蒙古文网站Logo
ᠰᠢᠨᠬᠤᠸᠠ ᠮᠤᠩᠭ᠋ᠤᠯ ᠨᠧᠲ

ᠴᠠᠭᠠᠨ ᠰᠠᠷ᠎ᠠ ᠶᠢᠨ ᠴᠡᠭᠡᠷ ᠶᠤᠰᠤᠨ

2017-01-29 10:20

    ᠴᠠᠭᠠᠨ ᠰᠠᠷ᠎ᠠ ᠳ᠋ᠤ᠂ ᠢᠯᠠᠩᠭ᠋ᠤᠶ᠎ᠠ ᠴᠠᠭᠠᠨ ᠰᠠᠷ᠎ᠠ ᠶᠢᠨ ᠰᠢᠨ᠎ᠠ ᠶᠢᠨ ᠨᠢᠭᠡᠨ ᠳ᠋ᠤ ᠴᠠᠭᠡᠷᠯᠡᠨ ᠪᠤᠯᠭᠤᠮᠵᠢᠯᠠᠲᠠᠭ ᠶᠤᠰᠤᠨ᠃ ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠪᠤᠯ ᠤᠨ᠂ ᠰᠠᠷ᠎ᠠ᠂ ᠡᠲᠦᠷ ᠤᠨ ᠡᠬᠢ ᠪᠤᠯᠬᠤᠷ ᠰᠠᠢᠨ ᠰᠠᠢᠢᠬᠠᠨ ᠶᠢᠡᠷ ᠡᠬᠢᠯᠡᠬᠦ ᠶᠢ ᠦᠯᠵᠡᠢ ᠪᠡᠯᠭᠡ ᠪᠡᠷ ᠦᠵᠡᠵᠦ᠂ ᠮᠠᠭᠤ ᠮᠠᠭᠤᠬᠠᠢ ᠵᠦᠢᠯ ᠢ ᠮᠠᠭᠤ ᠶᠢᠨ ᠪᠡᠯᠭᠡᠲᠡᠯ ᠭᠡᠵᠦ ᠴᠡᠭᠡᠷᠯᠡᠲᠡᠭ ᠶᠤᠮ᠃ ᠪᠤᠵᠠᠷ ᠮᠠᠭᠤᠬᠠᠢ᠂ ᠴᠤᠭᠤᠷᠬᠠᠢ ᠬᠤᠪᠴᠠᠰᠤ ᠡᠮᠦᠰᠬᠦ ᠶᠢ ᠴᠡᠭᠡᠷᠯᠡᠨ᠎ᠡ᠃ ᠲᠡᠷᠡᠴᠢᠯᠡᠨ《 ᠦᠭᠡᠢ》᠂《ᠬᠤᠭᠤᠰᠤᠨ》᠂《ᠦᠬᠦᠬᠦ》᠂《ᠮᠦᠬᠦᠬᠦ》᠂《ᠤᠨᠲᠠᠷᠠᠬᠤ》ᠮᠡᠲᠦ   ᠶᠢᠨ ᠪᠡᠯᠭᠡ ᠲᠡᠮᠪᠡᠷᠢᠯ ᠦᠭᠡᠢ ᠦᠭᠡᠰ ᠢ ᠴᠤ ᠴᠡᠭᠡᠷᠯᠡᠲᠡᠭ᠃ ᠵᠠᠢᠢᠯᠠᠰᠢ ᠦᠭᠡᠢ ᠬᠡᠯᠡᠬᠦ ᠴᠢᠬᠤᠯᠠ ᠲᠠᠢ ᠦᠭᠡᠰ ᠢ ᠠᠯᠢ ᠪᠤᠯᠬᠤ ᠪᠡᠷ ᠡᠶᠡᠷᠡᠭᠦᠯᠵᠦ ᠬᠡᠯᠡᠬᠦ ᠪᠤᠶᠤ ᠲᠠᠯᠲᠠ ᠤᠳᠬ᠎ᠠ ᠲᠠᠢ ᠦᠭᠡ ᠪᠡᠷ ᠲᠠᠮ ᠮᠡᠲᠡᠭᠲᠡᠨ᠎ᠡ᠃ ᠡᠢᠢᠮᠦ ᠡᠴᠡ ᠮᠤᠩᠭ᠋ᠤᠯᠴᠤᠳ ᠰᠠᠢᠢᠬᠠᠨ ᠦᠭᠡ ᠶᠠᠷᠢᠬᠤ ᠶᠢ ᠶᠡᠷᠦ ᠳ᠋ᠡᠭᠡᠨ 《ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠤ ᠦᠭᠡ》 ᠶᠠᠷᠢᠵᠤ ᠪᠠᠢᠢᠨ᠎ᠠ ᠭᠡᠲᠡᠭ᠃ ᠲᠡᠭᠦᠨᠴᠢᠯᠡᠨ ᠮᠠᠯ ᠤᠨᠤᠭ᠎ᠠ ᠠᠷᠠᠴᠢᠯᠠᠵᠤ ᠬᠠᠷᠢᠭᠤᠯᠬᠤ ᠳ᠋ᠠᠭᠠᠨ ᠴᠤ ᠮᠠᠭᠤ ᠮᠠᠭᠤᠬᠠᠢ ᠦᠭᠡ ᠪᠡᠷ ᠬᠠᠷᠢᠶᠠᠵᠤ ᠵᠦᠬᠡᠲᠡᠭ ᠦᠭᠡᠢ ᠶᠤᠮ᠃ ᠬᠡᠦᠬᠡᠳ ᠪᠠᠭᠠᠴᠤᠳ ᠶᠢᠡᠨ ᠰᠤᠷᠭᠠᠵᠤ ᠬᠡᠯᠡᠬᠦ ᠳ᠋ᠡᠭᠡᠨ ᠴᠤ ᠠᠯᠢ ᠪᠤᠯᠬᠤ ᠪᠡᠷ ᠵᠦᠪ ᠰᠠᠢᠢᠬᠠᠨ᠂ ᠵᠦᠭᠡᠯᠡᠨ ᠦᠭᠡ ᠪᠡᠷ ᠤᠲᠤᠷᠢᠲᠤᠨ ᠶᠠᠷᠢᠨ᠎ᠠ᠃ ᠭᠤᠨᠢᠬᠠᠷᠬᠤ᠂ ᠭᠠᠰᠠᠯᠬᠤ᠂ ᠤᠬᠢᠯᠠᠬᠤ ᠶᠢ ᠮᠠᠭᠤ ᠢᠷᠤ᠎ᠠ ᠭᠡᠲᠡᠭ᠃ ᠢᠯᠠᠩᠭ᠋ᠤᠶ᠎ᠠ ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠳ᠋ᠤ ᠡᠢᠢᠮᠦᠷᠬᠦ ᠦᠵᠡᠭᠲᠡᠯ ᠭᠠᠷᠪᠠᠯ ᠪᠦᠬᠦᠯᠢ ᠵᠢᠯ ᠳ᠋ᠤ ᠮᠠᠭᠤ ᠢᠷᠤ᠎ᠠ ᠪᠤᠯᠤᠨ᠎ᠠ ᠭᠡᠲᠡᠭ᠃ ᠡᠴᠢᠬᠡ ᠡᠬᠡ ᠨᠢ ᠦᠩᠭᠡᠷᠡᠭᠰᠡᠨ ᠵᠢᠯ ᠨᠠᠰᠤ ᠪᠠᠷᠠᠭᠰᠠᠨ ᠪᠤᠯ ᠴᠠᠭᠠᠨ ᠰᠠᠷ᠎ᠠ ᠳ᠋ᠤ ᠬᠠᠲᠠᠭ ᠰᠠᠮᠪᠠᠢ ᠪᠠᠷᠢᠵᠤ ᠵᠤᠯᠭᠠᠵᠤ ᠰᠢᠨᠡᠯᠡᠬᠦ᠂ ᠤᠯᠠᠨ ᠠᠢᠢᠯ ᠶᠢᠡᠷ ᠠᠢᠢᠯᠴᠢᠯᠠᠨ ᠶᠠᠪᠤᠬᠤ᠂ ᠬᠡᠵᠢᠭᠡ ᠦᠰᠦ ᠪᠠᠨ ᠠᠪᠬᠤ ᠶᠢ ᠴᠡᠭᠡᠷᠯᠡᠲᠡᠭ᠃ ᠢᠯᠠᠩᠭ᠋ᠤᠶ᠎ᠠ ᠠᠷᠢᠬᠢ ᠲᠠᠷᠠᠰᠤ ᠤᠤᠭᠤᠵᠤ ᠲᠠᠭᠤᠯᠠᠯᠲᠤᠨ ᠬᠦᠬᠡᠷᠦᠯᠲᠦᠬᠦ ᠶᠢ ᠴᠡᠭᠡᠷᠯᠡᠲᠡᠭ᠃ ᠦᠨᠳᠦᠷ ᠨᠠᠰᠤᠲᠠᠨ ᠠᠬᠠᠮᠠᠳ ᠬᠦᠮᠦᠨ ᠲᠠᠢ ᠵᠤᠯᠭᠠᠬᠤ ᠳ᠋ᠠᠭᠠᠨ《ᠰᠢᠨ᠎ᠡ ᠶᠢᠨ ᠲᠤᠯᠤᠭᠠᠢ ᠪᠠᠷᠢᠵᠤ ᠪᠠᠢᠢᠨ᠎ᠠ!》ᠭᠡᠵᠦ ᠬᠡᠯᠡᠭᠡᠳ ᠮᠦᠷᠬᠦᠨ᠎ᠡ᠃ ᠪᠤᠰᠤᠳ ᠠᠢᠢᠯᠴᠢᠨ ᠮᠦᠨ ᠠᠳᠠᠯᠢᠬᠠᠨ ᠠᠢᠢᠯᠴᠢᠯᠠᠨ ᠬᠦᠷᠲᠡᠭ ᠴᠤ ᠲᠡᠭᠡᠵᠦ ᠨᠠᠢᠢᠷᠯᠠᠲᠠᠭ ᠦᠭᠡᠢ᠃ ᠴᠠᠢ᠂ ᠬᠤᠭᠤᠯᠠ ᠠᠮᠰᠠᠨ ᠶᠤᠰᠤ ᠬᠦᠢᠴᠡᠳᠭᠡᠪᠡᠯ ᠪᠤᠯᠴᠢᠬᠠᠲᠠᠭ᠃ ᠪᠤᠰᠤᠳ ᠬᠦᠮᠦᠨ ᠮᠡᠲᠡᠬᠦ ᠦᠭᠡᠢ ᠪᠤᠶᠤ ᠡᠨᠳᠡᠬᠦᠷᠡᠭᠡᠳ ᠬᠠᠲᠠᠭ ᠰᠠᠮᠪᠠᠢ ᠪᠠᠷᠢᠵᠤ ᠵᠤᠯᠭᠠᠬᠤ ᠭᠡᠪᠡᠯ《ᠪᠢ ᠰᠢᠨᠡᠯᠡᠲᠡᠭ ᠦᠭᠡᠢ ᠶᠤᠮ》ᠭᠡᠳ ᠭᠠᠷ ᠶᠢᠡᠨ ᠠᠷᠤ ᠳ᠋ᠠᠭᠠᠨ ᠨᠢᠭᠤᠨ᠎ᠠ᠃ ᠢᠩᠭᠢᠪᠡᠯ ᠡᠴᠢᠬᠡ ᠡᠬᠡ ᠨᠢ ᠨᠦᠭᠴᠢᠭᠡᠳ ᠴᠠᠭᠠᠯᠲᠠ ᠲᠠᠢ ᠪᠠᠢᠢᠬᠤ ᠶᠢ ᠬᠦᠮᠦᠨ ᠮᠡᠲᠡᠴᠢᠬᠡᠨ᠎ᠡ᠃ ᠡᠨᠡ ᠦᠶ᠎ᠠ (ᠴᠠᠭᠠᠨ ᠰᠠᠷ᠎ᠠ ᠶᠢᠨ ᠵᠤᠯᠭᠠᠯᠲᠠ) ᠳ᠋ᠤ ᠬᠡᠵᠢᠶ᠎ᠠ᠂ ᠶᠠᠮᠠᠷ ᠬᠦᠮᠦᠨ ᠴᠢᠨᠢ᠂ ᠶᠠᠭᠠᠬᠢᠵᠤ ᠨᠠᠰᠤ ᠪᠠᠷᠠᠪᠠ ᠭᠡᠬᠦ ᠮᠡᠲᠦ ᠪᠡᠷ ᠤᠬᠤᠴᠢᠯᠠᠵᠤ ᠠᠰᠠᠭᠤᠬᠤ ᠶᠢ ᠴᠡᠭᠡᠷᠯᠡᠲᠡᠭ᠃ ᠴᠠᠭᠠᠨ ᠰᠠᠷ᠎ᠠ ᠳ᠋ᠤ ᠭᠠᠲᠠᠭᠰᠢ ᠡᠳ᠋ ᠶᠠᠭᠤᠮ᠎ᠠ ᠵᠢᠭᠡᠯᠡᠬᠦᠯᠵᠦ ᠦᠭ᠍ᠪᠡᠯ ᠭᠠᠷᠤᠵᠠ ᠭᠠᠷᠤᠯᠭ᠎ᠠ ᠶᠢᠨ ᠡᠭᠦᠲᠡ ᠨᠡᠭᠡᠭᠡᠭ᠍ᠲᠡᠨ᠎ᠡ ᠭᠡᠵᠦ ᠴᠡᠭᠡᠷᠯᠡᠲᠡᠭ᠃ ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠤ ᠦᠷᠯᠦᠭᠡ ᠵᠤᠯᠠ ᠶᠢᠨ ᠭᠤᠤᠯ ᠢ ᠬᠠᠭᠤᠴᠢᠨ ᠭᠠᠯ ᠤᠨ ᠴᠤᠭ ᠴᠤᠴᠠᠯᠢ ᠪᠡᠷ ᠠᠰᠠᠭᠠᠬᠤ ᠶᠢ ᠴᠡᠭᠡᠷᠯᠡᠵᠦ ᠵᠠᠪᠠᠯ ᠰᠢᠨ᠎ᠡ ᠭᠠᠯ ᠶᠢᠡᠷ ᠠᠰᠠᠭᠠᠨ᠎ᠠ᠂ ᠤᠴᠢᠷ ᠨᠢ ᠰᠢᠨ᠎ᠡ ᠤᠨ ᠳ᠋ᠤ ᠠᠯᠢᠪᠠ ᠪᠦᠬᠦᠨ ᠰᠢᠨ᠎ᠡ ᠪᠡᠷ ᠡᠬᠢᠯᠡᠬᠦ ᠶᠢᠨ ᠪᠡᠯᠭᠡ ᠲᠡᠮᠪᠡᠷᠢᠯ ᠪᠤᠯᠭᠠᠨ ᠪᠡᠯᠭᠡᠰᠢᠶᠡᠲᠡᠭ᠂ ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠳ᠋ᠤ ᠠᠢᠢᠯ ᠳ᠋ᠤ ᠬᠤᠨᠤᠬᠤ ᠶᠢ ᠴᠡᠭᠡᠷᠯᠡᠨ᠎ᠡ᠂ ᠬᠡᠷᠪᠡ ᠬᠤᠨᠤᠪᠠᠯ ᠲᠡᠷᠡ ᠵᠢᠯ ᠳ᠋ᠡᠭᠡᠨ ᠬᠡᠷ ᠲᠡᠭᠡᠨ ᠲᠤᠭᠲᠠᠬᠤ ᠦᠭᠡᠢ ᠬᠡᠰᠦᠬᠦᠴᠢᠯᠡᠨ᠎ᠡ ᠭᠡᠲᠡᠭ᠃ ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠳ᠋ᠤ ᠦᠨᠡᠰᠦ ᠬᠤᠭ ᠶᠢᠡᠨ ᠭᠠᠷᠭᠠᠬᠤ ᠶᠢ ᠴᠡᠭᠡᠷᠯᠡᠨ᠎ᠡ᠃ ᠦᠨᠡᠰᠦ ᠬᠤᠭ ᠶᠢᠡᠨ ᠵᠠᠪᠠᠯ ᠰᠢᠨ᠎ᠡ ᠵᠢᠯ ᠡᠴᠡ ᠡᠮᠦᠨ᠎ᠡ ᠭᠠᠷᠭᠠᠵᠤ᠂ ᠤᠷᠤᠨ ᠭᠡᠷ ᠶᠢᠡᠨ ᠴᠠᠮᠴᠠᠢᠢᠲᠠᠯ᠎ᠠ ᠴᠡᠪᠡᠷᠯᠡᠬᠦ ᠬᠡᠷᠡᠭᠲᠡᠢ᠃ ᠦᠩᠭᠡ ᠵᠢᠪᠬᠤᠭᠠᠲᠠᠢ ᠰᠢᠨᠡᠯᠡᠬᠦ ᠨᠢ ᠲᠡᠷᠡ ᠵᠢᠯ ᠳ᠋ᠡᠭᠡᠨ ᠴᠤᠭ ᠵᠤᠯᠪᠤᠭᠠᠲᠠᠢ ᠪᠠᠢᠢᠬᠤ ᠶᠢᠨ ᠪᠡᠯᠭᠡᠰᠢᠶᠡᠯ ᠪᠤᠯᠭᠠᠲᠠᠭ᠃ ᠴᠠᠭᠠᠨ ᠰᠠᠷ᠎ᠠ ᠶᠢᠨ ᠰᠢᠨ᠎ᠡ ᠶᠢᠨ ᠲᠤᠯᠤᠭᠠᠨ ᠳ᠋ᠤ ᠠᠢᠢᠯ ᠳ᠋ᠤ ᠤᠴᠢᠬᠤ ᠶᠢ ᠴᠡᠭᠡᠷᠯᠡᠲᠡᠭ᠂ ᠤᠴᠢᠷ ᠨᠢ ᠡᠨᠡ ᠡᠲᠦᠷ ᠢ ᠬᠠᠷ᠎ᠠ ᠡᠲᠦᠷ ᠭᠡᠲᠡᠭ᠃ ᠰᠢᠨᠡᠯᠡᠬᠦ ᠳ᠋ᠡᠭᠡᠨ ᠭᠡᠷᠡᠯ ᠭᠡᠭᠡ ᠦᠭᠡᠢ ᠬᠠᠷᠠᠩᠭ᠋ᠤᠢ ᠪᠠᠢᠢᠬᠤ ᠶᠢ ᠴᠡᠭᠡᠷᠯᠡᠵᠦ ᠵᠠᠪᠠᠯ ᠭᠠᠯ ᠲᠦᠯᠡᠵᠦ ᠭᠡᠷᠡᠯ ᠭᠠᠷᠭᠠᠭᠠᠳ ᠬᠡᠢᠢᠮᠤᠷᠢ ᠪᠠᠨ ᠮᠠᠨᠲᠤᠭᠤᠯᠤᠨ ᠰᠢᠨᠡᠯᠡᠨ᠎ᠠ᠂ ᠡᠰᠡ ᠲᠡᠭᠡᠪᠡᠯ ᠲᠡᠷᠡ ᠵᠢᠯ ᠳ᠋ᠡᠭᠡᠨ ᠠᠵᠢᠯ ᠦᠢᠯᠡᠰ ᠪᠦᠲᠦᠮᠵᠢ ᠦᠭᠡᠢ᠂ ᠠᠯᠢᠪᠠ ᠵᠦᠢᠯ ᠳ᠋ᠤ ᠮᠤᠬᠤᠷᠲᠠᠨ᠎ᠠ ᠭᠡᠲᠡᠭ᠃

ᠢᠷᠡᠯᠳᠡ᠄ ᠰᠢᠨᠬᠤᠸᠠ ᠮᠤᠩᠭ᠋ᠤᠯ ᠨᠸᠲ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • ᠠᠰᠬ᠎ᠠ ᠬᠠᠳᠠᠨ ᠤ ᠢᠷᠮᠡᠭ ᠲᠡᠭᠢ 《ᠲᠡᠭ᠍ᠷᠢ ᠵᠡᠭᠡᠯᠢ》
  • 《ᠮᠢᠨᠦ ᠰᠠᠢᠢᠬᠠᠨ ᠮᠤᠩᠭ᠋ᠤᠯ ᠬᠡᠯᠡ》 ᠤᠷᠲᠤᠰ ᠬᠤᠲᠠ ᠶᠢᠨ ᠤᠯᠠᠭᠠᠭᠴᠢᠨ ᠲᠠᠬᠢᠶ᠎ᠠ ᠵᠢᠯ ᠤᠨ ᠪᠠᠭᠠᠴᠤᠳ ᠬᠡᠦᠬᠡᠳ ᠤᠨ ᠴᠠᠭᠠᠨ ᠰᠠᠷ᠎ᠠ ᠶᠢᠨ ᠦᠲᠡᠰᠢᠯᠡᠭᠡ (ᠨᠢᠭᠡ )
  • ᠲᠡᠭᠡᠳᠦ ᠮᠤᠩᠭ᠋ᠤᠯ ᠤᠨ ᠤᠲᠤᠳ ᠤᠨ ᠤᠯᠠᠭᠠᠭᠴᠢᠨ ᠲᠠᠬᠢᠶ᠎ᠠ ᠵᠢᠯ ᠤᠨ ᠰᠠᠷ᠎ᠠ ᠰᠢᠨ᠎ᠡ ᠶᠢᠨ ᠲᠠᠭᠤᠤ ᠬᠦᠭ᠍ᠵᠢᠮ ᠤᠨ ᠴᠢᠭᠤᠯᠭᠠᠨ ( ᠨᠢᠭᠡ )
  • ᠦᠪᠦᠷ ᠮᠤᠨᠭᠭᠤᠯ ᠳᠡᠬᠢ ᠯᠢᠶᠤᠤ ᠭᠦᠷᠦᠨ ᠤ ᠲᠠᠲᠠᠪᠤᠷᠢ ᠶᠢᠨ ᠤᠨᠭᠭᠤᠨ ᠡᠴᠡ ᠶᠡᠬᠡ ᠬᠡᠮᠵᠢᠶᠡᠨ ᠤ ᠠᠯᠲᠠ ᠮᠦᠩᠭᠦᠨ ᠰᠢᠭᠢᠳᠬᠡᠭᠡᠷᠢ ᠲᠠᠢ ᠱᠠᠭᠠᠵᠠᠩ ᠰᠠᠪᠠ ᠤᠯᠳᠠᠪᠠ
关闭
010070230030000000000000011120791120391950