蒙古文网站Logo
ᠰᠢᠨᠬᠤᠸᠠ ᠮᠤᠩᠭ᠋ᠤᠯ ᠨᠧᠲ

2018 ᠤᠨ ᠤ ᠠᠩᠬᠠᠨ ᠤ ᠰᠣᠯᠢᠷ ᠤᠨ ᠪᠤᠷᠤᠭ᠎ᠠ ᠶᠢ 4 ᠤ ᠡᠳᠦᠷ ᠰᠣᠨᠢᠷᠬᠠᠵᠤ ᠪᠤᠯᠤᠨ᠎ᠠ

2018-01-03 11:19

    ᠰᠢᠨᠬᠤᠧᠠ ᠬᠤᠷᠢᠶ᠎ᠠ  ᠲᠢᠶᠠᠨᠵᠢᠨ ᠤ 1 ᠰᠠᠷ᠎ᠠ ᠶᠢᠨ 2 ᠤᠨ ᠡᠳᠦᠷ ᠤᠨ ᠴᠠᠬᠢᠯᠭᠠᠨ ᠮᠡᠳᠡᠭᠡ (ᠰᠤᠷᠪᠤᠯᠵᠢᠯᠠᠬᠴᠢ ᠵᠧᠦ ᠷᠦᠨ ᠵᠢᠶᠠᠨ) 2018 ᠤᠨ ᠤ ᠠᠩᠬᠠᠨ ᠤ ᠰᠣᠯᠢᠷ ᠤᠨ ᠪᠤᠷᠤᠭ᠎ᠠ ᠪᠤᠯᠤᠭᠰᠠᠨ ᠮᠦᠴᠡ ᠶᠢᠨ ᠪᠠᠭᠠᠵᠢ ᠰᠣᠯᠢᠷ ᠤᠨ ᠪᠤᠷᠤᠭ᠎ᠠ 4 ᠤ ᠡᠳᠦᠷ ᠲᠤᠶᠢᠯ ᠤᠨ ᠶᠡᠬᠡ ᠬᠡᠮᠵᠢᠶᠠᠨ ᠳᠤ ᠬᠦᠷᠤᠭᠡᠳ ᠳᠤᠮᠳᠠᠴᠢ ᠤᠷᠤᠰᠬᠠᠯ ᠨᠢ ᠴᠠᠭ ᠪᠦᠷᠢ 100 ᠤᠷᠴᠢᠮ ᠮᠦᠬᠦᠯᠢᠭ᠌ ᠪᠤᠯᠤᠨ᠎ᠠ᠃ ᠤᠳᠤᠨ ᠤᠷᠤᠨ ᠤ ᠮᠡᠷᠭᠡᠵᠢᠯᠲᠠᠨ᠂ ᠬᠡᠷᠪᠡ ᠴᠠᠭ ᠠᠭᠠᠷ ᠰᠠᠶᠢᠨ ᠪᠤᠯ 4 ᠤ ᠡᠳᠦᠷ ᠤᠨ ᠦᠦᠷ ᠤᠨ ᠦᠶᠡᠰ ᠢᠶᠡᠷ ᠢᠷᠭᠡᠳ ᠵᠡᠬᠦᠨ ᠬᠤᠶᠢᠲᠤ ᠤᠬᠲᠠᠷᠭᠤᠢ ᠵᠦᠭ ᠬᠠᠷᠠᠪᠠᠯ ᠰᠣᠯᠢᠷ ᠤᠨ ᠪᠤᠷᠤᠭ᠎ᠠ ᠰᠦᠨᠢ ᠶᠢᠨ ᠤᠬᠲᠠᠷᠭᠤᠢ ᠶᠢ ᠵᠦᠰᠦᠨ ᠦᠩᠭᠡᠷᠡᠬᠦ ᠭᠤᠴᠤ ᠦᠵᠡᠭᠳᠡᠯ ᠢ ᠤᠯᠵᠦ ᠰᠣᠨᠢᠷᠬᠠᠬᠤ ᠪᠤᠯᠤᠨ᠎ᠠ ᠬᠡᠪᠡ᠃

    ᠡᠬᠦᠨ ᠤ ᠳᠠᠭᠠᠤ ᠳᠤ᠂ ᠮᠦᠴᠡ ᠶᠢᠨ ᠪᠠᠭᠠᠵᠢ ᠰᠣᠯᠢᠷ ᠤᠨ ᠪᠤᠷᠤᠭ᠎ᠠ ᠬᠡᠵᠢᠶᠡᠲᠡ ᠬᠦᠢᠲᠠᠨ ᠠᠭᠤᠷ ᠠᠮᠢᠰᠬᠤᠯ ᠲᠠᠢ ᠬᠠᠨᠢᠯᠠᠵᠤ ᠢᠷᠡᠳᠡᠭ ᠶᠤᠮ᠂ ᠰᠣᠯᠢᠷ ᠤᠨ ᠪᠤᠷᠤᠭ᠎ᠠ ᠶᠢ ᠰᠣᠨᠢᠷᠬᠠᠬᠤ ᠢᠷᠭᠡᠳ ᠭᠡᠷᠡᠯᠳᠦᠭᠦᠯᠬᠡ ᠪᠠᠶᠢᠬᠤ ᠦᠬᠡᠢ ᠪᠦᠬᠡᠳ ᠬᠠᠷᠠᠬᠤ ᠬᠦᠷᠢᠶ᠎ᠠ ᠦᠷᠭᠡᠨ ᠭᠠᠵᠠᠷ ᠢ ᠰᠤᠩ᠋ᠭᠤᠬᠤ ᠶᠢᠨ ᠬᠠᠮᠲᠤ ᠬᠤᠪᠴᠠᠰᠤ ᠪᠠᠨ ᠵᠤᠵᠠᠭᠠᠯᠠᠨ ᠬᠦᠢᠲᠠᠨ ᠡᠴᠡ ᠰᠡᠷᠭᠡᠶᠢᠯᠡᠭᠡᠷᠡᠢ ᠬᠡᠵᠤ ᠤᠳᠤᠨ ᠤᠷᠤᠨ ᠤ ᠮᠡᠷᠭᠡᠵᠢᠯᠲᠠᠨ ᠡᠴᠡ ᠰᠠᠨᠠᠭᠤᠯᠵᠤ ᠪᠠᠶᠢᠨ᠎ᠠ᠃

ᠢᠷᠡᠯᠳᠡ᠄ ᠰᠢᠨᠬᠤᠧᠠ ᠨᠧᠲ ᠪᠡᠯᠡᠳᠭᠡᠭ᠍ᠰᠡᠨ ᠨᠢ᠄ ᠰᠤᠷᠤᠶ᠎ᠠ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701122203577