微信打开
蒙古文网站Logo
ᠰᠢᠨᠬᠤᠸᠠ ᠮᠤᠩᠭ᠋ᠤᠯ ᠨᠧᠲ

ᠴᠢ‍·ᠪᠤᠯᠠᠬ ᠤᠨ ᠲᠠᠬᠢ ᠮᠤᠷᠢᠨ ᠬᠤᠭᠤᠷ ᠤᠨ ᠬᠦᠭ᠍ᠵᠢᠮ ᠤᠨ ᠪᠦᠯᠬᠦᠮ ᠪᠠᠶᠢᠭᠤᠯᠤᠬᠳᠠᠬᠰᠠᠨ 30 ᠵᠢᠯ ᠤᠨ ᠤᠢ ᠶᠢᠨ ᠬᠠᠷᠢᠭᠤ ᠮᠡᠳᠡᠭᠦᠯᠦᠯᠲᠡ ᠶᠢᠨ ᠲᠤᠬᠯᠠᠯᠲᠠ ᠪᠡᠭᠡᠵᠢᠩ ᠳᠤ ᠪᠤᠯᠬᠤ ᠪᠡᠷ ᠪᠤᠢ

2016-06-14 11:58

    6 ᠰᠠᠷ᠎ ᠠ ᠶᠢᠨ 13 ᠤ᠋ ᠡᠳᠦᠷ᠂ ᠮᠤᠷᠢᠨ ᠬᠤᠭᠤᠷ ᠤᠨ ᠠᠪᠤᠷᠭᠤ᠂ ᠤᠯᠤᠰ ᠤᠨ ᠳᠡᠰ ᠤᠨ ᠪᠡᠶᠡᠲᠤ ᠪᠤᠰᠤ ᠰᠤᠶᠤᠯ ᠤᠨ ᠦᠪ ᠤᠨ ᠦᠪᠯᠡᠭᠴᠢ ᠴᠢ‍·ᠪᠤᠯᠠᠬ ᠤᠨ ᠲᠡᠬᠢ ᠮᠤᠷᠢᠨ ᠬᠤᠭᠤᠷ ᠤᠨ ᠬᠦᠭ᠍ᠵᠢᠮ ᠤᠨ ᠪᠦᠯᠬᠦᠮ ᠪᠠᠶᠢᠭᠤᠯᠤᠬᠳᠠᠬᠰᠠᠨ 30 ᠵᠢᠯ ᠤᠨ ᠤᠢ ᠶᠢᠨ ᠬᠠᠷᠢᠭᠤ ᠮᠡᠳᠡᠭᠦᠯᠬᠦ ᠲᠤᠬᠯᠠᠯᠲᠠ ᠡᠴᠡ ᠡᠮᠦᠨᠡᠬᠢ ᠵᠠᠭᠤᠴᠢᠯᠠᠭᠤᠷ ᠤᠨ ᠬᠢᠨ ᠯᠤᠭ᠎ᠠ  ᠢᠢᠨ ᠠᠭᠤᠯᠵᠠᠯᠲᠠ ᠪᠡᠭᠡᠵᠢᠩ ᠤᠨ ᠴᠤᠤ ᠶᠠᠩ ᠴᠡᠴᠡᠷᠯᠢᠭ᠌ ᠤᠨ《ᠮᠤᠨᠭᠭᠤᠯ ᠤᠨ ᠶᠡᠬᠡ ᠬᠤᠸᠠᠷᠠᠨ》 ᠳ᠋ᠤ ᠪᠤᠯᠤᠯ᠎ᠠ᠃

    ᠲᠡᠬᠢ ᠮᠤᠷᠢᠨ ᠬᠤᠭᠤᠷ ᠤᠨ ᠬᠦᠭ᠍ᠵᠢᠮ ᠤᠨ ᠪᠦᠯᠬᠦᠮ ᠪᠤᠯ ᠴᠢ‍·ᠪᠤᠯᠠᠬ ᠤᠨ 30 ᠵᠢᠯ ᠤᠨ ᠡᠮᠦᠨ᠎ᠡ ᠪᠠᠶᠢᠭᠤᠯᠤᠬᠰᠠᠨ ᠬᠦᠭ᠍ᠵᠢᠮ ᠤᠨ ᠪᠦᠯᠬᠦᠮ ᠪᠤᠯᠤᠨ᠎ᠠ᠃ 1986 ᠤᠨ ᠤ 6 ᠰᠠᠷ᠎ᠠ ᠶᠢᠨ 20 ᠤ᠋ ᠡᠳᠦᠷ᠂ ᠳᠡᠯᠡᠬᠡᠢ ᠳᠡᠭᠡᠷᠡᠬᠢ ᠮᠤᠷᠢᠨ ᠬᠤᠭᠤᠷ ᠤᠨ ᠬᠦᠭ᠍ᠵᠢᠮ ᠤᠨ ᠤᠤᠭᠠᠨ ᠪᠦᠯᠬᠦᠮ ᠎᠎᠎--ᠴᠢ‍·ᠪᠤᠯᠠᠬ ᠤᠨ ᠲᠡᠬᠢ ᠮᠤᠷᠢᠨ ᠬᠤᠭᠤᠷ ᠤᠨ ᠬᠦᠭ᠍ᠵᠢᠮ ᠤᠨ ᠪᠦᠯᠬᠦᠮ ᠬᠦᠬᠡᠬᠤᠲᠠ ᠳᠤ ᠪᠠᠶᠢᠭᠤᠯᠤᠬᠳᠠᠬᠰᠠᠨ ᠪᠢᠯᠡ᠃ ᠮᠤᠷᠢᠨ ᠬᠤᠭᠤᠷ ᠤᠨ ᠬᠦᠭ᠍ᠵᠢᠮ ᠭᠡᠵᠦ ᠤᠤᠯ ᠨᠢ ᠭᠤᠤᠯᠳᠠᠭᠤ ᠬᠦᠭ᠍ᠵᠢᠮᠴᠢᠳ ᠭᠤᠴᠤᠯᠠᠯ ᠬᠦᠭ᠍ᠵᠢᠮ ᠬᠦᠭ᠍ᠵᠢᠮᠳᠡᠵᠦ᠂ ᠶᠡᠷᠦ ᠡᠴᠡ ᠨᠢᠭᠡᠳᠦᠭᠦᠯᠦᠨ ᠨᠡᠶᠢᠯᠡᠭᠦᠯᠵᠦ ᠬᠤᠭᠤᠷᠳᠠᠵᠦ ᠪᠠᠶᠢᠬᠰᠠᠨ ᠦᠭᠡᠢ ᠪᠤᠯᠬᠤᠷ ᠲᠡᠭᠦᠨ ᠤ ᠡᠮᠦᠨ᠎ᠡ ᠨᠢ ᠮᠤᠷᠢᠨ ᠬᠤᠭᠤᠷ ᠤᠨ ᠬᠦᠭ᠍ᠵᠢᠮ ᠤᠨ ᠪᠦᠯᠬᠦᠮ ᠭᠡᠵᠦ ᠪᠠᠶᠢᠭ᠎ᠠ ᠦᠬᠡᠢ ᠪᠠᠶᠢᠵᠠᠢ᠃ ᠲᠦᠮᠡᠨ ᠭᠠᠵᠠᠷ ᠤᠨ ᠠᠶᠠᠨ ᠤ ᠲᠦᠷᠦᠭᠦᠦ ᠠᠯᠬᠤᠮ ᠪᠡᠷᠭᠡᠰᠢᠶᠡᠯᠳᠡᠢ ᠭᠡᠳᠡᠭ᠍ᠴᠢᠯᠡᠨ ᠰᠢᠨ᠎ᠡ ᠵᠢ ᠡᠭᠦᠳᠬᠦ ᠬᠢᠭᠡᠳ ᠵᠤᠬᠢᠴᠠᠭᠤᠯᠬᠤ ᠨᠢ ᠬᠡᠯᠡᠬᠦ ᠳᠤ ᠠᠮᠠᠷ ᠬᠢᠬᠦ ᠳᠤ ᠪᠡᠷᠬᠡ ᠠᠵᠢᠯ ᠰᠠᠨ᠃ ᠲᠡᠬᠢ ᠮᠤᠷᠢᠨ ᠬᠤᠭᠤᠷ ᠤᠨ ᠬᠦᠭ᠍ᠵᠢᠮ ᠤᠨ ᠪᠦᠯᠬᠦᠮ ᠤᠨ ᠬᠢᠨ ᠲᠡᠬᠢ ᠶᠢᠨ ᠰᠠᠭᠠᠳ ᠪᠡᠷᠬᠡ ᠵᠢ ᠳᠠᠭᠠᠷᠢᠨ ᠲᠤᠪᠲᠤᠯᠳᠠᠬ ᠵᠤᠷᠢᠬ ᠰᠠᠨᠠᠭ᠎ᠠ ᠪᠠ ᠤᠷᠠᠨ ᠬᠦᠭ᠍ᠵᠢᠮᠴᠢᠳ ᠤᠨ ᠤᠷᠠᠯᠢᠬ ᠬᠦᠭᠡᠭᠡᠴᠡᠯᠳᠦᠯ ᠤᠨ ᠨᠠᠷᠢᠨ ᠨᠢᠮᠪᠠᠢ ᠤᠪᠤᠷ ᠢ ᠨᠢᠬᠲᠠ ᠤᠶᠠᠯᠳᠤᠭᠤᠯᠤᠨ ᠰᠢᠨᠳᠠᠷᠠᠰᠢ ᠦᠭᠡᠢ ᠰᠢᠮᠳᠡᠨ ᠳᠠᠰᠬᠠᠯᠵᠢᠭᠤᠯᠭ᠎ᠠ ᠬᠢᠭ᠍ᠰᠡᠨ ᠢᠶᠡᠷ ᠮᠤᠷᠢᠨ ᠬᠤᠭᠤᠷ ᠨᠢ ᠵᠦᠪᠬᠡᠨ ᠭᠤᠴᠤᠯᠠᠯ ᠬᠦᠭ᠍ᠵᠢᠮ ᠬᠦᠭ᠍ᠵᠢᠮᠳᠡᠳᠡᠭ ᠪᠠᠶᠢᠬᠰᠠᠨ ᠲᠡᠦᠬᠡᠨ ᠳᠡᠮᠳᠡᠭᠯᠡᠯ ᠢ ᠰᠢᠨᠡᠳᠬᠡᠵᠦ ᠭᠤᠴᠤᠯᠠᠯ ᠬᠦᠭ᠍ᠵᠢᠮ᠂ ᠬᠤᠤᠰᠯᠠᠯ ᠬᠦᠭ᠍ᠵᠢᠮ᠂ ᠵᠡᠷᠭᠡ ᠪᠡᠷ ᠬᠦᠭ᠍ᠵᠢᠮᠳᠡᠬᠦ᠂ ᠨᠠᠶᠢᠷᠠᠯ ᠬᠦᠭ᠍ᠵᠢᠮᠳᠡᠯ᠂ ᠲᠤᠳᠤᠷᠠᠭᠤᠯᠤᠯ ᠬᠦᠭ᠍ᠵᠢᠮᠳᠡᠯ ᠵᠡᠷᠭᠡ ᠤᠯᠠᠨ ᠵᠦᠢᠯ ᠤᠨ ᠤᠷᠠᠯᠢᠬ ᠤᠨ ᠢᠯᠡᠷᠡᠭᠦᠯᠦᠯ ᠢᠶᠡᠷ ᠦᠪᠦᠷ ᠮᠤᠨᠭᠭᠤᠯ ᠡᠴᠡ ᠪᠠᠨ ᠭᠠᠷᠴᠤ᠂ ᠳᠤᠮᠳᠠᠳᠤ ᠤᠯᠤᠰ ᠴᠢᠨᠠᠬᠰᠢᠯᠠᠭᠠᠳ ᠳᠡᠯᠡᠬᠡᠢ ᠶᠢᠨ ᠤᠷᠠᠯᠢᠬ ᠤᠨ ᠲᠠᠶᠢᠰᠠᠨ᠎ᠠ ᠭᠢᠯᠠᠷᠠᠭᠤᠯᠵᠦ ᠬᠦᠮᠦᠨ ᠵᠤᠨ ᠤ ᠤᠶᠤᠨ ᠤ ᠬᠦᠷᠲᠡᠭᠡᠯ ᠪᠤᠯᠤᠬᠰᠠᠨ ᠪᠠᠶᠢᠨ᠎ᠠ᠃ ᠴᠢ‍·ᠪᠤᠯᠠᠬ ᠤᠨ ᠲᠡᠬᠢ ᠮᠤᠷᠢᠨ ᠬᠤᠭᠤᠷ ᠤᠨ ᠬᠦᠭ᠍ᠵᠢᠮ ᠤᠨ ᠪᠦᠯᠬᠦᠮ 1986 ᠤᠨ ᠳᠤ ᠪᠠᠶᠢᠭᠤᠯᠤᠬᠳᠠᠬᠰᠠᠨ ᠡᠴᠡ ᠨᠠᠰᠢ 1990 ᠤᠨ ᠳᠤ ᠲᠦᠪ ᠲᠧᠯᠸᠢᠰ ᠤᠨ ᠴᠠᠭᠠᠨ ᠰᠠᠷ᠎ᠠ ᠶᠢᠨ ᠤᠷᠠᠨ ᠰᠠᠶᠢᠬᠠᠨ ᠤ ᠦᠳᠡᠰᠢᠯᠡᠭᠡ ᠶᠢᠨ ᠲᠠᠶᠢᠰᠠᠨ᠎ᠠ ᠲᠤᠬᠯᠠᠵᠦ᠂ 2001 ᠤᠨ ᠳᠤ ᠠᠨᠭᠬᠠᠳᠤᠭᠠᠷ ᠬᠤᠭᠤᠴᠠᠭᠠᠨ ᠤ ᠤᠯᠠᠨ ᠤᠯᠤᠰ ᠤᠨ ᠮᠤᠷᠢᠨ ᠬᠤᠭᠤᠷ ᠤᠨ ᠤᠷᠠᠯᠢᠬ ᠤᠨ ᠪᠠᠶᠠᠷ ᠲᠤ ᠳᠡᠯᠡᠬᠡᠢ ᠶᠢᠨ ᠭᠢᠨᠢᠰ ᠤᠨ ᠳᠡᠮᠳᠡᠭ᠍ᠯᠡᠯ ᠳᠤ ᠵᠢᠬᠰᠠᠭᠠᠬᠳᠠᠨ᠂ 2005 ᠤᠨ ᠳᠤ ᠸᠢᠶᠸᠨᠠ ᠶᠢᠨ ᠠᠯᠲᠠᠨ ᠲᠢᠩᠬᠢᠮ ᠳᠤ ᠪᠤᠯᠤᠬᠰᠠᠨ ᠳᠡᠯᠡᠬᠡᠢ ᠶᠢᠨ ᠹᠠᠱᠢᠰ ᠢ ᠡᠰᠡᠷᠭᠦᠴᠡᠬᠦ ᠳᠠᠶᠢᠨ ᠢᠯᠡᠯᠲᠠ ᠤᠯᠤᠬᠰᠠᠨ 60 ᠵᠢᠯ ᠤᠨ ᠤᠢ ᠳᠤᠷᠠᠰᠬᠠᠬᠤ ᠳᠠᠭᠤᠤ ᠬᠦᠭ᠍ᠵᠢᠮ ᠤᠨ ᠦᠳᠡᠰᠢᠯᠡᠭᠡ ᠳᠤ ᠤᠷᠤᠯᠴᠠᠵᠦ᠂ 2008 ᠤᠨ ᠤ ᠪᠡᠭᠡᠵᠢᠩ ᠤᠨ ᠤᠯᠢᠮᠫᠢᠺ ᠤᠨ ᠲᠠᠮᠢᠷ ᠤᠨ ᠴᠤᠬᠯᠠᠭᠠᠨ ᠤ ᠡᠬᠢᠯᠡᠯᠲᠡ ᠶᠢᠨ ᠶᠤᠰᠤᠯᠠᠯ ᠡᠴᠡ ᠡᠮᠦᠨᠡᠬᠢ ᠲᠤᠬᠯᠠᠯᠲᠠ ᠳᠤ ᠬᠤᠭᠤᠷᠳᠠᠵᠦ᠂ ᠤᠯᠤᠰ ᠤᠨ ᠲᠤᠳᠤᠭᠠᠳᠤ ᠭᠠᠳᠠᠭᠠᠳᠤ ᠶᠢᠨ ᠠᠷᠠᠳ ᠲᠦᠮᠡᠨ ᠤ ᠬᠠᠯᠠᠭᠤᠨ ᠲᠠᠭᠠᠰᠢᠶᠠᠯ ᠳᠤ ᠪᠠᠬᠳᠠᠪᠠ᠃ ᠡᠭᠦᠨ ᠤ ᠰᠠᠭᠤᠷᠢᠨ ᠳᠤ 2013 ᠤᠨ ᠤ 12 ᠰᠠᠷ᠎ᠠ᠎ ᠳᠤ ᠲᠡᠬᠢ ᠮᠤᠷᠢᠨ ᠬᠤᠭᠤᠷ ᠤᠨ ᠬᠦᠭ᠍ᠵᠢᠮ ᠤᠨ ᠪᠦᠯᠬᠦᠮ ᠨᠢ ᠨᠢᠭᠡᠲᠦᠭ᠍ᠰᠡᠨ ᠦᠨᠳᠦᠰᠦᠨ ᠤ ᠪᠠᠶᠢᠭᠤᠯᠭ᠎ᠠ ᠶᠢᠨ ᠤᠳᠤᠷᠢᠳᠬᠤ ᠲᠦᠪ  ᠲᠤ ᠮᠤᠷᠢᠨ ᠬᠤᠭᠤᠷ ᠤᠨ ᠳᠠᠭᠤᠤ ᠬᠦᠭ᠍ᠵᠢᠮ ᠤᠨ ᠲᠤᠰᠬᠠᠢ ᠦᠳᠡᠰᠢᠯᠡᠭᠡ ᠡᠷᠬᠢᠯᠡᠵᠦ᠂ ᠡᠬᠦᠨ ᠤ ᠵᠡᠷᠭᠡᠴᠡᠭᠡᠪᠡᠷ ᠴᠢ‍·ᠪᠤᠯᠠᠬ ᠠᠪᠤᠭᠠᠢ ᠴᠤ ᠮᠤᠨᠭᠭᠤᠯ ᠤᠷᠠᠯᠢᠬ ᠤᠨ ᠳᠠᠷᠬᠠᠨ ᠬᠦᠭ᠍ᠵᠢᠮᠴᠢ ᠶᠢᠨ ᠡᠷᠡᠭᠦᠮᠵᠢᠯᠡᠯ ᠬᠦᠷᠲᠡᠯ᠎ᠡ᠃

    ᠦᠨᠦᠳᠦᠷ ᠲᠡᠬᠢ ᠬᠦᠭ᠍ᠵᠢᠮ ᠤᠨ ᠪᠦᠯᠬᠦᠮ ᠤᠨ《ᠬᠠᠭᠤᠴᠢᠨ ᠲᠡᠬᠢ》ᠨᠠᠷ ᠴᠦᠮ ᠦᠪᠡᠷ ᠦᠪᠡᠷ ᠤᠨ ᠤᠷᠠᠯᠢᠬ ᠤᠨ ᠬᠠᠷᠭᠤᠢ ᠳᠡᠭᠡᠷ᠎ᠡ ᠪᠠᠨ ᠤᠷᠤᠬᠰᠢᠲᠠᠢ ᠠᠮᠵᠢᠯᠲᠠᠲᠠᠢ ᠠᠶᠠᠯᠠᠵᠦ᠂《ᠰᠢᠨ᠎ᠡ ᠲᠡᠬᠢ》ᠨᠠᠷ ᠴᠤ ᠦᠪᠡᠷ ᠤᠨ ᠤᠷᠠᠯᠢᠬ ᠤᠨ ᠢᠶᠡᠨ ᠬᠦᠰᠡᠯ ᠤᠨ ᠲᠦᠯᠦᠭᠡ ᠵᠢᠳᠬᠦᠨ ᠲᠡᠮᠡᠦᠯᠡᠵᠦ᠂ ᠪᠦᠭᠦᠳᠡᠭᠡᠷ ᠡᠷᠡᠰ ᠪᠠᠲᠤ ᠢᠲᠡᠭᠡᠯ ᠵᠤᠷᠢᠬ ᠪᠠ ᠨᠠᠷᠢᠨ ᠨᠢᠬᠲᠠ ᠰᠢᠭᠢᠳᠬᠦᠷᠢ ᠲᠠᠢ ᠤᠷ᠎ᠠ ᠮᠡᠷᠭᠡᠵᠢᠯ ᠢᠶᠡᠷ ᠢᠶᠡᠷ ᠦᠨᠳᠦᠰᠦᠲᠡᠨ ᠤ ᠰᠤᠶᠤᠯ ᠤᠨ ᠦᠨᠡᠲᠤ ᠡᠷᠳᠡᠨᠢ ᠪᠤᠯᠬᠤ ᠮᠤᠷᠢᠨ ᠬᠤᠭᠤᠷ ᠤᠨ ᠤᠷᠠᠯᠢᠬ ᠢᠶᠡᠨ ᠤᠯᠠᠮᠵᠢᠯᠠᠨ ᠵᠠᠯᠭᠠᠮᠵᠢᠯᠠᠬᠤ ᠪᠠ ᠳᠡᠯᠭᠡᠷᠡᠬᠦᠯᠬᠦ ᠪᠡᠷ ᠬᠦᠴᠦᠯᠡᠨ ᠴᠢᠷᠮᠠᠶᠢᠵᠦ ᠪᠤᠢ᠃

    6 ᠰᠠᠷ᠎ᠠ ᠶᠢᠨ22 ᠤᠨ ᠡᠳᠦᠷ᠂ ᠴᠢ‍·ᠪᠤᠯᠠᠬ ᠤᠨ ᠲᠡᠬᠢ ᠮᠤᠷᠢᠨ ᠬᠤᠭᠤᠷ ᠤᠨ ᠪᠦᠯᠬᠦᠮ ᠪᠠᠶᠢᠭᠤᠯᠤᠬᠳᠠᠬᠰᠠᠨ 30 ᠵᠢᠯ ᠤᠨ ᠤᠢ ᠪᠠᠨ ᠳᠤᠷᠠᠰᠬᠠᠬᠠᠤ ᠪᠡᠷ᠂ ᠰᠢᠨ᠎ᠡ ᠬᠠᠭᠤᠴᠢᠨ《ᠲᠡᠬᠢ》 ᠨᠠᠷ ᠪᠡᠭᠡᠵᠢᠩ ᠤᠨ ᠳᠠᠭᠤᠤ ᠬᠦᠭ᠍ᠵᠢᠮ ᠤᠨ ᠲᠢᠩᠬᠢᠮ ᠳᠤ ᠴᠤᠬᠯᠠᠷᠠᠵᠦ ᠪᠦᠬᠦᠳᠡ ᠤᠯᠠᠨ ᠳᠤ ᠪᠠᠨ ᠬᠤᠤᠰ ᠦᠭᠡᠢ ᠰᠠᠶᠢᠬᠠᠨ ᠮᠤᠷᠢᠨ ᠬᠤᠭᠤᠷ ᠤᠨ ᠡᠭᠡᠰᠢᠭ᠌ ᠡᠷᠭᠦᠨ ᠪᠠᠷᠢᠬᠤ ᠪᠡᠷ ᠪᠡᠯᠡᠬᠡᠨ ᠪᠤᠯᠤᠭᠠᠳ ᠪᠠᠶᠢᠨ᠎ᠠ᠃

ᠢᠷᠡᠯᠳᠡ᠄ ᠠᠷᠠᠳ ᠤᠨ ᠰᠦᠯᠵᠢᠶ᠎ᠡ ᠪᠡᠯᠡᠳᠭᠡᠭ᠍ᠰᠡᠨ ᠨᠢ᠄ ᠰᠠᠷᠠᠨᠲᠤᠶᠠᠭ᠎ᠠ

ᠰᠣᠶᠤᠯ ᠤᠷᠠᠯᠢᠭ

  • ᠦᠪᠦᠷ ᠮᠤᠩᠭ᠋ᠤᠯ ᠤᠨ ᠤᠳᠤᠭ ᠬᠤᠰᠢᠭᠤᠨ ᠤ ᠪᠠᠭᠠᠲᠤᠷ ᠤᠯᠠᠭᠠᠨ ᠤᠪᠤᠭ᠎ᠠ ᠶᠢᠨ ᠲᠠᠬᠢᠯᠭ᠎ᠠ ᠨᠢᠵᠢᠭᠡᠷ ᠪᠤᠯᠵᠦ ᠦᠩᠭᠡᠷᠡᠯ᠎ᠡ
  • ᠮᠤᠩᠭ᠋ᠤᠯ ᠰᠢᠳᠠᠷ᠎ᠠ ᠬᠡᠤᠬᠡᠳ ᠤᠨ ᠤᠷᠮ᠎ᠠ ᠶᠢ ᠲᠠᠳᠠᠵᠤ ᠪᠠᠶᠢᠨ᠎ᠠ
  • ᠦᠪᠦᠷ ᠮᠤᠨᠭᠭᠤᠯ ᠤᠨ ᠬᠤᠱᠤᠩ ᠤᠷᠠᠯᠢᠬ ᠤᠨ ᠠᠨᠭᠬᠠᠨ ᠤ ᠨᠠᠭᠠᠳᠤᠮ ᠪᠤᠯᠤᠯ᠎ᠠ
  • ᠦᠪᠦᠷ ᠮᠤᠨᠭᠭᠤᠯ ᠤᠨ ᠶᠡᠬᠡ ᠰᠤᠷᠭᠠᠭᠤᠯᠢ ᠶᠢᠨ ᠮᠤᠨᠭᠭᠤᠯ ᠤᠯᠤᠰ ᠢ ᠰᠤᠳᠤᠯᠬᠤ ᠬᠦᠷᠢᠶᠡᠯᠡᠩ ᠪᠠᠶᠢᠭᠤᠯᠤᠬᠳᠠᠪᠠ
关闭
010070230030000000000000011100001119040085