蒙古文网站Logo
ᠰᠢᠨᠬᠤᠸᠠ ᠮᠤᠩᠭ᠋ᠤᠯ ᠨᠧᠲ

ᠬᠦᠬᠡᠬᠤᠲᠠ ᠶᠢᠨ ᠨᠢᠰᠬᠦ ᠤᠩ᠋ᠭᠤᠴᠠᠨ ᠤ ᠪᠠᠭᠤᠳᠠᠯ ᠤᠨ 12 ᠰᠠᠷ᠎ᠠ ᠶᠢᠨ ᠬᠢᠮᠳᠠᠷᠠᠬᠰᠠᠨ ᠲᠠᠰᠤᠯᠪᠤᠷᠢ ᠬᠠᠮᠤᠭ ᠤᠨ ᠳᠤᠤᠷ᠎ᠠ ᠳ᠋ᠠᠭᠠᠨ 70 ᠲᠦᠭᠦᠷᠢᠭ᠌ ᠪᠤᠯᠪᠠ

2017-12-12 11:13

    ᠰᠤᠷᠪᠤᠯᠵᠢᠯᠠᠬᠴᠢ ᠬᠦᠬᠡᠬᠤᠲᠠ ᠶᠢᠨ ᠨᠢᠰᠬᠦ ᠤᠩ᠋ᠭᠤᠴᠠᠨ ᠤ ᠪᠠᠭᠤᠳᠠᠯ ᠡᠴᠡ ᠤᠶᠢᠯᠠᠭᠠᠭᠰᠠᠨ ᠢᠶᠡᠷ᠂ 12 ᠰᠠᠷ᠎ᠠ ᠳᠤ᠂ ᠵᠢᠭᠤᠯᠴᠢᠳ ᠤᠨ ᠡᠪᠦᠯ ᠤᠨ ᠤᠯᠠᠷᠢᠯ ᠤᠨ ᠶᠠᠪᠤᠵᠤ ᠰᠠᠭᠤᠬᠤ ᠳᠤ ᠳᠦᠬᠦᠮ ᠪᠤᠯᠭᠠᠬᠤ ᠶᠢᠨ ᠲᠤᠰᠠᠲᠠ ᠬᠦᠬᠡᠬᠤᠲᠠ ᠶᠢᠨ ᠤᠯᠠᠨ ᠵᠤᠷᠪᠤᠰ ᠠᠭᠠᠷ ᠠᠶᠠᠯᠠᠯ ᠤᠨ ᠨᠢᠰᠦᠯᠬᠡ ᠶᠢᠨ ᠳᠠᠰᠤᠯᠪᠤᠷᠢ ᠮᠠᠰᠢ ᠶᠡᠬᠡ ᠬᠦᠩᠬᠡᠯᠡᠯᠲᠠ ᠲᠠᠢ ᠪᠤᠯᠪᠠ᠃

    ᠤᠶᠢᠯᠠᠭᠠᠭᠰᠠᠨ ᠢᠶᠡᠷ᠂ ᠤᠷᠤᠨ ᠤ ᠳᠤᠳᠤᠷᠠᠬᠢ ᠨᠢᠰᠦᠯᠬᠡ ᠶᠢᠨ ᠬᠢᠮᠳᠠᠷᠠᠬᠰᠠᠨ ᠲᠠᠰᠤᠯᠪᠤᠷᠢ ᠬᠠᠮᠤᠭ ᠤᠨ ᠳᠤᠤᠷ᠎ᠠ ᠳ᠋ᠠᠭᠠᠨ 70 ᠲᠦᠭᠦᠷᠢᠭ᠌ ᠪᠤᠯᠪᠠ᠃ ᠪᠤᠲᠠᠲᠠᠢ ᠬᠠᠩᠰᠢ ᠨᠢ ᠳᠤᠤᠷᠠᠬᠢ ᠮᠡᠳᠤ᠄ ᠬᠦᠬᠡᠬᠤᠲᠠ - ᠪᠠᠶᠠᠨᠨᠠᠭᠤᠷ ᠴᠢᠭᠯᠡᠯ ᠤᠨ ᠨᠢᠰᠦᠯᠬᠡ 70 ᠲᠦᠭᠦᠷᠢᠭ᠌ ᠡᠴᠡ ᠡᠬᠢᠯᠡᠨ᠎ᠠ᠂ ᠬᠦᠬᠡᠬᠤᠲᠠ - ᠰᠢᠯᠢᠩᠬᠤᠲᠠ ᠴᠢᠭᠯᠡᠯ ᠳᠤ 110 ᠲᠦᠭᠦᠷᠢᠭ᠌ ᠡᠴᠡ᠂ ᠬᠦᠬᠡᠬᠤᠲᠠ - ᠡᠷᠢᠶᠠᠨ ᠬᠤᠲᠠ ᠴᠢᠭᠯᠡᠯ ᠳᠤ 150 ᠲᠦᠭᠦᠷᠢᠭ᠌ ᠡᠴᠡ᠂ ᠬᠦᠬᠡᠬᠤᠲᠠ - ᠤᠯᠠᠭᠠᠨᠬᠠᠲᠠ ᠴᠢᠭᠯᠡᠯ ᠳᠤ 190 ᠲᠦᠭᠦᠷᠢᠭ᠌ ᠡᠴᠡ᠂ ᠬᠦᠬᠡᠬᠤᠲᠠ - ᠦᠬᠠᠢ ᠴᠢᠭᠯᠡᠯ ᠳᠤ 270 ᠲᠦᠭᠦᠷᠢᠭ᠌ ᠡᠴᠡ᠂ ᠬᠦᠬᠡᠬᠤᠲᠠ - ᠠᠯᠠᠱᠠ ᠵᠡᠬᠦᠨ ᠬᠤᠰᠢᠭᠤ ᠴᠢᠭᠯᠡᠯ ᠳᠤ 280 ᠲᠦᠭᠦᠷᠢᠭ᠌ ᠡᠴᠡ᠂ ᠬᠦᠬᠡᠬᠤᠲᠠ - ᠮᠠᠨᠵᠤᠤᠷ ᠴᠢᠭᠯᠡᠯ ᠳᠤ 300 ᠲᠦᠭᠦᠷᠢᠭ᠌ ᠡᠴᠡ᠂ ᠬᠦᠬᠡᠬᠤᠲᠠ - ᠲᠦᠩᠯᠢᠶᠤᠤ ᠴᠢᠭᠯᠡᠯ ᠳᠤ 320 ᠲᠦᠭᠦᠷᠢᠭ᠌ ᠡᠴᠡ᠂ ᠬᠦᠬᠡᠬᠤᠲᠠ - ᠬᠠᠶᠢᠯᠠᠷ ᠴᠢᠭᠯᠡᠯ ᠳᠤ 350 ᠲᠦᠭᠦᠷᠢᠭ᠌ ᠡᠴᠡ᠂ ᠬᠦᠬᠡᠬᠤᠲᠠ - ᠤᠷᠳᠤᠰ ᠴᠢᠭᠯᠡᠯ ᠳᠤ 370 ᠲᠦᠭᠦᠷᠢᠭ᠌ ᠡᠴᠡ᠂ ᠬᠦᠬᠡᠬᠤᠲᠠ - ᠤᠯᠠᠭᠠᠨᠬᠤᠲᠠ ᠴᠢᠭᠯᠡᠯ ᠳᠤ 400 ᠲᠦᠭᠦᠷᠢᠭ᠌ ᠡᠴᠡ᠂ ᠬᠦᠬᠡᠬᠤᠲᠠ - ᠷᠠᠰᠢᠶᠠᠨ ᠴᠢᠭᠯᠡᠯ ᠳᠤ 500 ᠲᠦᠭᠦᠷᠢᠭ᠌ ᠡᠴᠡ ᠡᠬᠢᠯᠡᠨ᠎ᠠ᠃

    ᠡᠬᠦᠨ ᠡᠴᠡ ᠭᠠᠳᠠᠨ᠎ᠠ᠂ ᠤᠷᠤᠨ ᠤ ᠭᠠᠳᠠᠨᠠᠬᠢ ᠨᠢᠬᠡ ᠪᠦᠯᠦᠭ ᠬᠤᠲᠠ ᠶᠢ ᠬᠤᠯᠪᠤᠭᠰᠠᠨ ᠠᠭᠠᠷ ᠠᠶᠠᠯᠠᠯ ᠤᠨ ᠨᠢᠰᠦᠯᠬᠡ ᠶᠢᠨ ᠲᠠᠰᠤᠯᠪᠤᠷᠢ ᠪᠠᠰᠠ ᠮᠠᠰᠢ ᠬᠦᠩᠬᠡᠯᠡᠯᠲᠠ ᠲᠠᠢ ᠪᠤᠯᠤᠭᠰᠠᠨ ᠪᠠᠶᠢᠨ᠎ᠠ᠃ ᠪᠤᠲᠠᠲᠠᠢ ᠬᠠᠩᠰᠢ ᠨᠢ ᠳᠤᠤᠷᠠᠬᠢ ᠮᠡᠳᠤ᠄ ᠬᠦᠬᠡᠬᠤᠲᠠ - ᠰᠢ ᠠᠨ ᠴᠢᠭᠯᠡᠯ ᠳᠤ 120 ᠲᠦᠭᠦᠷᠢᠭ᠌ ᠡᠴᠡ ᠡᠬᠢᠯᠡᠨ᠎ᠠ᠂ ᠬᠦᠬᠡᠬᠤᠲᠠ - ᠵᠢᠨᠠᠨ ᠴᠢᠭᠯᠡᠯ ᠳᠤ 180 ᠲᠦᠭᠦᠷᠢᠭ᠌ ᠡᠴᠡ᠂ ᠬᠦᠬᠡᠬᠤᠲᠠ - ᠨᠠᠨᠵᠢᠩ ᠴᠢᠭᠯᠡᠯ ᠳᠤ 200 ᠲᠦᠭᠦᠷᠢᠭ᠌ ᠡᠴᠡ᠂ ᠬᠦᠬᠡᠬᠤᠲᠠ - ᠬᠠᠷᠪᠢᠨ ᠴᠢᠭᠯᠡᠯ ᠳᠤ 210 ᠲᠦᠭᠦᠷᠢᠭ᠌ ᠡᠴᠡ᠂ ᠬᠦᠬᠡᠬᠤᠲᠠ - ᠾᠧᠹᠧᠢ ᠴᠢᠭᠯᠡᠯ ᠳᠤ 230 ᠲᠦᠭᠦᠷᠢᠭ᠌ ᠡᠴᠡ᠂ ᠬᠦᠬᠡᠬᠤᠲᠠ - ᠦᠷᠦᠮᠴᠢ ᠴᠢᠭᠯᠡᠯ ᠳᠤ 300 ᠲᠦᠭᠦᠷᠢᠭ᠌ ᠡᠴᠡ᠂ ᠬᠦᠬᠡᠬᠤᠲᠠ - ᠱᠠᠩᠬᠠᠢ ᠴᠢᠭᠯᠡᠯ ᠳᠤ 300 ᠲᠦᠭᠦᠷᠢᠭ᠌ ᠡᠴᠡ᠂ ᠬᠦᠬᠡᠬᠤᠲᠠ - ᠨᠠᠨᠴᠠᠩ ᠴᠢᠭᠯᠡᠯ ᠳᠤ 370 ᠲᠦᠭᠦᠷᠢᠭ᠌ ᠡᠴᠡ᠂ ᠬᠦᠬᠡᠬᠤᠲᠠ - ᠯᠢᠵᠢᠶᠠᠩ ᠴᠢᠭᠯᠡᠯ ᠳᠤ 400 ᠲᠦᠭᠦᠷᠢᠭ᠌ ᠡᠴᠡ᠂ ᠬᠦᠬᠡᠬᠤᠲᠠ - ᠺᠦᠨᠮᠢᠩ ᠴᠢᠭᠯᠡᠯ ᠳᠤ 470 ᠲᠦᠭᠦᠷᠢᠭ᠌ ᠡᠴᠡ᠂ ᠬᠦᠬᠡᠬᠤᠲᠠ - ᠰᠢᠶᠠᠮᠧᠨ ᠴᠢᠭᠯᠡᠯ ᠳᠤ 480 ᠲᠦᠭᠦᠷᠢᠭ᠌ ᠡᠴᠡ᠂ ᠬᠦᠬᠡᠬᠤᠲᠠ - ᠭᠤᠧᠠᠩᠵᠧᠤ ᠴᠢᠭᠯᠡᠯ ᠳᠤ 740 ᠲᠦᠭᠦᠷᠢᠭ᠌ ᠡᠴᠡ᠂ ᠬᠦᠬᠡᠬᠤᠲᠠ - ᠬᠠᠶᠢᠺᠧᠤ ᠴᠢᠭᠯᠡᠯ ᠳᠤ 770 ᠲᠦᠭᠦᠷᠢᠭ᠌ ᠡᠴᠡ᠂ ᠬᠦᠬᠡᠬᠤᠲᠠ - ᠰᠠᠨᠶᠠ ᠴᠢᠭᠯᠡᠯ ᠳᠤ 1150 ᠲᠦᠭᠦᠷᠢᠭ᠌ ᠡᠴᠡ ᠡᠬᠢᠯᠡᠨ᠎ᠠ᠃

ᠢᠷᠡᠯᠳᠡ᠄ ᠥᠪᠦᠷ ᠮᠣᠩ᠋ᠭᠤᠯ ᠤᠨ ᠡᠳᠦᠷ ᠤᠨ ᠰᠣᠨᠢᠨ ᠪᠡᠯᠡᠳᠭᠡᠭ᠍ᠰᠡᠨ ᠨᠢ᠄ ᠰᠤᠷᠤᠶ᠎ᠠ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701122097422