微信打开
蒙古文网站Logo
ᠰᠢᠨᠬᠤᠸᠠ ᠮᠤᠩᠭ᠋ᠤᠯ ᠨᠧᠲ

《ᠷ•ᠴᠤᠶᠢᠨᠤᠮ 80 ᠵᠢᠯ᠂ ᠯ•ᠴᠢᠯᠠᠭᠤᠨᠪᠠᠭᠠᠲᠤᠷ 60 ᠵᠢᠯ》ᠨᠡᠷᠡᠮᠵᠢᠲᠤ ᠢᠷᠠᠭᠤ ᠨᠠᠶᠢᠷᠠᠬ ᠤᠨ ᠨᠠᠭᠠᠳᠤᠮ ᠬᠦᠬᠡᠬᠤᠲᠠ ᠳᠤ ᠪᠤᠯᠬᠤ ᠪᠡᠷ ᠪᠤᠢ

2016-03-24 09:01

    ᠳᠤᠮᠳᠠᠳᠤ ᠮᠤᠨᠭᠭᠤᠯ ᠤᠨ ᠬᠤᠶᠠᠷ ᠤᠯᠤᠰ ᠤᠨ ᠬᠠᠮᠲᠤ ᠶᠢᠨ ᠠᠵᠢᠯᠯᠠᠭᠠᠨ ᠤ ᠬᠦᠷᠢᠶᠡᠨ ᠳᠡᠬᠢ ᠪᠠᠰᠠ ᠨᠢᠭᠡᠨ ᠠᠷᠭ᠎ᠠ ᠬᠡᠮᠵᠢᠶ᠎ᠡ ᠪᠤᠯᠤᠬᠰᠠᠨ ᠤᠶᠤᠲᠠᠨ ᠵᠠᠯᠠᠭᠤᠴᠤᠳ ᠤᠨ《ᠷ•ᠴᠤᠶᠢᠨᠤᠮ 80 ᠵᠢᠯ᠂ ᠯ•ᠴᠢᠯᠠᠭᠤᠨᠪᠠᠭᠠᠲᠤᠷ 60 ᠵᠢᠯ ᠤᠨ ᠨᠡᠷᠡᠮᠵᠢᠲᠤ ᠢᠷᠠᠭᠤ ᠨᠠᠶᠢᠷᠠᠬ ᠤᠨ ᠨᠠᠭᠠᠳᠤᠮ》ᠡᠨᠡ ᠵᠢᠯ ᠤᠨ ᠳᠦᠷᠪᠡᠳᠦᠬᠡᠷ ᠰᠠᠷ᠎ᠡ ᠳᠤ ᠬᠦᠬᠡᠬᠤᠲᠠ ᠳᠤ ᠪᠤᠯᠬᠤ ᠪᠡᠷ ᠪᠠᠶᠢᠨ᠎ᠠ᠃

    ᠦᠪᠦᠷ ᠮᠤᠨᠭᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠬ ᠤᠨ ᠤᠷᠳᠤᠨ ᠤ ᠠᠯᠪᠠᠨ ᠭᠠᠵᠠᠷ᠂ ᠦᠪᠦᠷ ᠮᠤᠨᠭᠭᠤᠯ ᠤᠨ ᠰᠤᠯᠤᠨᠭᠭᠤᠲᠤ ᠰᠤᠶᠤᠯ ᠵᠢᠭᠤᠯᠴᠢᠯᠠᠯ ᠤᠨ ᠬᠢᠵᠠᠭᠠᠷᠲᠤ ᠺᠤᠮᠫᠠᠨᠢ᠂《ᠢᠷᠠᠭᠤ ᠨᠠᠶᠢᠷᠠᠬ ᠤᠨ ᠤᠶᠠᠭᠠᠨ ᠤ ᠭᠠᠵᠠᠷ》 ᠵᠡᠷᠭᠡ ᠪᠠᠶᠢᠭᠤᠯᠭ᠎ᠠ ᠨᠢᠭᠡᠴᠡ ᠪᠤᠯᠤᠨ ᠦᠪᠦᠷ ᠮᠤᠨᠭᠭᠤᠯ ᠤᠨ ᠶᠡᠬᠡ ᠰᠤᠷᠭᠠᠭᠤᠯᠢ ᠶᠢᠨ ᠴᠤᠶᠢᠨᠤᠮ ᠰᠤᠳᠤᠯᠤᠭᠠᠴᠢ ᠯ•ᠬᠠᠰᠪᠠᠭᠠᠲᠤᠷ ᠵᠡᠷᠭᠡ ᠡᠷᠳᠡᠮᠳᠡᠨ ᠰᠤᠳᠤᠯᠤᠭᠠᠴᠢᠳ ᠡᠴᠡ ᠬᠠᠮᠲᠤᠷᠠᠨ ᠵᠤᠬᠢᠶᠠᠨ ᠪᠠᠶᠢᠭᠤᠯᠵᠦ ᠪᠠᠶᠢᠭ᠎ᠠ ᠲᠤᠰ ᠨᠠᠭᠠᠳᠤᠮ ᠳᠤ ᠬᠤᠶᠠᠷ ᠤᠷᠤᠨ ᠤ ᠤᠶᠤᠲᠠᠨ ᠵᠠᠯᠠᠭᠤᠴᠤᠳ ᠴᠢᠯᠦᠭᠡᠲᠡᠢ ᠤᠷᠤᠯᠴᠠᠵᠦ᠂ ᠠᠩᠬᠠᠨ ᠤ ᠱᠠᠲᠤᠨ ᠤ ᠰᠢᠯᠭᠠᠷᠠᠭᠤᠯᠤᠯᠲᠠ ᠪᠡᠷ 21 ᠤᠷᠤᠯᠴᠠᠬᠴᠢ ᠵᠢ ᠰᠢᠢᠳᠪᠤᠷᠢᠲᠤ ᠤᠷᠤᠯᠳᠤᠭᠠᠨ ᠳᠤ ᠤᠷᠤᠯᠴᠠᠭᠤᠯᠤᠨ᠂ ᠢᠷᠠᠭᠤ ᠨᠠᠶᠢᠷᠠᠬ ᠤᠨ ᠪᠦᠲᠦᠭᠡᠯ᠂ ᠪᠡᠯᠡᠨ ᠰᠢᠯᠦᠭ᠌ ᠤᠨ ᠤᠷᠤᠯᠳᠤᠭᠠᠨ᠂ ᠤᠷ᠎ᠠ ᠠᠪᠢᠶᠠᠰ ᠤᠨ ᠦᠵᠡᠭᠦᠯᠦᠯᠭᠡ᠂ ᠶᠡᠷᠦ ᠶᠢᠨ ᠮᠡᠳᠡᠯᠭᠡ ᠶᠢᠨ ᠤᠷᠤᠯᠳᠤᠭᠠᠨ ᠵᠡᠷᠭᠡ ᠲᠦᠷᠦᠯ ᠢᠶᠡᠷ ᠦᠷᠢᠰᠦᠯᠳᠦᠭᠦᠯᠵᠦ᠂ ᠨᠢᠭᠡ ᠂ ᠬᠤᠶᠠᠷ᠂ ᠭᠤᠷᠪᠠᠳᠤᠭᠠᠷ ᠱᠠᠨᠭᠨᠠᠯᠲᠤ ᠪᠠᠶᠢᠷᠢ ᠪᠤᠯᠤᠨ ᠰᠢᠯᠢᠳᠡᠭ ᠪᠠᠶᠢᠷᠢ ᠳᠤ ᠳᠤᠲᠤᠷᠠᠬᠰᠠᠨ ᠤᠷᠤᠯᠴᠠᠬᠴᠢ ᠵᠢ ᠱᠠᠨᠭᠨᠠᠬᠤ ᠪᠡᠷ ᠪᠠᠶᠢᠨ᠎ᠠ᠃ (ᠰᠤᠷᠪᠤᠯᠵᠢᠯᠠᠬᠴᠢ ᠴᠢᠩᠵᠤᠷᠢᠬᠲᠤ)

ᠢᠷᠡᠯᠳᠡ᠄ ᠲᠠᠯ᠎ᠠ ᠶᠢᠨ ᠳᠠᠭᠤ ᠬᠤᠭᠤᠯᠠᠢ ᠷᠠᠳᠢᠤ᠋ ᠶᠢᠨ ᠸᠢᠴᠠᠲ ᠪᠡᠯᠡᠳᠭᠡᠭ᠍ᠰᠡᠨ ᠨᠢ᠄ ᠰᠠᠷᠠᠨᠲᠤᠶᠠᠭ᠎ᠠ

ᠨᠡᠶᠢᠬᠡᠮ ᠠᠬᠤᠢ

ᠰᠣᠶᠤᠯ ᠤᠷᠠᠯᠢᠭ

  • ᠳᠤᠮᠳᠠᠳᠤ ᠤᠯᠤᠰ ᠤᠨ ᠨᠡᠷᠡᠲᠤ ᠮᠤᠳ᠋ᠸᠯᠴᠤᠳ ᠤᠨ ᠲᠡᠮᠡᠴᠡᠭᠡᠨ ᠠᠮᠵᠢᠯᠲᠠ ᠲᠠᠢ ᠦᠨᠳᠦᠷᠯᠡᠯ᠎ᠡ
  • ᠨᠢᠭᠡ ᠵᠢᠯ ᠳᠤ ᠬᠡᠷᠬᠢᠨ 100 ᠨᠤᠮ ᠤᠩᠰᠢᠬᠤ ᠪᠤᠢ?
  • ᠡᠦ ᠭᠤᠸᠠᠨ ᠵᠦᠩ ᠤᠨ ᠪᠦᠲᠦᠭᠡᠯ ᠪᠤᠥ ᠯᠢ ᠰᠢᠶᠠᠨᠭᠭᠠᠩ ᠤᠨ ᠳᠠᠭᠤᠳᠠᠯᠭ᠎ᠠ ᠬᠤᠳᠠᠯᠳᠤᠭᠠᠨ ᠳᠤ ᠤᠷᠤᠯᠴᠠᠬᠤ ᠪᠡᠷ ᠪᠤᠢ
  • 《2016 ᠤᠨ ᠤ ᠵᠠᠰᠠᠬ ᠤᠨ ᠤᠷᠳᠤᠨ ᠤ ᠠᠵᠢᠯ ᠤᠨ ᠢᠯᠡᠳᠬᠡᠯ ᠤᠨ ᠵᠢᠷᠤᠬᠲᠤ ᠲᠠᠶᠢᠯᠪᠤᠷᠢ》ᠬᠡᠪᠯᠡᠭᠳᠡᠯ᠎ᠡ
关闭
010070230030000000000000011100001118424463