微信打开
蒙古文网站Logo
ᠰᠢᠨᠬᠤᠸᠠ ᠮᠤᠩᠭ᠋ᠤᠯ ᠨᠧᠲ

ᠳᠡᠭᠡᠳᠤ ᠮᠤᠨᠭᠭᠤᠯ ᠤᠨ ᠢᠷᠡᠭᠤ ᠨᠠᠶᠢᠷᠠᠬᠴᠢ ᠰᠡᠴᠡᠨᠬᠦᠦ ᠶᠢᠨ ᠤᠷᠠᠨ ᠪᠦᠲᠦᠭᠡᠯ ᠢ ᠰᠤᠳᠤᠯᠤᠨ ᠶᠠᠷᠢᠯᠴᠠᠬᠤ ᠬᠤᠷᠠᠯ ᠪᠡᠭᠡᠵᠢᠩ ᠳᠤ ᠪᠤᠯᠵᠦ ᠦᠩᠭᠡᠷᠡᠯ᠎ᠡ

2016-04-19 09:19

    ᠲᠡᠬᠡᠳᠦ ᠮᠤᠨᠭᠭᠤᠯ ᠤᠨ ᠢᠷᠡᠭᠤ ᠨᠠᠶᠢᠷᠠᠭᠴᠢ ᠰᠡᠴᠡᠨᠬᠦᠦ ᠶ᠋ᠢᠨ ᠤᠷᠠᠨ ᠪᠦᠳᠦᠭᠡᠯ  ᠢ ᠰᠤᠳᠤᠯᠤᠨ ᠶᠠᠷᠢᠯᠴᠠᠬᠤ ᠬᠤᠷᠠᠯ 2016 ᠤᠨ ‍ᠤ 4 ᠳ᠋ᠤᠭᠡᠷ ᠰᠠᠷ᠎ᠠ ᠶ᠋ᠢᠨ16 ‍ᠤ ᠡᠳᠦᠷ  ᠤᠨ ᠦᠳᠡ ᠵᠢᠨ ᠬᠤᠶᠢᠨ᠎ᠠ ᠪᠡᠭᠡᠵᠢᠩ ᠳ᠋ᠡᠬᠢ ᠲᠦᠪ ᠤᠨ ᠦᠨᠳᠦᠰᠦᠲᠡᠨ ᠤ ᠶᠡᠬᠡ ᠰᠤᠷᠭᠠᠭᠤᠯᠢ ᠳ᠋ᠤ ᠪᠤᠯᠵᠤ ᠦᠩᠬᠡᠷᠡᠯ᠎ᠡ᠃

    ᠲᠦᠪ ᠤᠨ ᠦᠨᠳᠦᠰᠦᠲᠡᠨ  ᠤ ᠶᠡᠬᠡ ᠰᠤᠷᠭᠠᠭᠤᠯᠢ ᠵᠢᠨ ᠮᠤᠨᠭᠭᠤᠯ ᠬᠡᠯᠡ ᠤᠳᠬ᠎ᠠ ᠵᠤᠬᠢᠶᠠᠯ ᠤᠨ ᠰᠠᠯᠪᠤᠷᠢ ᠡᠴᠡ ᠭᠤᠤᠯᠯᠠᠨ ᠡᠷᠬᠢᠯᠡᠭᠰᠡᠨ ᠡᠨᠡ ᠬᠤᠷᠠᠯ ᠳ᠋ᠤ ᠲᠤᠰ ᠰᠠᠯᠪᠤᠷᠢ ᠵᠢᠨ ᠪᠠᠭᠰᠢ ᠤᠶᠤᠳᠠᠳ᠂ ᠳ᠋ᠤᠺᠲ᠋ᠤᠷᠠᠨᠲ ᠠᠰᠫᠢᠷᠠᠨᠲ ᠨᠠᠷ ᠪᠠ ᠪᠡᠭᠡᠵᠢᠩ ᠶᠡᠬᠡ ᠰᠤᠷᠭᠠᠭᠤᠯᠢ ᠶ᠋ᠢᠨ ᠫᠷᠤᠹᠸᠰᠰᠤᠷ᠂ ᠢᠷᠠᠭᠤ ᠨᠠᠶᠢᠷᠠᠭᠴᠢ ᠳᠤᠯᠠᠭᠠᠨ᠂ ᠮᠤᠨᠭᠭᠤᠯ ᠤᠯᠤᠰ ‍ᠤᠨ ᠪᠤᠯᠪᠠᠰᠤᠷᠠᠯ ‍ᠤᠨ ᠶᠡᠬᠡ ᠰᠤᠷᠭᠠᠭᠤᠯᠢ ᠶ᠋ᠢᠨ ᠫᠷᠤᠹᠸᠰᠰᠤᠷ ᠴᠤᠭᠸᠴᠢᠷ᠂ ᠮᠤᠨᠭᠭᠤᠯ ᠤᠯᠤᠰ ᠤᠨ ᠤᠯᠤᠰ ᠤᠨ ᠶᠡᠬᠡ ᠰᠤᠷᠭᠠᠭᠤᠯᠢ ᠵᠢᠨ ᠫᠷᠤᠹᠸᠰᠰᠤᠷ ᠲᠠᠸᠠᠰᠦ᠋ᠷᠦᠩ᠂ ᠤᠷᠤᠰ ‍ᠤᠨ ᠬᠤᠯᠪᠤᠭᠠᠨ ᠤ ᠪᠤᠷᠢᠶᠠᠳ ᠤᠯᠤᠰ ‍ᠤᠨ ᠡᠷᠳᠡᠮᠳᠡᠨ ᠤᠯᠭᠤ᠂ ᠲᠦᠪ  ᠤᠨ ᠦᠨᠳᠦᠰᠦᠲᠡᠨ ᠤ ᠬᠡᠯᠡᠨ ᠤ ᠤᠷᠴᠢᠭᠤᠯᠭ᠎ᠠ ᠵᠢᠨ ᠲᠤᠪᠴᠢᠶ᠎ᠠ ᠵᠢᠨ ᠤᠷᠴᠢᠭᠤᠯᠤᠭᠴᠢ ᠬᠠᠰᠤᠨ᠂ 《ᠦᠨᠳᠦᠰᠦᠲᠡᠨ ᠤ ᠤᠳᠬ᠎ᠠ ᠵᠤᠬᠢᠶᠠᠯ》ᠰᠡᠳᠬᠦᠯ ᠤᠨ ᠮᠤᠨᠭᠭᠤᠯ ᠬᠡᠪᠯᠡᠯ ᠤᠨ ᠨᠠᠶᠢᠷᠠᠭᠤᠯᠤᠭᠴᠢ ᠶᠦᠩ ᠬᠤᠸᠠ ᠵᠡᠷᠭᠡ ᠬᠦᠮᠦᠰ ᠤᠷᠤᠯᠴᠠᠨ ᠢᠯᠡᠳᠭᠡᠯ ᠰᠢᠬᠦᠮᠵᠢ ᠬᠢᠬᠦ ᠪᠤᠶᠤ ᠤᠯᠤᠯᠳᠠ ᠲᠦᠷᠦᠭᠳᠡᠯ ᠢᠶᠡᠨ ᠬᠤᠪᠢᠶᠠᠯᠴᠠᠵᠤ᠂ ᠢᠷᠠᠭᠤ ᠨᠠᠶᠢᠷᠠᠭᠴᠢ ᠰᠡᠴᠡᠨᠬᠦᠦ ᠵᠢᠨ ᠲᠠᠭᠤᠤ ᠰᠢᠯᠦᠭ ᠤᠨ ᠤᠷᠠᠨ ᠪᠦᠳᠦᠬᠡᠯ ‍ᠢ ᠤᠯᠠᠨ ᠲᠠᠯ᠎ᠠ ᠡᠴᠡ ᠵᠠᠳᠠᠯᠤᠨ ᠰᠢᠨᠵᠢᠯᠡᠭᠰᠡᠨ ᠪᠠᠶᠢᠨ᠎ᠠ᠃ ᠬᠤᠷᠠᠯ ᠳ᠋ᠤ ᠤᠷᠤᠯᠴᠠᠭᠰᠠᠨ ᠤᠯᠠᠨ ᠬᠦᠮᠦᠰ᠂ ᠰᠡᠴᠡᠨᠬᠦᠦ ᠪᠤᠯ ᠨᠠᠶᠢᠳᠠ ᠮᠤᠨᠭᠭᠤᠯ ᠤᠨ ᠠᠯᠠᠭ ᠮᠢᠬᠠᠨ ᠤ ᠲᠠᠰᠤᠷᠬᠠᠢ᠂ ᠠᠯᠳᠠᠨ ᠶᠠᠰᠤᠨ ᠤ ᠬᠡᠯᠳᠡᠷᠬᠡᠢ ᠪᠤᠯᠤᠭᠰᠠᠨ ᠲᠡᠬᠡᠳᠤ ᠮᠤᠨᠭᠭᠤᠯ ᠬᠦᠬᠡᠨᠠᠭᠤᠷ ᠲᠡᠬᠢ ᠮᠤᠨᠭᠭᠤᠯᠴᠤᠳ ᠤᠨ ᠤᠳᠤ ᠦᠶ᠎ᠡ ᠵᠢᠨ ᠤᠳᠬ᠎ᠠ ᠤᠷᠠᠯᠢᠭ ᠤᠨ ᠬᠢᠨ ᠤ ᠲᠠᠭᠠᠭᠤᠯᠤᠭᠴᠢ ᠵᠢᠨ ᠨᠢᠬᠡ ᠮᠦᠨ᠂ ᠰᠡᠴᠡᠨᠬᠦᠦ ᠵᠢᠨ ᠤᠷᠠᠨ ᠪᠦᠳᠦᠭᠡᠯ ᠤᠨ ᠠᠮᠵᠢᠯᠳᠠ ᠨᠢ ᠬᠡᠷᠡᠭ ᠲᠡᠬᠡᠷ᠎ᠡ ᠪᠠᠨ ᠪᠦᠬᠦ ᠲᠡᠬᠡᠳᠤ ᠮᠤᠨᠭᠭᠤᠯᠴᠤᠳ ᠤᠨ ᠢᠷᠠᠭᠤ ᠨᠠᠶᠢᠷᠠᠭ᠂ ᠲᠡᠷᠡᠴᠢᠯᠠᠨ ᠤᠳᠬ᠎ᠠ ᠰᠤᠶᠤᠯ ᠤᠨ ᠠᠮᠵᠢᠯᠳᠠ ᠵᠢ ᠨᠢᠬᠡ ᠬᠡᠮᠵᠢᠶᠠᠨ ᠳ᠋ᠤ ᠬᠠᠷᠠᠭᠤᠯᠵᠤ ᠪᠠᠶᠢᠭ᠎ᠠ ᠶᠤᠮ ᠂ ᠡᠶᠢᠮᠦ ᠡᠴᠡ ᠰᠡᠴᠡᠨᠬᠦᠦ ᠵᠢᠨ ᠤᠷᠠᠨ ᠪᠦᠳᠦᠭᠡᠯ ‍ᠢ ᠰᠤᠳᠤᠯᠤᠨ ᠶᠠᠷᠢᠯᠴᠠᠬᠤ ᠠᠵᠢᠯ ‍ᠢ ᠪᠦᠬᠦ ᠲᠡᠬᠡᠳᠤ ᠮᠤᠨᠭᠭᠤᠯ ᠤᠨ ᠤᠷᠠᠨ ᠪᠦᠳᠦᠭᠡᠯ ‍ᠢ ᠰᠤᠳᠤᠯᠤᠨ ᠰᠢᠨᠵᠢᠯᠡᠬᠦ ᠠᠵᠢᠯ ᠤᠨ ᠨᠢᠬᠡ ᠬᠡᠰᠡᠭ ᠬᠡᠵᠦ ᠤᠶᠢᠯᠠᠭᠠᠵᠤ ᠪᠤᠯᠬᠤ ᠪᠤᠯᠬᠤᠷ ᠠᠴᠢ ᠬᠤᠯᠪᠤᠭᠳᠠᠯ ᠶᠡᠬᠡᠳᠡᠢ ᠶᠤᠮ ᠬᠡᠵᠦ ᠦᠵᠡᠭᠡᠭ᠍ᠰᠡᠨ ᠪᠠᠶᠢᠯ᠎ᠠ ᠃

    ᠬᠦᠬᠡᠨᠠᠭᠤᠷ ᠮᠤᠵᠢ ᠶ᠋ᠢᠨ ᠬᠠᠶᠢᠰᠢ ᠵᠢᠨ ᠮᠤᠨᠭᠭᠤᠯ ᠲᠦᠪᠡᠳ ᠤᠨ ᠦᠪᠡᠷᠳᠡᠭᠡᠨ ᠵᠠᠰᠠᠬᠤ ᠵᠸᠦ ᠶ᠋ᠢᠨ ᠤᠳᠬ᠎ᠠ ᠤᠷᠠᠯᠢᠬ ᠤᠨ ᠬᠢᠨ ‍ᠤ ᠬᠤᠯᠪᠤᠭ᠎ᠠ ᠵᠢᠨ ᠳᠡᠷᠢᠬᠦᠯᠡᠭᠴᠢ᠂ ᠢᠷᠠᠭᠤ ᠨᠠᠶᠢᠷᠠᠭᠴᠢ ᠰᠡᠴᠡᠨᠬᠦᠦ 1984—1988 ᠤᠨ ᠳ᠋ᠤ ᠲᠦᠪ  ᠤᠨ ᠦᠨᠳᠦᠰᠦᠲᠡᠨ ᠤ ᠶᠡᠬᠡ ᠰᠤᠷᠭᠠᠭᠤᠯᠢ ᠵᠢᠨ ᠮᠤᠨᠭᠭᠤᠯ ᠬᠡᠯᠡ ᠤᠳᠬ᠎ᠠ ᠵᠤᠬᠢᠶᠠᠯ ᠤᠨ ᠰᠠᠯᠪᠤᠷᠢ ᠳ᠋ᠤ ᠤᠶᠤᠳᠠᠨ ᠪᠠᠶᠢᠬᠤ ᠡᠴᠡ ᠪᠠᠨ ᠠᠪᠤᠭᠠᠳ ᠤᠷᠠᠨ ᠵᠤᠬᠢᠶᠠᠯ ᠳ᠋ᠤ ᠲᠤᠷ᠎ᠠ ᠪᠠᠬ᠎ᠠ ᠪᠠᠨ ᠦᠭᠴᠦ᠂ ᠬᠡᠳᠦᠨ ᠠᠷᠪᠠᠨ ᠵᠢᠯ ᠤᠨ ᠲᠤᠷᠰᠢ ᠦᠵᠦᠭ ᠰᠤᠯᠠᠷᠠᠭᠤᠯᠤᠯ ᠦᠭᠡᠢ ᠪᠢᠴᠢᠵᠤ ᠵᠤᠬᠢᠶᠠᠭᠰᠠᠭᠠᠷ ᠢᠷᠡᠵᠡᠢ᠃ ᠲᠡᠬᠦᠨ ᠤ《ᠨᠠᠷᠠᠨ ᠳ᠋ᠤ ᠤᠶᠢᠷᠠᠬᠠᠨ ᠬᠦᠳᠦᠯ》ᠬᠡᠬᠦ ᠮᠤᠨᠭᠭᠤᠯ ᠰᠢᠯᠦᠭ  ᠤᠨ ᠲᠡᠬᠦᠪᠦᠷᠢ ᠪᠠ《ᠡᠷᠬᠡ ᠬᠤᠨᠭᠭᠤᠷ ᠴᠠᠶᠢᠳᠠᠮ(吻醒柴达木)》ᠬᠡᠬᠦ ᠬᠢᠳᠡᠳ ᠰᠢᠯᠦᠭ ᠤᠨ ᠲᠡᠬᠦᠪᠦᠷᠢ ᠨᠢ ᠤᠷᠠᠨ ᠵᠤᠬᠢᠶᠠᠯ ᠤᠨ ᠬᠦᠷᠢᠶᠠᠨ ᠤ ᠬᠢᠨ ᠤ ᠦᠨᠳᠦᠷ ᠦᠨᠡᠯᠡᠯᠳᠡ ᠵᠢ ᠤᠯᠵᠤ᠂ ᠤᠯᠠᠨ ᠪᠦᠳᠦᠭᠡᠯ ᠨᠢ ᠤᠯᠤᠰ᠂ ᠮᠤᠵᠢ᠂ ᠵᠸᠦ ᠶ᠋ᠢᠨ ᠤᠷᠠᠨ ᠵᠤᠬᠢᠶᠠᠯ ‍ᠤᠨ ᠱᠠᠩᠨᠠᠯ ‍ᠢ ᠬᠦᠷᠳᠡᠵᠤ ᠦᠩᠬᠡᠷᠡᠭᠰᠡᠨ ᠪᠦᠬᠡᠳ ᠨᠡᠯᠢᠶᠡᠳ ᠬᠡᠳᠦᠨ ᠪᠦᠳᠦᠭᠡᠯ ‍ᠢ ᠨᠢ ᠲᠠᠭᠤᠷᠢᠯᠢᠬᠴᠢᠳ ᠠᠶ᠎ᠠ ᠲᠠᠭᠠᠷᠠᠭᠤᠯᠤᠨ ᠠᠮᠢᠯᠠᠭᠤᠯᠵᠤ ᠤᠯᠠᠨ ᠤ ᠬᠦᠷᠳᠡᠭᠡᠯ ᠪᠤᠯᠭᠠᠵᠠᠢ ᠃ ᠲᠡᠬᠦᠨ  ᠤ ᠪᠦᠳᠦᠭᠡᠯ  ᠤᠳ ᠬᠡᠯᠡ ᠂ ᠨᠤᠳᠤᠭ ᠂ ᠰᠤᠶᠤᠯ ᠤᠨ ᠲᠤᠬᠠᠢ ᠰᠠᠨᠠᠭᠠᠰᠢᠷᠠᠯ᠂ ᠪᠤᠳᠤᠯᠭᠠᠰᠢᠷᠠᠯ ᠢᠶᠠᠷ ᠢᠶᠡᠨ ᠮᠤᠨᠭᠭᠤᠯ ᠬᠦᠮᠦᠨ ᠤ ᠰᠡᠳᠬᠢᠯ ᠤᠨ ᠬᠦᠪᠴᠢ ᠵᠢ ᠲᠤᠷᠬᠢᠭᠠᠵᠤ ᠴᠢᠳᠠᠳᠠᠭ ᠪᠠᠶᠢᠨ᠎ᠠ᠃ (ᠦᠷᠯᠦᠭ᠍ᠭᠦᠦ)

ᠰᠡᠴᠡᠨᠬᠦᠦ ᠰᠡᠳᠬᠢᠯ ᠤᠨ ᠦᠭᠡ ᠪᠠᠨ ᠬᠤᠪᠢᠶᠠᠯᠴᠠᠵᠦ ᠪᠤᠢ

ᠬᠤᠷᠠᠯ ᠤᠨ ᠲᠠᠯᠠᠪᠠᠢ

ᠢᠷᠡᠯᠳᠡ᠄ ᠠᠷᠠᠳ ᠤᠨ ᠰᠦᠯᠵᠢᠶ᠎ᠡ ᠪᠡᠯᠡᠳᠭᠡᠭ᠍ᠰᠡᠨ ᠨᠢ᠄ ᠰᠠᠷᠠᠨᠲᠤᠶᠠᠭ᠎ᠠ

ᠨᠡᠶᠢᠬᠡᠮ ᠠᠬᠤᠢ

ᠰᠣᠶᠤᠯ ᠤᠷᠠᠯᠢᠭ

  • ᠮᠤᠩᠭ᠋ᠤᠯ ᠰᠤᠶᠤᠯ  ᠢᠶᠡᠨ ᠳᠡᠯᠡᠬᠡᠢ ᠳ᠋ᠤ ᠲᠠᠨᠢᠭᠤᠯᠬᠤ ᠠᠤᠭ᠎ᠠ ᠵᠤᠷᠢᠯᠲᠠ ᠶᠢ ᠡᠷᠢᠯᠬᠢᠯᠡᠭᠴᠢ
  • 《ᠰᠢᠨᠬᠤᠸᠠ ᠲᠤᠯᠢ ᠪᠢᠴᠢᠭ᠌》ᠭᠢᠨᠢᠰ ᠤᠨ ᠲᠡᠮᠳᠡᠭᠯᠡᠯ ᠳᠤ ᠪᠢᠴᠢᠭᠳᠡᠯ᠎ᠡ
  • ᠺᠠᠶᠢᠷᠤ᠋ ᠶᠢᠨ ᠵᠡᠭᠡᠯᠢ ᠳᠡᠭᠡᠷᠡᠬᠢ ᠭᠠᠷ ᠨᠡᠬᠡᠮᠡᠯ ᠬᠡᠪᠢᠰᠦᠨ ᠤ ᠳᠡᠯᠭᠡᠭᠦᠷ
  • ᠮᠤᠷᠢ ᠤᠨᠤᠭᠠᠳ ᠰᠤᠷᠭᠠᠭᠤᠯᠢ  ᠳᠠᠭᠠᠨ ᠶᠠᠪᠤᠳᠠᠬ ᠭ᠍ᠧᠷᠮᠠᠨ ᠬᠡᠦᠬᠡᠨ ᠤ ᠮᠤᠨᠭᠭᠤᠯ ᠬᠡᠯᠡ ᠰᠤᠷᠬᠤ ᠵᠠᠮᠨᠠᠯ
关闭
010070230030000000000000011100001118663331