微信打开
蒙古文网站Logo
ᠰᠢᠨᠬᠤᠸᠠ ᠮᠤᠩᠭ᠋ᠤᠯ ᠨᠧᠲ

《ᠰᠢᠨᠬᠤᠸᠠ ᠦᠰᠦᠭ᠌ ᠤᠨ ᠲᠤᠯᠢ》 ᠶ᠋ᠢᠨ APP ᠤᠳᠠᠯ ᠦᠭᠡᠢ ᠠᠰᠢᠬᠯᠠᠯᠲᠠ ᠳᠤ ᠤᠷᠤᠬᠤ ᠪᠤᠯᠤᠨ᠎ᠠ

2016-04-20 11:58

   

    ᠤᠶᠢᠷ᠎ᠠ ᠳᠤ᠂ ᠳᠤᠮᠳᠠᠳᠤᠴᠤᠳ ᠤᠨ ᠬᠠᠮᠤᠬ ᠤᠨ ᠦᠷᠬᠡᠨ ᠢᠶᠡᠷ ᠬᠡᠷᠡᠭᠯᠡᠵᠦ ᠪᠠᠶᠢᠭ᠎ᠠ ᠬᠢᠲᠡᠳ ᠬᠡᠯᠡᠨ ᠤ ᠲᠤᠯᠢ ᠪᠢᠴᠢᠭ᠌᠌《ᠰᠢᠨᠬᠤᠸᠠ ᠦᠰᠦᠭ᠌ ᠤᠨ ᠲᠤᠯᠢ》5.67ᠳ᠋ᠦ᠋ᠩᠰᠢᠭᠤᠷ ᠳᠡᠪᠲᠡᠷ ᠤᠨ ᠲᠠᠷᠬᠠᠭᠠᠯᠲᠠ ᠶᠢᠨ ᠬᠡᠮᠵᠢᠶ᠎ᠡ ᠪᠡᠷ ᠢᠶᠡᠨ ᠳᠡᠯᠬᠡᠢ ᠳᠡᠭᠡᠷᠡᠬᠢ《ᠬᠠᠮᠤᠬ ᠤᠨ ᠲᠠᠭᠠᠯᠠᠬᠳᠠᠬᠰᠠᠨ ᠨᠤᠮ》《ᠬᠠᠮᠤᠬ ᠤᠨ ᠰᠠᠶᠢᠨ ᠪᠤᠷᠤᠯᠠᠭᠤᠯᠤᠯᠲᠠ ᠲᠠᠢ ᠨᠤᠮ》ᠭᠡᠬᠦ ᠬᠤᠶᠠᠷ ᠵᠦᠢᠯ ᠤᠨ ᠭᠢᠨᠢᠰ ᠤᠨ ᠳᠡᠮᠳᠡᠭᠯᠡᠯ ᠢ ᠡᠭᠦᠳᠦᠭ᠍ᠰᠡᠨ ᠢᠶᠡᠷ ᠬᠡᠪᠯᠡᠯ ᠮᠡᠳᠡᠭᠡᠯᠡᠯ ᠤᠨ ᠬᠢᠨ ᠤ ᠠᠩᠬᠠᠷᠤᠯ ᠢ ᠶᠡᠬᠡᠪᠡᠷ ᠲᠠᠲᠠᠵᠠᠢ᠃

    ᠳᠤᠮᠳᠠᠳᠤ ᠤᠯᠤᠰ ᠤᠨ ᠬᠡᠪᠯᠡᠯ ᠤᠨ ᠪᠦᠯᠦᠭᠯᠡᠯ ᠺᠤᠮᠫᠠᠨᠢ ᠶᠢᠨ ᠱᠠᠩ ᠡᠦ ᠨᠤᠮ ᠬᠡᠪᠯᠡᠯ ᠤᠨ ᠬᠤᠷᠢᠶ᠎ᠠ ᠡᠴᠡ ᠬᠡᠪᠯᠡᠭᠦᠯᠦᠭ᠍ᠰᠡᠨ《ᠰᠢᠨᠬᠤᠸᠠ ᠦᠰᠦᠭ᠌ ᠤᠨ ᠲᠤᠯᠢ》 ᠪᠤᠯ ᠰᠢᠨ᠎ᠡ ᠳᠤᠮᠳᠠᠳᠤ ᠤᠯᠤᠰ ᠤᠨ ᠠᠩᠬᠠᠳᠠᠬᠴᠢ ᠤᠳᠤ ᠦᠶ᠎ᠡ ᠶᠢᠨ ᠬᠢᠲᠠᠳ ᠬᠡᠯᠡᠨ ᠤ ᠲᠤᠯᠢ ᠪᠢᠴᠢᠭ᠌ ᠮᠦᠨ᠂ ᠲᠡᠷᠡ ᠨᠢ ᠤᠳᠤᠬᠠᠨ ᠳᠤ ᠨᠢᠭᠡᠨᠲᠡ ᠳᠤᠮᠳᠠᠳᠤᠴᠤᠳ᠂ ᠴᠢᠨᠠᠬᠰᠢᠯᠠᠨ ᠳᠡᠯᠡᠬᠡᠢ ᠶᠢᠨ ᠮᠠᠰᠢ ᠤᠯᠠᠨ ᠤᠯᠤᠰ ᠤᠷᠤᠨ ᠤ ᠬᠢᠲᠡᠳ ᠬᠡᠯᠡ ᠰᠤᠷᠤᠯᠴᠠᠬᠰᠠᠳ ᠤᠨ ᠭᠠᠷ ᠠᠪᠤᠯᠭ᠎ ᠠ ᠶᠢᠨ ᠲᠤᠯᠢ ᠪᠢᠴᠢᠭ᠌ ᠪᠤᠯᠤᠬᠰᠠᠨ ᠪᠠᠶᠢᠨ᠎ᠠ᠃ 1953 ᠤᠨ ᠳᠤ ᠠᠩᠬᠠᠳᠤᠭᠠᠷ ᠬᠡᠪᠯᠡᠯ ᠢ ᠨᠠᠶᠢᠷᠠᠭᠤᠯᠤᠬᠰᠠᠨ ᠡᠴᠡ ᠨᠠᠰᠢ᠂ 《ᠰᠢᠨᠬᠤᠸᠠ ᠦᠰᠦᠭ᠌ ᠤᠨ ᠲᠤᠯᠢ》 ᠳ᠋ᠤ 11 ᠤᠳᠠᠭ᠎ᠠ ᠵᠠᠰᠠᠪᠤᠷᠢ ᠤᠷᠤᠭᠤᠯᠵᠦ᠂ 60 ᠭᠠᠷᠦᠢ ᠵᠢᠯ ᠤᠨ ᠲᠡᠦᠬᠡ  ᠵᠢ ᠦᠩᠭᠡᠷᠡᠭᠡᠵᠡᠢ᠃

    ᠱᠠᠩ ᠡᠦ ᠨᠤᠮ ᠬᠡᠪᠯᠡᠯ ᠤᠨ ᠬᠤᠷᠢᠶ᠎ᠠ ᠡᠴᠡ ᠤᠶᠢᠯᠠᠭᠠᠬᠰᠨᠨ ᠢᠶᠡᠷ᠂ ᠤᠳᠤᠬᠠᠨ ᠳᠤ《ᠰᠢᠨᠬᠤᠸᠠ ᠦᠰᠦᠭ᠌ ᠤᠨ ᠲᠤᠯᠢ》 ᠳ᠋ᠤ ᠶᠠᠬ ᠰᠠᠶᠢᠬᠠᠨ 12 ᠳᠡᠬᠢ ᠤᠳᠠᠭ᠎ᠠ ᠶᠢᠨ ᠵᠠᠰᠠᠪᠤᠷᠢ ᠤᠷᠤᠭᠤᠯᠵᠦ ᠪᠠᠶᠢᠬᠤ ᠪᠦᠭᠡᠳ ᠴᠠᠬ ᠦᠶ᠎ᠡ ᠶᠢᠨ ᠬᠦᠭ᠍ᠵᠢᠯᠲᠡ  ᠶᠢᠨ ᠳᠠᠭᠠᠤ ᠦᠷᠭᠦᠯᠵᠢ ᠬᠡᠷᠡᠭᠯᠡᠭᠳᠡᠳᠡᠭ ᠢᠨᠲ᠋ᠧᠷᠨᠧᠲ ᠤᠨ ᠦᠬᠡ ᠬᠡᠯᠡ ᠵᠢ ᠨᠡᠮᠡᠵᠦ ᠤᠷᠤᠭᠤᠯᠤᠨ ᠲᠠᠶᠢᠯᠪᠤᠷᠢᠯᠠᠬᠤ ᠪᠤᠯᠤᠨ᠎ᠠ᠂ ᠡᠭᠦᠨ ᠤ ᠬᠠᠮᠲᠤ 《ᠰᠢᠨᠬᠤᠸᠠ ᠦᠰᠦᠭ᠌ ᠤᠨ ᠲᠤᠯᠢ》 ᠶ᠋ᠢᠨ APP  ᠵᠢ ᠪᠠᠰᠠ ᠰᠤᠳᠤᠯᠤᠨ ᠨᠠᠶᠢᠷᠠᠭᠤᠯᠵᠦ ᠪᠤᠢ᠃ 《ᠰᠢᠨᠬᠤᠸᠠ ᠦᠰᠦᠭ᠌ ᠤᠨ ᠲᠤᠯᠢ》 ᠋ᠤ᠋᠋᠋ᠨ APP ᠠᠰᠢᠬᠯᠠᠯᠲᠠ ᠳᠤ ᠤᠷᠤᠬᠰᠠᠨ ᠤ ᠳᠠᠷᠠᠭ᠎ᠠ᠂ ᠤᠩᠰᠢᠬᠴᠢᠳ APP ᠵᠢ ᠪᠠᠭᠤᠯᠭᠠᠨ ᠠᠪᠴᠤ《ᠰᠢᠨᠬᠤᠸᠠ ᠦᠰᠦᠭ᠌ ᠤᠨ ᠲᠤᠯᠢ》 ᠢ ᠤᠯᠠᠮ ᠳᠥᠲᠡ ᠪᠠᠷ ᠠᠰᠢᠬᠯᠠᠵᠦ ᠪᠤᠯᠤᠨ᠎ᠠ᠃ APP  ᠨᠢ ᠠᠪᠢᠶᠠᠨ ᠤ ᠳᠠᠭᠤᠳᠠᠯᠭ᠎ᠠ᠂ ᠬᠠᠵᠠᠭᠤ ᠶᠢᠨ ᠵᠡᠭᠦᠯᠲᠡ ᠲᠠᠶᠢᠯᠪᠤᠷᠢ ᠵᠡᠷᠭᠡ  ᠵᠢ ᠬᠠᠨᠭᠭᠠᠬᠤ ᠴᠢᠳᠠᠪᠬᠢ ᠲᠠᠢ᠃

ᠢᠷᠡᠯᠳᠡ᠄ ᠳᠤᠮᠳᠠᠳᠤ ᠤᠯᠤᠰ ᠤᠨ ᠮᠤᠨᠭᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ ᠪᠡᠯᠡᠳᠭᠡᠭ᠍ᠰᠡᠨ ᠨᠢ᠄ ᠰᠠᠷᠠᠨᠲᠤᠶᠠᠭ᠎ᠠ

ᠨᠡᠶᠢᠬᠡᠮ ᠠᠬᠤᠢ

ᠰᠣᠶᠤᠯ ᠤᠷᠠᠯᠢᠭ

  • ᠮᠤᠩᠭ᠋ᠤᠯ ᠰᠤᠶᠤᠯ  ᠢᠶᠡᠨ ᠳᠡᠯᠡᠬᠡᠢ ᠳ᠋ᠤ ᠲᠠᠨᠢᠭᠤᠯᠬᠤ ᠠᠤᠭ᠎ᠠ ᠵᠤᠷᠢᠯᠲᠠ ᠶᠢ ᠡᠷᠢᠯᠬᠢᠯᠡᠭᠴᠢ
  • 《ᠰᠢᠨᠬᠤᠸᠠ ᠲᠤᠯᠢ ᠪᠢᠴᠢᠭ᠌》ᠭᠢᠨᠢᠰ ᠤᠨ ᠲᠡᠮᠳᠡᠭᠯᠡᠯ ᠳᠤ ᠪᠢᠴᠢᠭᠳᠡᠯ᠎ᠡ
  • ᠺᠠᠶᠢᠷᠤ᠋ ᠶᠢᠨ ᠵᠡᠭᠡᠯᠢ ᠳᠡᠭᠡᠷᠡᠬᠢ ᠭᠠᠷ ᠨᠡᠬᠡᠮᠡᠯ ᠬᠡᠪᠢᠰᠦᠨ ᠤ ᠳᠡᠯᠭᠡᠭᠦᠷ
  • ᠮᠤᠷᠢ ᠤᠨᠤᠭᠠᠳ ᠰᠤᠷᠭᠠᠭᠤᠯᠢ  ᠳᠠᠭᠠᠨ ᠶᠠᠪᠤᠳᠠᠬ ᠭ᠍ᠧᠷᠮᠠᠨ ᠬᠡᠦᠬᠡᠨ ᠤ ᠮᠤᠨᠭᠭᠤᠯ ᠬᠡᠯᠡ ᠰᠤᠷᠬᠤ ᠵᠠᠮᠨᠠᠯ
关闭
010070230030000000000000011100001118680301