蒙古文网站Logo
ᠰᠢᠨᠬᠤᠸᠠ ᠮᠤᠩᠭ᠋ᠤᠯ ᠨᠧᠲ

ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ

2016-10-13 17:16

    ᠤᠶᠢᠷ᠎ᠠ ᠶᠢᠨ ᠬᠤᠭᠤᠴᠠᠭᠠᠨ  ᠳᠤ᠂ ᠦᠪᠦᠷ ᠮᠤᠨᠭᠭᠤᠯ ᠤᠨ ᠨᠢᠭᠡᠨ ᠦᠨᠳᠦᠰᠦᠲᠡᠨ ᠤ ᠺᠢᠨᠤ᠋ ᠮᠠᠰᠢ ᠶᠡᠬᠡᠪᠡᠷ ᠨᠡᠷ᠎ᠡ ᠮᠠᠨᠳᠤᠬᠰᠠᠨ ᠪᠠᠶᠢᠳᠠᠬ᠃ ᠡᠨᠡ ᠨᠢ ᠳᠠᠷᠤᠢ《ᠡᠵᠢ ᠶᠢᠨ ᠨᠢᠰᠬᠦ ᠤᠨᠭᠭᠤᠴᠠᠨ ᠤ ᠪᠠᠭᠤᠳᠠᠯ》 ᠭᠡᠬᠦ ᠺᠢᠨᠤ᠋ ᠪᠤᠯᠤᠨ᠎ᠠ᠃ ᠲᠤᠰ ᠺᠢᠨᠤ᠋ ᠨᠢ ᠤᠯᠠᠨ ᠤᠯᠤᠰ ᠤᠨ A ᠲᠦᠷᠦᠯ ᠤᠨ ᠺᠢᠨᠤ᠋ ᠨᠠᠭᠠᠳᠤᠮ ᠪᠤᠯᠬᠤ 40 ᠳ᠋ᠤᠭᠡᠷ ᠬᠤᠭᠤᠴᠠᠭᠠᠨ ᠤ ᠺᠠᠨᠠᠳᠠ ᠶᠢᠨ ᠮᠤᠨᠲ᠋ᠷᠧᠶᠠᠯ ᠤᠯᠠᠨ ᠤᠯᠤᠰ ᠤᠨ ᠺᠢᠨᠤ᠋ ᠨᠠᠭᠠᠳᠤᠮ ᠳᠤ ᠦᠷᠢᠰᠦᠯᠳᠦᠬᠦ ᠡᠷᠭᠡ ᠵᠢ ᠤᠯᠵᠦ᠂ 38 ᠳ᠋ᠤᠭᠠᠷ ᠬᠤᠭᠤᠴᠠᠭᠠᠨ ᠤ ᠶᠧᠵᠢᠫᠲ᠋ ᠤᠨ ᠺᠠᠶᠢᠷᠤ᠋ ᠶᠢᠨ ᠤᠯᠠᠨ ᠤᠯᠤᠰ ᠤᠨ ᠺᠢᠨᠤ᠋ ᠨᠠᠭᠠᠳᠤᠮ ᠳᠤ ᠰᠢᠯᠢᠭ᠍ᠳᠡᠭᠰᠡᠨ ᠲᠡᠳᠦᠢ ᠦᠭᠡᠢ ᠷᠤᠮᠠ ᠳᠤ ᠪᠤᠯᠤᠬᠰᠠᠨ 17 ᠳ᠋ᠤᠭᠠᠷ ᠬᠤᠭᠤᠴᠠᠭᠠᠨ ᠤ ᠠᠽᠢᠶ᠎ᠠ ᠶᠢᠨ ᠤᠯᠠᠨ ᠤᠯᠤᠰ ᠤᠨ ᠺᠢᠨᠤ᠋ ᠨᠠᠭᠠᠳᠤᠮ ᠤᠨ ᠰᠢᠯᠢᠳᠡᠭ ᠪᠠᠶᠢᠷᠢᠨ ᠳᠤ ᠲᠤᠳᠤᠷᠠᠵᠦ᠂ ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠶᠢᠨ ᠷᠢᠳᠢ ᠰᠢᠳᠢ ᠵᠢ ᠲᠦᠮᠡᠨ ᠤᠯᠠᠨ᠎ᠠ ᠲᠠᠨᠢᠭᠤᠯᠵᠦ᠂ ᠮᠤᠨᠭᠭᠤᠯ ᠰᠤᠶᠤᠯ ᠤᠨ ᠭᠠᠶᠢᠬᠠᠮᠰᠢᠬ ᠢ ᠪᠠᠰᠠ ᠨᠢᠭᠡ ᠤᠳᠠᠭ᠎ᠠ ᠳᠡᠯᠡᠬᠡᠢ ᠳᠠᠬᠢᠨ᠎ᠠ ᠲᠤᠨᠭᠬᠠᠬᠯᠠᠬᠰᠠᠨ ᠪᠠᠶᠢᠨ᠎ᠠ᠃ ᠡᠨᠡᠬᠦ ᠠᠽᠢᠶ᠎ᠠ ᠶᠢᠨ ᠤᠯᠠᠨ ᠤᠯᠤᠰ ᠤᠨ ᠺᠢᠨᠤ᠋ ᠨᠠᠭᠠᠳᠤᠮ ᠢᠶᠡᠷ ᠦᠪᠦᠷ ᠮᠤᠨᠭᠭᠤᠯ ᠤᠨ 15 ᠺᠢᠨᠤ᠋ ᠳᠡᠯᠭᠡᠭ᠍ᠳᠡᠭᠰᠡᠨ ᠨᠢ ᠮᠦᠨ ᠪᠠᠬᠠᠷᠬᠠᠭᠤᠰᠢᠲᠠᠢ ᠶᠠᠪᠤᠳᠠᠯ ᠪᠤᠯᠬᠤ ᠶᠤᠮ᠃

《ᠡᠵᠢ ᠶᠢᠨ ᠨᠢᠰᠬᠦ ᠤᠨᠭᠭᠤᠴᠠᠨ ᠤ ᠪᠠᠭᠤᠳᠠᠯ》ᠺᠢᠨᠤ᠋ ᠶᠢᠨ ᠬᠡᠰᠡᠭ ᠦᠵᠡᠭᠳᠡᠯ

    《ᠡᠵᠢ ᠶᠢᠨ ᠨᠢᠰᠬᠦ ᠤᠨᠭᠭᠤᠴᠠᠨ ᠤ ᠪᠠᠭᠤᠳᠠᠯ》ᠲᠠᠢ ᠠᠳᠠᠯᠢ ᠪᠡᠷ ᠦᠪᠦᠷ ᠮᠤᠨᠭᠭᠤᠯ ᠤᠨ ᠦᠢ ᠤᠯᠠᠨ ᠦᠨᠳᠦᠰᠦᠲᠡᠨ ᠤ ᠺᠢᠨᠤ᠋ ᠨᠤᠭᠤᠳ ᠨᠢ ᠡᠴᠢᠨᠡᠨ ᠵᠢᠯ ᠤᠨ ᠲᠤᠷᠰᠢ ᠮᠤᠨᠭᠭᠤᠯ ᠺᠢᠨᠤ᠋ ᠤᠷᠠᠯᠢᠬ ᠢ ᠤᠯᠠᠨ ᠳᠠᠶᠠᠭᠠᠷ ᠲᠤ ᠬᠦᠷᠭᠡᠵᠦ᠂ ᠮᠤᠨᠭᠭᠤᠯ ᠰᠤᠶᠤᠯ ᠢ ᠤᠯᠠᠮᠵᠢᠯᠠᠬᠰᠠᠭᠠᠷ ᠢᠷᠡᠵᠡᠢ᠃

《ᠲᠠᠯ᠎ᠠ ᠨᠤᠲᠤᠬ ᠤᠨ ᠦᠷᠯᠦᠭᠡ ᠶᠢᠨ ᠤᠶᠠᠨᠭᠭ᠎ᠠ》ᠺᠢᠨᠤ᠋ ᠶᠢᠨ ᠬᠡᠰᠡᠭ ᠦᠵᠡᠭᠳᠡᠯ

《ᠲᠠᠯ᠎ᠠ ᠨᠤᠲᠤᠬ ᠤᠨ ᠬᠦᠮᠦᠰ》ᠺᠢᠨᠤ᠋ ᠶᠢᠨ ᠬᠡᠰᠡᠭ ᠦᠵᠡᠭᠳᠡᠯ

《ᠴᠢᠩᠬᠢᠰ ᠬᠠᠭᠠᠨ》ᠺᠢᠨᠤ᠋ ᠶᠢᠨ ᠵᠢᠷᠤᠬᠲᠤ ᠬᠠᠭᠤᠳᠠᠰᠤ

    58 ᠵᠢᠯ ᠤᠨ ᠲᠤᠷᠰᠢ ᠦᠪᠦᠷ ᠮᠤᠨᠭᠭᠤᠯ ᠨᠡᠶᠢᠲᠡ 300 ᠭᠠᠷᠤᠢ ᠦᠨᠳᠦᠰᠦᠲᠡᠨ ᠤ ᠺᠢᠨᠤ᠋ ᠵᠢ ᠪᠦᠲᠦᠭᠡᠭ᠍ᠰᠡᠨ ᠲᠡᠳᠦᠢ ᠦᠭᠡᠢ ᠮᠤᠨᠭᠭᠤᠯ ᠢᠶᠡᠷ ᠤᠷᠴᠢᠭᠤᠯᠤᠨ ᠦᠢᠯᠡᠳᠦᠭ᠍ᠰᠡᠨ ᠺᠢᠨᠤ᠋ 2000 ᠭᠠᠷᠤᠢ ᠳᠤ ᠬᠦᠷᠴᠦ᠂ ᠲᠤᠭ᠎ᠠ᠂ ᠴᠢᠨᠠᠷ᠂ ᠵᠢᠯ ᠳᠤᠮᠳᠠᠴᠢ ᠶᠢᠨ ᠦᠰᠦᠯᠲᠡ ᠪᠠ ᠬᠡᠪᠯᠡᠯ ᠤᠨ ᠡᠷᠬᠡ ᠵᠢ ᠦᠮᠴᠢᠯᠡᠬᠦ ᠬᠡᠮᠵᠢᠶᠡᠨ ᠤ ᠲᠠᠯ᠎ᠠ ᠪᠡᠷ ᠤᠯᠤᠰ ᠳᠠᠶᠠᠭᠠᠷ ᠤᠨ ᠦᠨᠳᠦᠰᠦᠲᠡᠨ ᠤ ᠺᠢᠨᠤ᠋ ᠨᠤᠭᠤᠳ ᠤᠨ ᠳᠤᠮᠳᠠ ᠲᠡᠷᠢᠬᠦᠯᠡᠬᠦ ᠪᠠᠶᠢᠷᠢᠨ ᠳᠤ ᠵᠢᠬᠰᠠᠵᠠᠢ᠃ 2003-2007 ᠤᠨ ᠤ ᠬᠤᠭᠤᠷᠤᠨᠳᠤ ᠪᠦᠲᠦᠭᠡᠭ᠍ᠳᠡᠭᠰᠡᠨ ᠴᠦᠭᠡᠨ ᠲᠤᠭᠠᠳᠤ ᠦᠨᠳᠦᠰᠦᠲᠡᠨ ᠤ 77 ᠺᠢᠨᠤ᠋  ᠶᠢᠨ ᠳᠤᠲᠤᠷ᠎ᠠ ᠦᠪᠦᠷ ᠮᠤᠨᠭᠭᠤᠯ ᠤᠨ ᠺᠢᠨᠤ᠋ 49 ᠪᠠᠶᠢᠵᠦ᠂ ᠮᠦᠨ ᠦᠶ᠎ᠡ ᠶᠢᠨ ᠦᠨᠳᠦᠰᠦᠲᠡᠨ ᠤ ᠤᠷᠤᠨ ᠳᠤ ᠪᠦᠲᠦᠭᠡᠭ᠍ᠰᠡᠨ ᠺᠢᠨᠤ᠋ ᠶ᠋ᠢᠨ ᠶᠡᠷᠦᠩᠬᠡᠢ ᠲᠤᠭᠠᠨ ᠤ 63.6% ᠵᠢ ᠡᠵᠡᠯᠡᠵᠡᠢ᠃ 2007-2015 ᠤᠨ ᠤ ᠬᠤᠭᠤᠷᠤᠨᠳᠤ ᠵᠢᠯ ᠳᠤ 5-7 ᠦᠨᠳᠦᠰᠦᠲᠡᠨ ᠤ ᠺᠢᠨᠤ᠋ ᠪᠦᠲᠦᠭᠡᠵᠦ᠂ ᠤᠷᠢᠳ ᠬᠤᠵᠢᠳ ᠤᠯᠤᠰ ᠤᠨ ᠲᠤᠳᠤᠭᠠᠳᠤ ᠭᠠᠳᠠᠭᠠᠳᠤ ᠶᠢᠨ 120 ᠭᠠᠷᠤᠢ ᠱᠠᠨᠭᠨᠠᠯ ᠢ ᠬᠦᠷᠲᠡᠨ᠂ 《ᠡᠵᠢ》᠂《ᠲᠠᠩᠺᠠ(唐卡)》᠂《ᠠᠷᠪᠠᠲᠤ》《ᠲᠠᠯ᠎ᠠ ᠨᠤᠲᠤᠬ ᠤᠨ ᠡᠵᠢ》《ᠰᠤᠮᠢᠶ᠎ᠡ ᠶᠢᠨ ᠰᠤᠨᠭᠭᠤᠯᠲᠠ》ᠵᠡᠷᠭᠡ ᠺᠢᠨᠤ᠋ ᠨᠤᠭᠤᠳ ᠨᠢ ᠬᠤᠸᠠ ᠪᠢᠶᠤᠤ ᠱᠠᠨᠭᠨᠠᠯ᠂ ᠠᠯᠲᠠᠨ ᠲᠠᠬᠢᠶ᠎ᠠ ᠱᠠᠨᠭᠨᠠᠯ ᠵᠡᠷᠭᠡ ᠠᠷᠪᠠᠭᠠᠳ ᠲᠦᠷᠦᠯ ᠤᠨ ᠤᠯᠤᠰ ᠤᠨ ᠲᠤᠳᠤᠭᠠᠳᠤ ᠭᠠᠳᠠᠭᠠᠳᠤ ᠶᠢᠨ ᠲᠤᠮᠤ ᠲᠤᠮᠤ ᠱᠠᠨᠭᠨᠠᠯ  ᠢ ᠭᠠᠷᠳᠠᠵᠠᠢ᠃ 2005 ᠤᠨ ᠳᠤ《ᠰᠠᠯᠬᠢᠨ ᠵᠡᠷᠭᠡᠳᠡ》ᠺᠢᠨᠤ᠋ ᠨᠢ 25 ᠳ᠋ᠤᠭᠠᠷ ᠬᠤᠭᠤᠴᠠᠭᠠᠨ ᠤ ᠬᠠᠸᠠᠶ᠊ᠢ ᠶᠢᠨ ᠤᠯᠠᠨ ᠤᠯᠤᠰ ᠤᠨ ᠺᠢᠨᠤ᠋ ᠨᠠᠭᠠᠳᠤᠮ ᠳᠤ ᠠᠽᠢᠶ᠎ᠠ ᠶᠢᠨ ᠺᠢᠨᠤ᠋ ᠶᠢᠨ ᠲᠤᠮᠤ ᠱᠠᠨᠭᠨᠠᠯ ᠢ ᠭᠠᠷᠳᠠᠬᠰᠠᠨ ᠪᠤᠯ 2011 ᠤᠨ ᠳᠤ 《ᠡᠵᠢ》ᠺᠢᠨᠤ᠋ ᠨᠢ ᠢᠷᠠᠺ ᠤᠨ ᠤᠯᠠᠨ ᠤᠯᠤᠰ ᠤᠨ ᠺᠢᠨᠤ᠋  ᠨᠠᠭᠠᠳᠤᠮ ᠳᠤ ᠬᠠᠮᠤᠬ ᠤᠨ ᠰᠢᠯᠢᠳᠡᠭ ᠺᠢᠨᠤ᠋ ᠪᠠ ᠬᠠᠮᠤᠬ ᠤᠨ ᠰᠢᠯᠢᠳᠡᠭ ᠵᠦᠴᠦᠭᠡ ᠨᠠᠶᠢᠷᠠᠭᠤᠯᠤᠬᠴᠢ ᠶᠢᠨ ᠱᠠᠨᠭᠨᠠᠯ ᠢ ᠲᠤᠰᠴᠤ᠂ 2015 ᠤᠨ ᠳᠤ 《ᠨᠤᠷᠵᠢᠮ᠎ᠠ》 ᠺᠢᠨᠤ᠋ ᠨᠢ 33 ᠳ᠋ᠤᠭᠠᠷ ᠬᠤᠭᠤᠴᠠᠭᠠᠨ ᠤ ᠢᠷᠡᠺ ᠤᠨ ᠤᠯᠠᠨ ᠤᠯᠤᠰ ᠤᠨ ᠺᠢᠨᠤ᠋ ᠨᠠᠭᠠᠳᠤᠮ ᠤᠨ ᠬᠠᠮᠤᠬ ᠤᠨ ᠰᠢᠯᠢᠳᠡᠭ ᠺᠢᠨᠤ᠋ ᠪᠠ ᠬᠠᠮᠤᠬ ᠤᠨ ᠰᠢᠯᠢᠳᠡᠭ ᠡᠮᠡᠭᠲᠡᠢ ᠲᠦᠷᠢ ᠶᠢᠨ ᠲᠤᠬᠯᠠᠬᠴᠢ ᠶᠢᠨ ᠱᠠᠨᠭᠨᠠᠯ ᠢ ᠭᠠᠷᠳᠠᠬᠰᠠᠨ ᠪᠢᠯᠡ᠃ ᠡᠬᠦᠨ ᠳᠤ 《ᠡᠵᠢ》ᠪᠠ《ᠨᠤᠷᠵᠢᠮ᠎ᠠ》 ᠳᠡᠬᠢ ᠡᠮᠡᠭᠲᠡᠢ ᠭᠤᠤᠯ ᠳᠦᠷᠢ ᠵᠢ ᠪᠦᠲᠦᠭᠡᠭ᠍ᠰᠡᠨ ᠮᠤᠨᠭᠭᠤᠯ ᠦᠨᠳᠦᠰᠦᠲᠡᠨ ᠤ ᠲᠤᠬᠯᠠᠬᠴᠢ ᠨᠠᠷᠠᠨᠬᠤᠸᠠᠷ ᠪᠤᠯᠤᠨ ᠪᠠᠳᠮ᠎ᠠ ᠬᠤᠶᠠᠷ ᠤᠯᠤᠰ ᠤᠨ ᠳᠤᠲᠤᠭᠠᠳᠤ ᠶᠢᠨ ᠺᠢᠨᠤ᠋ ᠨᠠᠭᠠᠳᠤᠮ ᠤᠨ ᠬᠦᠨᠳᠦ ᠡᠴᠡ ᠬᠦᠨᠳᠤ ᠵᠢᠩ ᠲᠠᠢ ᠠᠯᠲᠠᠨ ᠲᠠᠬᠢᠶ᠎ᠠ ᠱᠠᠨᠭᠨᠠᠯ ᠢᠶᠡᠷ ᠮᠢᠯᠢᠶᠠᠯᠭᠠᠵᠦ᠂ ᠺᠢᠨᠤ᠋ ᠪᠠᠬᠠᠲᠠᠳ ᠪᠠ ᠦᠨᠳᠦᠰᠦᠲᠡᠨ ᠤ ᠺᠢᠨᠤ᠋ ᠵᠢ ᠬᠠᠶᠢᠷᠠᠯᠠᠵᠦ ᠬᠠᠯᠠᠮᠵᠢᠯᠠᠳᠠᠬ ᠬᠦᠮᠦᠰ ᠤᠨ ᠢᠶᠡᠨ ᠪᠠᠬᠠᠷᠬᠠᠯ ᠪᠤᠯᠤᠬᠰᠠᠨ ᠰᠠᠨ᠃

ᠨᠠᠷᠠᠨᠬᠤᠸᠠᠷ ᠠᠯᠲᠠᠨ ᠲᠠᠬᠢᠶ᠎ᠠ ᠱᠠᠨᠭᠨᠠᠯ ᠢ ᠲᠤᠰᠴᠦ ᠪᠠᠶᠢᠭ᠎ᠠ

    ᠦᠨᠳᠦᠰᠦᠲᠡᠨ ᠤ ᠺᠢᠨᠤ᠋ ᠨᠢ ᠤᠯᠤᠰ ᠳᠠᠶᠠᠭᠠᠷ ᠲᠡᠷᠡᠴᠢᠯᠡᠨ ᠳᠡᠯᠡᠬᠡᠢ ᠶᠢᠨ ᠬᠦᠮᠦᠰ ᠤᠨ ᠲᠠᠭᠠᠰᠢᠶᠠᠯ ᠳᠤ ᠬᠦᠷᠴᠦ ᠶᠠᠪᠤᠭ᠎ᠠ ᠮᠤᠨᠭᠭᠤᠯ ᠳᠠᠭᠤᠤ ᠪᠦᠵᠢᠭ᠌ ᠲᠠᠢ ᠠᠳᠠᠯᠢ ᠪᠡᠷ ᠦᠨᠳᠦᠰᠦᠲᠡᠨ ᠤ ᠺᠢᠨᠤ᠋ ᠵᠢ ᠳᠠᠶᠠᠭᠠᠷ ᠲᠤ ᠲᠠᠨᠢᠭᠤᠯᠵᠦ᠂ ᠮᠤᠨᠭᠭᠤᠯ ᠰᠤᠶᠤᠯ ᠤᠨ ᠤᠬᠢ ᠰᠤᠳᠤ ᠵᠢ ᠳᠡᠯᠡᠬᠡᠢ ᠶᠢᠨ ᠲᠠᠶᠢᠰᠠᠨ᠎ᠠ ᠭᠠᠶᠢᠬᠠᠭᠤᠯᠵᠦ ᠶᠠᠪᠤᠨ᠎ᠠ᠃

ᠢᠷᠡᠯᠳᠡ᠄ ᠦᠪᠦᠷ ᠮᠤᠨᠭᠭᠤᠯ ᠤᠨ ᠰᠤᠨᠢᠨ ᠮᠡᠳᠡᠭᠡᠨ ᠤ ᠨᠧᠲ ᠪᠡᠯᠡᠳᠭᠡᠭ᠍ᠰᠡᠨ ᠨᠢ᠄ ᠰᠠᠷᠠᠨᠲᠤᠶᠠᠭ᠎ᠠ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011100001119712410