蒙古文网站Logo
ᠰᠢᠨᠬᠤᠸᠠ ᠮᠤᠩᠭ᠋ᠤᠯ ᠨᠧᠲ

ᠰᠢᠨᠬᠤᠧᠠ ᠺᠢᠷᠢᠯ ᠨᠧᠲ ᠤᠨ ᠨᠠᠶᠢᠷᠠᠭᠤᠯᠤᠭᠴᠢ ᠡᠯᠰᠡᠬᠦ ᠮᠡᠳᠡᠭᠳᠡᠯ

2017-10-13 16:24

    ᠰᠢᠨᠬᠤᠸᠠ ᠨᠧᠲ ᠨᠢ ᠰᠢᠨᠬᠤᠸᠠ ᠮᠡᠳᠡᠬᠡᠯᠡᠯ ᠤᠨ ᠬᠤᠷᠢᠶ᠎ᠠ ᠡᠴᠡ ᠡᠷᠬᠢᠯᠡᠨ ᠬᠦᠢᠴᠡᠳᠬᠡᠵᠤ ᠪᠠᠶᠢᠭ᠎ᠠ ᠳᠦᠪ ᠤᠨ ᠭᠤᠤᠯᠳᠠᠯᠭ᠎ᠠ ᠲᠠᠢ ᠰᠤᠨᠢᠨ ᠮᠡᠳᠡᠬᠡᠨ ᠤ ᠨᠧᠲ ᠪᠤᠯᠬᠤ ᠶᠤᠮ᠃ ᠠᠵᠢᠯ ᠤᠨ ᠱᠠᠭᠠᠷᠳᠠᠯᠭ᠎ᠠ ᠳ᠋ᠠᠭᠠᠨ ᠦᠨᠳᠦᠰᠦᠯᠡᠨ ᠺᠢᠷᠢᠯ ᠨᠧᠲ ᠤᠨ ᠨᠠᠶᠢᠷᠠᠭᠤᠯᠤᠭᠴᠢ 4᠂ ᠳᠤᠰᠬᠠᠢ ᠮᠡᠷᠬᠡᠵᠢᠯᠳᠡᠨ 2 ᠡᠯᠰᠡᠬᠦ ᠪᠡᠷ ᠪᠤᠯᠵᠤ ᠤᠳᠤ ᠪᠡᠷ ᠨᠡᠶᠢᠬᠡᠮ ᠳᠤ ᠢᠯᠡ ᠵᠠᠷᠯᠠᠵᠤ ᠪᠤᠢ᠃ ᠪᠤᠳᠠᠳᠠᠢ ᠱᠠᠭᠠᠷᠳᠠᠯᠭ᠎ᠠ ᠶᠢ ᠳᠠᠷᠠᠭᠠᠬᠢ ᠵᠦᠢᠯ ᠤᠳ ᠡᠴᠡ ᠬᠠᠷᠠᠭᠠᠷᠠᠢ᠃

    ᠨᠢᠬᠡ᠂ ᠡᠯᠰᠡᠬᠦ ᠠᠯᠬᠤᠮ ᠳᠠᠷᠠᠭ᠎ᠠ

    ᠡᠯᠰᠡᠬᠦ ᠠᠵᠢᠯ 2017 ᠤᠨ ᠤ 10 ᠰᠠᠷ᠎ᠠ ᠶᠢᠨ 16 ᠡᠴᠡ ᠠᠯᠪᠠᠨ ᠶᠤᠰᠤᠭᠠᠷ ᠡᠬᠢᠯᠡᠵᠤ ᠮᠡᠳᠡᠭᠳᠡᠯ ᠵᠠᠷᠯᠠᠬᠤ᠂ ᠨᠡᠷ᠎ᠡ ᠪᠦᠷᠢᠳᠬᠡᠬᠦᠯᠬᠦ᠂ ᠬᠢᠷᠢ ᠬᠡᠮ ᠤᠨ ᠰᠢᠯᠭᠠᠯᠳᠠ᠂ ᠦᠵᠦᠭ ᠤᠨ ᠰᠢᠯᠭᠠᠯᠳᠠ᠂ ᠠᠮᠠᠨ ᠰᠢᠯᠭᠠᠯᠳᠠ᠂ ᠡᠷᠡᠬᠦᠯ ᠮᠡᠨᠳᠦ ᠶᠢᠨ ᠦᠵᠡᠯᠬᠡ᠂ ᠡᠯᠰᠡᠯᠳᠡ᠂ ᠠᠵᠢᠯ ᠤᠨ ᠪᠠᠶᠢᠷᠢᠨ ᠳᠤ ᠭᠠᠷᠬᠤ ᠵᠡᠷᠬᠡ ᠠᠯᠬᠤᠮ ᠳᠠᠷᠠᠭ᠎ᠠ ᠪᠡᠷ ᠶᠠᠪᠤᠭᠳᠠᠨ᠎ᠠ᠃

    ᠬᠤᠶᠠᠷ᠂ ᠨᠠᠶᠢᠷᠠᠭᠤᠯᠤᠭᠴᠢ ᠶᠢᠨ ᠪᠠᠶᠢᠷᠢᠨ ᠤ ᠠᠵᠢᠯ

    1. ᠰᠢᠨᠬᠤᠧᠠ ᠬᠤᠷᠢᠶᠠᠨ ᠤ ᠦᠰᠦᠭ᠂ ᠵᠢᠷᠤᠭ᠂ ᠸᠢᠳᠢᠣ᠋ ᠶᠢᠨ ᠬᠡᠯᠪᠡᠷᠢ ᠲᠠᠢ ᠰᠤᠨᠢᠨ ᠮᠡᠳᠡᠬᠡᠨ ᠤ ᠡᠬᠡ ᠪᠢᠴᠢᠭ᠌ ᠤᠳ ᠢ ᠴᠠᠭ ᠳᠤᠬᠠᠢ ᠳᠤ ᠨᠢ ᠤᠨᠤᠪᠴᠢᠳᠠᠢ ᠤᠷᠴᠢᠭᠤᠯᠵᠤ ᠨᠡᠶᠢᠳᠡᠯᠡᠨ᠎ᠠ; ᠪᠤᠰᠤᠳ ᠰᠤᠨᠢᠨ ᠮᠡᠳᠡᠬᠡᠨ ᠤ ᠡᠬᠡ ᠪᠢᠴᠢᠭ᠌ ᠤᠳ ᠢ ᠡᠮᠬᠢᠳᠬᠡᠨ ᠨᠠᠶᠢᠷᠠᠭᠤᠯᠵᠤ ᠨᠡᠶᠢᠳᠡᠯᠡᠨ᠎ᠡ᠃

    2. ᠤᠯᠤᠰ ᠤᠨ ᠳᠤᠳᠤᠭᠠᠳᠤ ᠶᠢᠨ ᠪᠤᠰᠤᠳ ᠴᠢᠬᠤᠯᠠ ᠰᠤᠨᠢᠨ ᠮᠡᠳᠡᠬᠡᠨ ᠤ ᠨᠧᠲ ᠤᠨ ᠦᠰᠦᠭ᠂ ᠵᠢᠷᠤᠭ᠂ ᠸᠢᠳᠢᠣ᠋ ᠶᠢᠨ ᠬᠡᠯᠪᠡᠷᠢ ᠲᠠᠢ ᠰᠤᠨᠢᠨ ᠮᠡᠳᠡᠬᠡᠨ ᠤ ᠡᠬᠡ ᠪᠢᠴᠢᠭ᠌ ᠤᠳ ᠢ ᠨᠠᠶᠢᠷᠠᠭᠤᠯᠤᠨ ᠤᠷᠴᠢᠭᠤᠯᠵᠤ ᠨᠡᠶᠢᠳᠡᠯᠡᠨ᠎ᠡ᠃

    3. ᠤᠯᠤᠰ ᠤᠨ ᠳᠤᠳᠤᠭᠠᠳᠤ ᠶᠢᠨ ᠪᠤᠰᠤᠳ ᠴᠢᠬᠤᠯᠠ ᠰᠤᠨᠢᠨ ᠮᠡᠳᠡᠬᠡᠨ ᠤ ᠨᠧᠲ ᠤᠨ ᠮᠤᠩᠭᠤᠯ ᠨᠧᠲ ᠤᠨ ᠦᠰᠦᠭ᠂ ᠵᠢᠷᠤᠭ᠂ ᠸᠢᠳᠢᠣ᠋ ᠶᠢᠨ ᠬᠡᠯᠪᠡᠷᠢ ᠲᠠᠢ ᠡᠬᠡ ᠪᠢᠴᠢᠭ᠌ ᠤᠳ ᠢ ᠨᠠᠶᠢᠷᠠᠭᠤᠯᠵᠤ ᠨᠡᠶᠢᠳᠡᠯᠡᠨ᠎ᠡ᠃

    4. ᠨᠧᠲ ᠤᠨ ᠪᠤᠯᠤᠩ᠂ ᠳᠤᠰᠬᠠᠢ ᠮᠡᠳᠡᠬᠡᠯᠡᠯ ᠢ ᠤᠬᠠᠭᠠᠯᠠᠵᠤ ᠳᠦᠰᠦᠪᠯᠡᠬᠦ᠂ ᠰᠢᠨᠡᠴᠢᠯᠡᠬᠦ᠂ ᠳᠠᠨᠢᠯᠴᠠᠭᠤᠯᠵᠤ ᠳᠡᠯᠬᠡᠷᠡᠬᠦᠯᠬᠦ ᠵᠡᠷᠬᠡ ᠠᠵᠢᠯ ᠤᠳ ᠢ ᠬᠦᠢᠴᠡᠳᠬᠡᠨ᠎ᠡ᠃

    5. ᠳᠤᠮᠤ ᠴᠢᠬᠤᠯᠠ ᠬᠤᠷᠠᠯ ᠴᠢᠭᠤᠯᠭᠠᠨ ᠪᠤᠯᠤᠨ ᠠᠵᠢᠯᠯᠠᠭ᠎ᠠ ᠶᠢ ᠰᠤᠷᠪᠤᠯᠵᠢᠯᠠᠵᠤ ᠮᠡᠳᠡᠬᠡᠯᠡᠨ᠎ᠡ᠃

    6. ᠱᠠᠭᠠᠷᠳᠠᠯᠭ᠎ᠠ ᠶᠤᠰᠤᠭᠠᠷ ᠪᠤᠰᠤᠳ ᠠᠵᠢᠯ ᠤᠳ ᠢ ᠬᠦᠢᠴᠡᠳᠬᠡᠨ᠎ᠡ᠃

    ᠭᠤᠷᠪᠠ᠂ ᠨᠠᠶᠢᠷᠠᠭᠤᠯᠤᠭᠴᠢ ᠡᠯᠰᠡᠬᠦ ᠱᠠᠭᠠᠷᠳᠠᠯᠭ᠎ᠠ

    1. ᠤᠯᠤᠰ ᠡᠴᠡ ᠬᠦᠯᠢᠶᠡᠨ ᠵᠦᠪᠰᠢᠶᠡᠷᠡᠬᠦ ᠬᠦᠷᠢᠶᠡᠨ ᠳᠤ ᠬᠠᠮᠤᠷᠤᠭᠳᠠᠬᠤ ᠶᠡᠬᠡ ᠰᠤᠷᠭᠠᠭᠤᠯᠢ ᠶᠢᠨ ᠦᠨᠳᠦᠰᠦᠨ ᠠᠩᠭᠢ ᠪᠤᠶᠤ ᠳᠡᠬᠦᠨ ᠡᠴᠡ ᠳᠡᠭᠡᠭ᠍ᠰᠢᠬᠢ ᠰᠤᠷᠤᠯᠭ᠎ᠠ ᠶᠢᠨ ᠨᠠᠮᠲᠠᠷ ᠲᠠᠢ ᠪᠠᠶᠢᠬᠤ᠂ ᠰᠤᠨᠢᠨ ᠮᠡᠳᠡᠭᠡ ᠪᠤᠶᠤ ᠬᠢᠲᠡᠳ ᠬᠡᠯᠡ᠂ ᠮᠣᠩᠭᠣᠯ ᠬᠡᠯᠡᠡ ᠤ ᠲᠤᠰᠬᠠᠢ ᠮᠡᠷᠭᠡᠵᠢᠯ ᠲᠠᠢ ᠪᠠᠶᠢᠬᠤ ᠶᠢ ᠱᠠᠭᠠᠷᠳᠠᠨ᠎ᠠ᠃ ᠨᠠᠰᠤ ᠶᠢ ᠪᠦᠬᠦᠯᠢ 30 ᠶᠢᠨ ᠳᠤᠳᠤᠷ᠎ᠠ ᠬᠢᠵᠠᠭᠠᠷᠯᠠᠨ᠎ᠠ᠃

    2. ᠺᠢᠷᠢᠯ (ᠤᠩᠰᠢᠬᠤ᠂ ᠪᠢᠴᠢᠬᠦ᠂ ᠨᠠᠶᠢᠷᠠᠭᠤᠯᠬᠤ᠂ ᠰᠢᠪᠡᠬᠦ)  ᠢᠶᠡᠷ ᠪᠢᠴᠢᠵᠤ ᠨᠠᠶᠢᠷᠠᠭᠤᠯᠵᠤ ᠴᠢᠳᠠᠬᠤ᠂ ᠬᠢᠲᠠᠳ ᠮᠣᠩᠭᠣᠯ ᠬᠤᠤᠰ ᠬᠡᠯᠡᠨ ᠳᠤ ᠴᠠᠭᠠᠷᠠᠭᠰᠠᠨ ᠪᠠᠶᠢᠬᠤ᠂ ᠮᠦᠨ ᠬᠤᠶᠠᠷ ᠬᠡᠯᠡᠨ ᠤ ᠬᠤᠭᠤᠷᠤᠨᠳᠤ ᠳᠠᠳᠮᠠᠭᠠᠢ ᠤᠷᠴᠢᠭᠤᠯᠭ᠎ᠠ ᠬᠢᠵᠤ ᠴᠢᠳᠠᠭᠰᠠᠨ ᠪᠠᠶᠢᠬᠤ ᠬᠡᠷᠡᠭᠳᠡᠢ᠃

    3.ᠰᠤᠨᠢᠨ ᠮᠡᠳᠡᠭᠡᠨ ᠤ ᠬᠡᠷᠡᠭ ᠶᠠᠪᠤᠳᠠᠯ ᠳᠤ ᠮᠡᠳᠡᠷᠡᠮᠡᠳᠡᠬᠡᠢ᠂ ᠶᠠᠷᠢᠵᠤ ᠢᠯᠡᠳᠭᠡᠬᠦ᠂ ᠪᠢᠴᠢᠵᠤ ᠨᠠᠶᠢᠷᠠᠭᠤᠯᠬᠤ ᠴᠢᠳᠠᠪᠤᠷᠢ ᠰᠠᠶᠢᠨ᠂ ᠤᠬᠠᠭᠠᠯᠠᠵᠤ ᠳᠦᠰᠦᠪᠯᠡᠬᠦ ᠪᠠ ᠵᠠᠬ᠎ᠠ ᠵᠡᠭᠡᠯᠢ ᠶᠢᠨ ᠬᠠᠨᠳᠤᠰᠢ ᠶᠢ ᠠᠵᠢᠨ ᠰᠢᠨᠵᠢᠬᠦ ᠴᠢᠳᠠᠪᠤᠷᠢ ᠲᠠᠢ ᠪᠠᠶᠢᠬᠤ ᠬᠡᠷᠡᠭᠳᠡᠢ᠃

    4.ᠢᠨᠲ᠋ᠧᠷᠨ᠋᠋ᠧᠲ ᠢ ᠰᠠᠶᠢᠨ ᠮᠡᠳᠡᠵᠤ᠂ ᠢᠨᠲ᠋ᠧᠷᠨ᠋᠋ᠧᠲ ᠤᠨ ᠰᠡᠳᠬᠢᠬᠦᠢ ᠲᠠᠢ ᠪᠠᠶᠢᠬᠤ ᠬᠡᠷᠡᠭᠳᠡᠢ᠃

    5.ᠰᠢᠨ᠎ᠠ ᠬᠡᠪᠯᠡᠯ ᠮᠡᠳᠡᠬᠡᠯᠡᠯ ᠤᠨ ᠬᠡᠷᠡᠭᠰᠡᠯ ᠢ ᠠᠰᠢᠭᠯᠠᠵᠤ ᠴᠢᠳᠠᠬᠤ ᠪᠤᠶᠤ ᠰᠢᠨ᠎ᠠ ᠬᠡᠪᠯᠡᠯ ᠮᠡᠳᠡᠬᠡᠯᠡᠯ ᠤᠨ ᠠᠵᠢᠯ ᠳᠤ ᠵᠤᠬᠢᠴᠠᠬᠤ ᠴᠢᠳᠠᠪᠤᠷᠢ ᠲᠠᠢ ᠪᠠᠶᠢᠬᠤ ᠬᠡᠷᠡᠭᠳᠡᠢ᠃

    6.ᠬᠠᠮᠢᠶ᠎ᠠ ᠪᠦᠬᠦᠢ ᠠᠵᠢᠯ ᠤᠨ ᠳᠤᠷᠰᠢᠯᠭ᠎ᠠ ᠲᠠᠢ ᠬᠦᠮᠦᠰ ᠨᠦᠬᠦᠴᠡᠯ ᠱᠠᠭᠠᠷᠳᠠᠯᠭ᠎ᠠ ᠳᠤ ᠨᠡᠶᠢᠴᠡᠬᠦ ᠳᠠᠪᠠᠭᠤᠯᠢᠭ ᠲᠠᠢ᠃

    ᠲᠦᠷᠪᠡ᠄ ᠲᠤᠰᠬᠠᠢ ᠮᠡᠷᠭᠡᠵᠢᠯᠲᠠᠨ ᠡᠯᠰᠡᠬᠦ ᠱᠠᠭᠠᠷᠳᠠᠯᠭ᠎ᠠ

    1.ᠶᠡᠬᠡ ᠰᠤᠷᠭᠠᠭᠤᠯᠢ ᠶᠢᠨ ᠦᠨᠳᠦᠰᠦᠨ ᠠᠩᠭᠢ ᠪᠤᠶᠤ ᠳᠡᠬᠦᠨ ᠡᠴᠡ ᠳᠡᠭᠡᠭ᠍ᠰᠢᠬᠢ ᠰᠤᠷᠤᠯᠭ᠎ᠠ ᠶᠢᠨ ᠨᠠᠮᠲᠠᠷ ᠲᠠᠢ᠂ ᠰᠤᠨᠢᠨ ᠮᠡᠳᠡᠭᠡᠨ ᠤ ᠠᠵᠢᠯ ᠤᠨ ᠲᠤᠷᠰᠢᠯᠭ᠎ᠠ ᠪᠤᠯᠤᠨ ᠺᠢᠷᠢᠯ ᠤᠷᠴᠢᠭᠤᠯᠭ᠎ᠠ ᠶᠢᠨ ᠠᠵᠢᠯ ᠤᠨ ᠲᠤᠷᠰᠢᠯᠭ᠎ᠠ ᠲᠠᠢ ᠪᠠᠶᠢᠬᠤ ᠬᠡᠷᠡᠭᠳᠡᠢ᠃

    2.ᠨᠠᠰᠤ ᠵᠢᠯ ᠤᠨ ᠬᠤᠪᠢ ᠳᠤ᠂ ᠡᠷᠡᠭᠲᠠᠢ ᠶᠢ 62 ᠪᠦᠬᠦᠯᠢ ᠨᠠᠰᠤᠨ ᠤ ᠳᠤᠳᠤᠷ᠎ᠠ᠂ ᠡᠮᠡᠭᠲᠠᠢ ᠶᠢ 60 ᠪᠦᠬᠦᠯᠢ ᠨᠠᠰᠤᠨ ᠤ ᠳᠤᠳᠤᠷ᠎ᠠ ᠬᠢᠵᠠᠭᠠᠷᠯᠠᠨ᠎ᠠ᠂ ᠪᠡᠶ᠎ᠡ ᠡᠷᠡᠭᠦᠯ ᠴᠢᠬᠢᠷᠠᠭ ᠪᠠᠶᠢᠬᠤ ᠬᠡᠷᠡᠭᠳᠡᠢ᠃

    ᠲᠠᠪᠤ᠄ ᠠᠵᠢᠯᠯᠠᠬᠤ ᠭᠠᠵᠠᠷ

    ᠦᠪᠦᠷ ᠮᠣᠩᠭᠣᠯ ᠤᠨ ᠦᠪᠡᠷᠲᠡᠭᠡᠨ ᠵᠠᠰᠠᠬᠤ ᠤᠷᠤᠨ ᠤ ᠬᠦᠬᠡᠬᠤᠲᠠ ᠶᠢᠨ ᠰᠢᠨ᠎ᠠ ᠬᠤᠲᠠ ᠲᠤᠭᠤᠷᠢᠭ ᠤᠨ ᠵᠦᠩ ᠱᠠᠨ ᠵᠡᠭᠦᠨ ᠵᠠᠮ ᠤᠨ 5 ᠨᠤᠮᠧᠷᠲᠤ   ᠰᠢᠨᠬᠤᠧᠠ ᠬᠤᠷᠢᠶ᠎ᠠ ᠶᠢᠨ ᠦᠪᠦᠷ ᠮᠤᠩᠭᠤᠯ ᠳ᠋ᠡᠬᠢ ᠬᠤᠪᠢᠶᠠᠷᠢ ᠬᠤᠷᠢᠶ᠎ᠠ ᠶᠢᠨ ᠠᠯᠪᠠᠨ ᠠᠰᠠᠷ

    ᠵᠢᠷᠭᠤᠭ᠎ᠠ᠄ ᠨᠡᠷ᠎ᠠ ᠪᠦᠷᠢᠳᠭᠡᠭᠦᠯᠬᠦ ᠠᠷᠭ᠎ᠠ

    1. ᠬᠤᠪᠢ ᠶᠢᠨ ᠲᠠᠨᠢᠯᠴᠠᠭᠤᠯᠭ᠎ᠠ ᠪᠡᠨ xhw_mgl@sina.com ᠬᠡᠬᠦ ᠢᠮᠧᠯ ᠬᠠᠶ᠊ᠢᠭ ᠢᠶᠡᠷ ᠶᠠᠪᠤᠭᠤᠯᠤᠨ᠎ᠠ᠂ ᠬᠡᠬᠦ ᠳ᠋ᠡᠬᠡᠨ ᠰᠢᠨᠬᠤᠸᠠ ᠺᠢᠷᠢᠯ ᠨᠧᠲ ᠤᠨ ᠨᠠᠶᠢᠷᠠᠭᠤᠯᠤᠭᠴᠢ ᠪᠤᠶᠤ ᠲᠤᠰᠬᠠᠢ ᠮᠡᠷᠭᠡᠵᠢᠯᠲᠠᠨ ᠢᠶᠡᠷ ᠨᠡᠷ᠎ᠠ ᠪᠦᠷᠢᠳᠭᠡᠭᠦᠯᠵᠤ ᠪᠠᠶᠢᠭ᠎ᠠ ᠬᠡᠳᠡᠭ ᠢᠶᠡᠨ ᠳᠤᠲᠤᠷᠬᠠᠶᠢᠯᠠᠬᠤ ᠬᠡᠷᠡᠭᠳᠡᠢ᠃

    2. ᠠᠰᠠᠭᠤᠨ ᠯᠠᠪᠯᠠᠬᠤ ᠤᠳᠠᠰᠤ᠄ 0471-6307547 (6303943)

    3. ᠨᠡᠷ᠎ᠡ ᠪᠦᠷᠢᠳᠬᠡᠬᠦᠯᠬᠦ ᠬᠤᠭᠤᠴᠠᠭ᠎ᠠ᠄ 2017 ᠤᠨ ᠤ 10 ᠰᠠᠷ᠎ᠠ ᠶᠢᠨ 20 ᠤ ᠡᠳᠦᠷ ᠪᠤᠯᠳᠠᠯ᠎ᠠ

          ᠰᠢᠨᠬᠤᠧᠠ ᠨᠧᠲ ᠤᠨ ᠦᠪᠦᠷ ᠮᠤᠩᠭᠤᠯ ᠳ᠋ᠡᠬᠢ ᠰᠠᠯᠪᠤᠷᠢ

              2017 ᠤᠨ ᠤ 10 ᠰᠠᠷ᠎ᠠ ᠶᠢᠨ 13 ᠤ ᠡᠳᠦᠷ

ᠢᠷᠡᠯᠳᠡ᠄ ᠰᠢᠨᠬᠤᠸᠠ ᠨᠧᠲ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701121800089