蒙古文网站Logo
ᠰᠢᠨᠬᠤᠸᠠ ᠮᠤᠩᠭ᠋ᠤᠯ ᠨᠧᠲ

ᠬᠤᠶᠠᠳᠤᠭᠠᠷ ᠬᠤᠭᠤᠴᠠᠭᠠᠨ ᠤ ᠦᠪᠦᠷ ᠮᠤᠩᠭ᠋ᠤᠯ ᠤᠨ ᠰᠤᠶᠤᠯ ᠤᠨ ᠠᠵᠤ ᠦᠢᠯᠡᠰ ᠤᠨ ᠦᠵᠡᠰᠬᠦᠯᠡᠩ 20 ᠤ ᠡᠳᠦᠷ ᠡᠴᠡ ᠡᠬᠢᠯᠡᠨ᠎ᠠ

2017-10-18 16:18

    10 ᠰᠠᠷ᠎ᠠ ᠶᠢᠨ 17 ᠤ ᠡᠳᠦᠷ᠂ ᠰᠤᠷᠪᠤᠯ᠋ᠵᠢᠯ᠋ᠠᠭᠴᠢ ᠬᠤᠶᠠᠳᠤᠭᠠᠷ ᠬᠤᠭᠤᠴᠠᠭᠠᠨ ᠤ ᠦᠪᠦᠷ ᠮᠤᠩᠭ᠋ᠤᠯ ᠤᠨ ᠰᠤᠶᠤᠯ ᠤᠨ ᠠᠵᠤ ᠦᠢᠯ᠋ᠡᠰ ᠤᠨ ᠦᠵᠡᠰᠬᠦᠯ᠋ᠡᠩ ᠤᠨ ᠪᠠᠢᠢᠳᠠᠯ ᠢ ᠮᠡᠳᠡᠭᠳᠡᠬᠦ ᠬᠤᠷᠠᠯ ᠡᠴᠠ ᠤᠢᠢᠯ᠋ᠠᠭᠠᠭᠰᠠᠨ ᠵᠢᠡᠷ᠂ ᠬᠤᠶᠠᠳᠤᠭᠠᠷ ᠬᠤᠭᠤᠴᠠᠭᠠᠨ ᠤ ᠦᠪᠦᠷ ᠮᠤᠩᠭ᠋ᠤᠯ ᠤᠨ ᠰᠤᠶᠤᠯ ᠤᠨ ᠠᠵᠤ ᠦᠢᠯ᠋ᠡᠰ ᠤᠨ ᠦᠵᠡᠰᠬᠦᠯ᠋ᠡᠩ 10 ᠰᠠᠷ᠎ᠠ ᠶᠢᠨ 20 ᠡᠴᠡ 24 ᠤ ᠡᠳᠦᠷ ᠪᠤᠯ᠋ᠳᠠᠯ᠎ᠠ ᠬᠦᠬᠡᠬᠤᠳᠠ ᠳ᠋ᠤ ᠶᠠᠪᠤᠭᠳᠠᠨ᠎ᠠ᠃ ᠦᠵᠡᠰᠬᠦᠯ᠋ᠡᠩ ᠨᠢ ᠰᠤᠶᠤᠯ ᠤᠨ ᠠᠵᠤ ᠦᠢᠯ᠋ᠡᠰ ᠤᠨ ᠰᠤᠯ᠋ᠢᠯ᠋ᠴᠠᠭ᠎ᠠ ᠪᠠ ᠬᠠᠮᠳᠤᠷᠠᠯ᠋ᠴᠠᠭᠠᠨ ᠤ ᠳᠠᠪᠴᠠᠩ ᠢ ᠡᠬᠦᠳᠬᠦ᠂ ᠰᠤᠶᠤᠯ ᠤᠨ ᠠᠵᠤ ᠦᠢᠯ᠋ᠡᠰ ᠤᠨ ᠦᠵᠡᠰᠬᠦᠯ᠋ᠡᠩ ᠤᠨ ᠰᠤᠯ᠋ᠢᠯ᠋ᠴᠠᠭ᠎ᠠ᠂ ᠬᠦᠷᠦᠩᠭᠡ ᠤᠷᠤᠭᠤᠯ᠋ᠤᠨ ᠬᠦᠷᠦᠩᠭᠡ ᠴᠤᠭᠯ᠋ᠠᠭᠤᠯ᠋ᠬᠤ᠂ ᠰᠢᠨ᠎ᠠ ᠵᠢ ᠡᠬᠦᠳᠦᠨ ᠠᠭᠤᠰᠤᠯ᠋ᠴᠠᠭᠤᠯ᠋ᠬᠤ᠂ ᠲ᠋ᠦᠷᠦᠯ ᠵᠦᠢᠯ ᠵᠢᠡᠷ ᠬᠦᠳᠦᠯ᠋ᠦᠨ ᠵᠢᠯ᠋ᠤᠭᠤᠳᠬᠤ᠂ ᠴᠢᠳᠠᠪᠤᠷᠢᠳᠠᠨ ᠢ ᠬᠦᠭ᠍ᠵᠢᠬᠦᠯ᠋ᠬᠦ ᠪᠡᠷ ᠳᠠᠮᠵᠢᠨ᠂ ᠦᠪᠦᠷ ᠮᠤᠩᠭ᠋ᠤᠯ ᠤᠨ ᠰᠤᠶᠤᠯ ᠤᠨ ᠠᠵᠤ ᠦᠢᠯ᠋ᠡᠰ ᠤᠨ ᠡᠷᠡᠬᠦᠯ ᠪᠦᠬᠡᠳ ᠲ᠋ᠦᠷᠬᠡᠨ ᠬᠦᠭ᠍ᠵᠢᠯ᠋ᠳᠠ ᠶᠢ ᠠᠬᠢᠭᠤᠯ᠋ᠬᠤ ᠪᠡᠷ ᠵᠤᠷᠢᠵᠠᠢ᠃

    ᠤᠢᠢᠯ᠋ᠠᠭᠠᠭᠰᠠᠨ ᠵᠢᠡᠷ᠂ ᠦᠵᠡᠰᠬᠦᠯ᠋ᠡᠩ ᠤᠨ ᠳᠡᠯ᠋ᠬᠡᠨ ᠦᠵᠡᠬᠦᠯ᠋ᠦᠯ᠋ᠬᠡ ᠵᠢᠨ ᠳᠤᠭᠤᠷᠢᠭ ᠲ᠋ᠤ ᠰᠤᠶᠤᠯ ᠤᠨ ᠠᠵᠤ ᠦᠢᠯ᠋ᠡᠰ ᠤᠨ ᠶᠡᠷᠦᠩᠬᠡᠢᠢᠯ᠋ᠡᠭᠰᠡᠨ ᠤᠷᠳᠤᠨ᠂ ᠰᠤᠶᠤᠯ ᠵᠢᠭᠤᠯᠴᠢᠯᠠᠯ ᠢ ᠠᠭᠤᠰᠤᠯ᠋ᠴᠠᠭᠤᠯ᠋ᠤᠭᠰᠠᠨ ᠤᠷᠳᠤᠨ᠂《ᠨᠢᠬᠡ ᠪᠦᠰᠡ ᠨᠢᠬᠡ ᠵᠠᠮ》 ᠤᠨ ᠤᠯ᠋ᠠᠨ ᠤᠯ᠋ᠤᠰ ᠤᠨ ᠤᠷᠳᠤᠨ᠂ ᠭᠠᠷ ᠤᠷᠠᠯ᠋ᠠᠯ ᠤᠷᠠᠨ ᠵᠢᠷᠤᠭ ᠤᠨ ᠤᠷᠳᠤᠨ᠂ ᠰᠤᠶᠤᠯ ᠰᠢᠨᠵᠢᠯ᠋ᠡᠬᠦ ᠤᠬᠠᠭᠠᠨ ᠮᠡᠷᠬᠡᠵᠢᠯ ᠤᠨ ᠤᠷᠳᠤᠨ᠂ ᠰᠤᠶᠤᠯ ᠤᠨ ᠬᠡᠷᠡᠭᠯᠡᠬᠡᠨ ᠤ ᠤᠷᠳᠤᠨ᠂ ᠮᠤᠳ᠋ ᠰᠤᠶᠤᠯ ᠤᠨ ᠤᠷᠳᠤᠨ ᠵᠡᠷᠬᠡ 7 ᠭᠤᠤᠯ ᠰᠡᠳᠦᠪᠳᠤ ᠤᠷᠳᠤᠨ ᠳᠤᠬᠢᠷᠠᠭᠤᠯ᠋ᠵᠤ᠂ ᠦᠪᠦᠷ ᠮᠤᠩᠭ᠋ᠤᠯ ᠤᠨ ᠰᠤᠶᠤᠯ ᠤᠨ ᠠᠵᠤ ᠦᠢᠯ᠋ᠡᠰ ᠤᠨ ᠤᠯ᠋ᠠᠨ ᠡᠰᠢᠴᠢᠯ᠋ᠡᠯ᠋ᠳᠡ᠂ ᠰᠤᠶᠤᠯ ᠤᠨ ᠠᠵᠤ ᠦᠢᠯ᠋ᠡᠰ ᠤᠨ ᠵᠤᠬᠢᠴᠠᠩᠭ᠋ᠤᠢ᠂ ᠨᠡᠬᠡᠬᠡᠯ᠋ᠳᠡ ᠳᠠᠢ ᠬᠦᠭ᠍ᠵᠢᠯ᠋ᠳᠡ ᠵᠢᠨ ᠤᠢᠢᠯ᠋ᠠᠭᠠᠭᠳᠠᠬᠤᠨ ᠢ ᠬᠦᠢᠴᠡᠳ ᠢᠯ᠋ᠡᠷᠡᠬᠦᠯ᠋ᠵᠡᠢ᠃ ᠦᠵᠡᠰᠬᠦᠯ᠋ᠡᠩ ᠳ᠋ᠤ᠂ 339 ᠠᠵᠤ ᠠᠬᠤᠢᠢᠯ᠋ᠠᠯ ᠤᠷᠤᠯ᠋ᠴᠠᠵᠤ᠂ ᠡᠬᠦᠨ ᠳ᠋ᠤ ᠦᠪᠦᠷ ᠮᠣᠩᠭᠣᠯ ᠤᠨ ᠦᠪᠡᠷᠲᠡᠭᠡᠨ ᠵᠠᠰᠠᠬᠤ ᠤᠷᠤᠨ ᠤ ᠳᠤᠳᠤᠷᠠᠬᠢ 198 ᠠᠵᠤ ᠠᠬᠤᠢᠢᠯ᠋ᠠᠯ᠂ ᠦᠪᠦᠷ ᠮᠣᠩᠭᠣᠯ ᠤᠨ ᠦᠪᠡᠷᠲᠡᠭᠡᠨ ᠵᠠᠰᠠᠬᠤ ᠤᠷᠤᠨ ᠤ ᠭᠠᠳᠠᠨᠠᠬᠢ 80(ᠲ᠋ᠠᠢᠢᠸᠠᠨ ᠤ 19 ᠠᠵᠤ ᠠᠬᠤᠢᠢᠯ᠋ᠠᠯ ᠪᠠᠭᠳᠠᠨ᠎ᠠ )ᠠᠵᠤ ᠠᠬᠤᠢᠢᠯ᠋ᠠᠯ᠂ ᠤᠯ᠋ᠤᠰ ᠤᠨ ᠭᠠᠳᠠᠨᠠᠬᠢ ᠹᠷᠠᠨᠼᠢ᠂ ᠶᠠᠫᠤᠨ᠂ ᠮᠤᠩᠭ᠋ᠤᠯ᠂ ᠡᠨᠡᠳᠬᠡᠭ᠌ ᠵᠡᠷᠬᠡ 12 ᠤᠯ᠋ᠤᠰ ᠤᠨ61 ᠠᠵᠤ ᠠᠬᠤᠢᠢᠯ᠋ᠠᠯ ᠤᠷᠤᠯ᠋ᠴᠠᠨ᠎ᠠ᠃

ᠢᠷᠡᠯᠳᠡ᠄ ᠦᠪᠦᠷ ᠮᠣᠩᠭᠣᠯ ᠤᠨ ᠡᠳᠦᠷ ᠤᠨ ᠰᠤᠨᠢᠨ ᠪᠡᠯᠡᠳᠭᠡᠭ᠍ᠰᠡᠨ ᠨᠢ᠄ ᠬᠡᠦᠬᠡᠨᠰᠤᠯᠢ

ᠨᠡᠶᠢᠬᠡᠮ ᠠᠬᠤᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011100001121822072