蒙古文网站Logo
ᠰᠢᠨᠬᠤᠸᠠ ᠮᠤᠩᠭ᠋ᠤᠯ ᠨᠧᠲ

ᠬᠠᠭᠠᠨ ᠤ ᠤᠷᠳᠤᠨ ᠤ ᠮᠦᠽᠸᠢ 10 ᠤ ᠡᠳᠦᠷ ᠡᠴᠡ ᠡᠬᠢᠯᠡᠨ ᠨᠸᠲ ᠢᠶᠡᠷ ᠲᠠᠰᠤᠯᠪᠤᠷᠢ ᠬᠤᠳᠠᠯᠳᠤᠨ᠎ᠠ

2017-10-11 16:20

    ᠰᠢᠨᠬᠤᠸᠠ ᠬᠤᠷᠢᠶ᠎ᠠ   ᠪᠡᠭᠡᠵᠢᠩ ᠤᠨ 10 ᠰᠠᠷ᠎ᠠ ᠶᠢᠨ 10 ᠤ ᠡᠳᠦᠷ ᠤᠨ ᠴᠠᠬᠢᠯᠭᠠᠨ ᠮᠡᠳᠡᠭᠡ (ᠰᠤᠷᠪᠤᠯᠵᠢᠯᠠᠭᠴᠢ ᠱᠢ ᠢᠦᠢ ᠼᠸᠨ) 10 ᠰᠠᠷ᠎ᠠ ᠶᠢᠨ 2 ᠤᠨ ᠡᠳᠦᠷ 8 ᠲᠦᠮᠡᠨ ᠲᠠᠰᠤᠯᠪᠤᠷᠢ ᠶᠢ ᠴᠦᠮ ᠨᠧᠲ ᠢᠶᠡᠷ ᠬᠤᠳᠠᠯᠳᠤᠪᠠ᠃ ᠬᠠᠭᠠᠨ ᠤ ᠤᠷᠳᠤᠨ ᠤ ᠮᠦᠽᠸᠢ 10 ᠤ ᠡᠳᠦᠷ ᠮᠡᠳᠡᠭᠡ ᠨᠡᠶᠢᠲᠡᠯᠡᠵᠤ᠂ ᠲᠤᠬᠠᠢ ᠶᠢᠨ ᠡᠳᠦᠷ ᠡᠴᠡ ᠡᠬᠢᠯᠡᠨ ᠨᠸᠲ ᠢᠶᠡᠷ ᠲᠠᠰᠤᠯᠪᠤᠷᠢ ᠬᠤᠳᠠᠯᠳᠤᠬᠤ ᠠᠵᠢᠯᠯᠠᠭ᠎ᠠ ᠲᠤᠷᠰᠢᠨ ᠬᠡᠷᠡᠭᠵᠢᠭᠦᠯᠦᠭᠳᠡᠵᠤ ᠪᠠᠶᠢᠭᠰᠠᠨ ᠡᠴᠡ ᠵᠢᠩᠬᠢᠨᠢ ᠪᠡᠷ ᠬᠡᠷᠡᠭᠵᠢᠭᠦᠯᠦᠭᠳᠡᠬᠦ ᠪᠤᠯᠤᠭᠰᠠᠨ ᠢ ᠮᠡᠳᠡᠭᠳᠡᠪᠡ᠃

    ᠲᠠᠨᠢᠯᠴᠠᠭᠤᠯᠤᠭᠰᠠᠨ ᠢᠶᠡᠷ᠂ ᠨᠸᠲ ᠢᠶᠡᠷ ᠲᠠᠰᠤᠯᠪᠤᠷᠢ ᠬᠤᠳᠠᠯᠳᠤᠬᠤ ᠶᠢ ᠬᠡᠷᠡᠭᠵᠢᠭᠦᠯᠪᠡᠯ ᠦᠵᠡᠭᠴᠢᠳ ᠤᠨ ᠬᠦᠯᠢᠶᠡᠬᠦ ᠬᠤᠭᠤᠴᠠᠭ᠎ᠠ ᠶᠢ ᠪᠤᠭᠤᠨᠢᠰᠬᠠᠵᠤ᠂ ᠦᠵᠡᠭᠴᠢᠳ ᠤᠨ ᠰᠤᠨᠢᠷᠬᠠᠬᠤ ᠲᠠᠭᠠᠯᠠᠮᠵᠢᠲᠠᠢ ᠪᠠᠶᠢᠳᠠᠯ ᠢ ᠨᠡᠮᠡᠭᠳᠡᠭᠦᠯᠦᠨ᠎ᠠ᠃ ᠤᠳᠤᠬᠠᠨ ᠳᠤ ᠨᠸᠲ ᠢᠶᠡᠷ ᠬᠤᠳᠠᠯᠳᠤᠬᠤ ᠲᠠᠰᠤᠯᠪᠤᠷᠢ ᠳᠠᠭᠤᠰᠤᠭᠰᠠᠨ ᠤ ᠳᠠᠷᠠᠭ᠎ᠠ ᠡᠳᠦᠷ ᠲᠤ 15000 ᠡᠴᠡ 20000 ᠦᠵᠡᠭᠴᠢᠳ ᠭᠠᠵᠠᠷ ᠳᠡᠭᠡᠷ᠎ᠠ ᠨᠢ ᠬᠤᠶᠠᠷ ᠬᠡᠮᠵᠢᠯᠳᠡᠳᠤ ᠺᠤᠳ᠋ ᠢ ᠰᠢᠷᠪᠢᠵᠤ ᠲᠤᠬᠠᠢ ᠶᠢᠨ ᠡᠳᠦᠷ ᠤᠨ ᠲᠠᠰᠤᠯᠪᠤᠷᠢ ᠶᠢ ᠬᠤᠳᠠᠯᠳᠤᠨ ᠠᠪᠴᠤ ᠪᠤᠯᠤᠨ᠎ᠠ᠃ ᠡᠨᠡᠬᠦ ᠲᠤᠭ᠎ᠠ ᠨᠢ ᠲᠠᠰᠤᠯᠪᠤᠷᠢ ᠬᠤᠳᠠᠯᠳᠤᠬᠤ 30ᠴᠤᠩᠬᠤ ᠪᠡᠷ 2 ᠴᠠᠭ ᠠᠵᠢᠯᠯᠠᠭᠰᠠᠨ ᠲᠠᠢ ᠲᠡᠩᠴᠡᠬᠦ ᠪᠤᠯᠬᠤᠷ ᠦᠵᠡᠭᠴᠢᠳ ᠤᠨ ᠲᠠᠰᠤᠯᠪᠤᠷᠢ ᠠᠪᠬᠤ ᠴᠠᠭ ᠶᠢ ᠶᠡᠬᠡᠪᠡᠷ ᠪᠤᠭᠤᠨᠢᠰᠬᠠᠵᠠᠢ᠃

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠬᠡᠦᠬᠡᠨᠰᠤᠯᠢ

ᠨᠡᠶᠢᠬᠡᠮ ᠠᠬᠤᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011100001121787484