭᠤᠴᠠ ᠨᠤᠮ᠋ᠧᠷ ᠢᠶᠡᠷ ᠮᠦᠩᠬᠦ ᠪᠠᠨ ᠭᠠᠷᠭᠠᠨ ᠠᠪᠴᠤ ᠪᠤᠯᠲᠠᠭ᠃ ᠢᠩᠭᠢᠬᠦ ᠨᠢ ᠪᠠᠩᠬᠢ ᠶᠢᠨ ᠺᠠᠷᠲ ᠢᠶᠡᠷ ᠮᠦᠩᠬᠦ ᠭᠠᠷᠭᠠᠨ ᠠᠪᠬᠤ ᠡᠴᠨ ᠠᠶᠤᠯᠬᠦᠢ ᠶᠢᠨ ᠲᠠᠯ᠎ᠠ᠎ ᠪᠡᠷ ᠨᠡᠩ ᠪᠠᠲᠤᠯᠠᠭ᠎ᠠ ᠲᠠᠢ ᠪᠤᠯᠪᠠ᠃ ᠨᠢᠭᠤᠷ ᠰᠢᠷᠪᠢᠯᠲᠠ ᠶᠢᠨ ᠴᠢᠲᠠᠮᠵᠢ ᠪᠦᠬᠦᠢ ᠬᠡᠷᠡᠭᠯᠡᠭᠡ ᠰᠢᠨᠡᠬᠡᠨ ᠪᠤᠢ ᠪᠤᠯᠤᠭᠰᠠᠨ ᠬᠡᠷᠡᠭ ᠪᠤᠲᠠᠰ ᠤᠨ ᠬᠤᠪᠢ ᠳ᠋ᠤ ᠠᠮᠢᠵᠢᠷᠠᠯ ᠤᠨ ᠬᠦᠴᠦᠨ ᠪᠢᠯᠬᠠᠮ᠎ᠠ ᠪᠠᠶᠢᠬᠤ ᠡᠴᠡ ᠭᠠᠲᠠᠨ᠎ᠠ ᠡᠲᠦᠢ ᠲᠡᠲᠦᠢ ᠲᠤᠲᠠᠭᠤᠲᠠᠯ ᠲᠠᠢ ᠲᠠᠯ᠎ᠠ ᠪᠠᠶᠢᠬᠤ ᠨᠢ ᠭᠠᠷᠴᠠᠭ᠎ᠠ ᠦᠭᠡᠢ᠃ ᠭᠡᠬᠦ ᠳ᠋ᠡᠭᠡᠨ ᠨᠢᠭᠤᠷ ᠰᠢᠷᠪᠢᠯᠲᠠ ᠨᠢ ᠪᠢᠲᠠ ᠪᠦᠬᠦᠨ ᠤ ᠠᠮᠢᠲᠤᠷᠠᠯ ᠳ᠋ᠤ ᠬᠦᠭ ᠨᠡᠮᠡᠵᠦ ᠬᠦᠭ᠍ᠵᠢᠯᠲᠠ ᠶᠢᠨ ᠰᠢᠨ᠎ᠡ ᠬᠠᠷᠠᠭᠠᠰᠤ ᠪᠤᠯᠤᠭᠰᠠᠨ ᠨᠢ ᠯᠠᠪᠲᠠᠢ᠃

    ᠨᠢᠭᠤᠷ ᠰᠢᠷᠪᠢᠯᠲᠠ ᠪᠡᠷ ᠮᠦᠩᠬᠦ ᠭᠠᠷᠭᠠᠨ ᠠᠪᠬᠤ᠂ ᠲᠤᠭᠠᠴᠠᠭ᠎ᠠ ᠬᠢᠬᠦ ᠲᠤᠬᠠᠢ ᠲᠠ ᠶᠠᠮᠠᠷ ᠪᠤᠳᠤᠯ ᠲᠠᠢ ᠪᠤᠢ ? ᠨᠢᠭᠤᠷ ᠰᠢᠷᠪᠢᠯᠲᠠ ᠶᠢᠨ ᠮᠡᠷᠭᠡᠵᠢᠯ ᠢ ᠦᠭᠡᠷ᠎ᠡ ᠠᠯᠢ ᠴᠠᠷᠠᠭ᠎ᠠ ᠬᠦᠷᠢᠶᠠᠨ ᠳ᠋ᠤ ᠬᠡᠷᠡᠭᠯᠡᠪᠡᠯ ᠵᠤᠬᠢᠬᠤ ᠪᠤᠢ ? ᠲᠠ ᠪᠦᠬᠦᠨ ᠤ ᠰᠠᠨᠠᠯ ᠪᠤᠲᠤᠯ ᠢᠶᠡᠨ ᠢᠲᠡᠪᠬᠢᠲᠡᠢ ᠬᠤᠪᠢᠶᠠᠯᠴᠠᠬᠤ ᠶᠢ ᠬᠦᠨᠳᠦᠳᠭᠡᠨ ᠤᠷᠢᠵᠤ ᠪᠠᠶᠢᠨ᠎ᠠ᠃

ᠢᠷᠡᠯᠳᠡ᠄ ᠰᠢᠨᠬᠤᠸᠠ ᠮᠤᠩᠭ᠋ᠤᠯ ᠨᠧᠲ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
010070230030000000000000011120791121671400