蒙古文网站Logo
ᠰᠢᠨᠬᠤᠸᠠ ᠮᠤᠩᠭ᠋ᠤᠯ ᠨᠧᠲ

15 ᠳᠦᠮᠡᠨ ᠨᠤᠮ ᠬᠠᠳᠠᠭᠠᠯᠠᠭᠰᠠᠨ ᠳᠤᠮᠤ ᠪᠠᠶᠠᠨ

2017-02-10 11:55

    ᠬᠦᠬᠡᠬᠤᠳᠠ ᠶᠢᠨ ᠤᠤᠭᠠᠯ ᠸᠠᠩ ᠵᠢᠢ ᠴᠦᠨ ᠢ ᠬᠠᠪᠢ ᠵᠡᠷᠬᠡᠯᠡᠳᠡᠬᠡ ᠶᠢᠨ ᠬᠢᠨ 《ᠰᠠᠩ ᠤᠨ ᠳᠠᠷᠤᠭ᠎ᠠ》 ᠬᠡᠵᠤ ᠳᠠᠭᠤᠳᠠᠳᠠᠭ᠃ ᠤᠴᠢᠷ ᠨᠢ ᠳᠡᠬᠦᠨ ᠤ 200 ᠺᠦᠧᠠᠳ᠋ ᠮᠧᠲ᠋ᠷ ᠳᠠᠯᠠᠪᠠᠢ ᠲᠠᠢ ᠬᠡᠷ ᠲᠤ 8 ᠳᠦᠮᠡᠨ ᠨᠤᠮ ᠬᠠᠳᠠᠭᠠᠯᠠᠭᠳᠠᠵᠤ ᠶᠠᠭ ᠯᠠ ᠨᠤᠮ ᠤᠨ ᠰᠠᠩ ᠰᠢᠬ ᠪᠤᠯᠵᠠᠢ᠃ ᠳᠡᠬᠦᠨ ᠤ ᠬᠠᠳᠠᠭᠠᠯᠠᠭᠰᠠᠨ ᠨᠤᠮ ᠡᠬᠦᠨ ᠢᠶᠡᠷ ᠯᠡ ᠵᠤᠭᠰᠤᠬᠤ ᠦᠬᠡᠢ᠂ ᠪᠤᠰᠤᠳ ᠭᠠᠵᠠᠷ ᠲᠤ ᠳᠠᠯᠪᠢᠵᠤ ᠪᠠᠶᠢᠬᠤ ᠪᠡᠨ ᠪᠠᠭᠳᠠᠭᠠᠭᠠᠳ ᠨᠡᠶᠢᠳᠡ 15 ᠳᠦᠮᠡᠨ ᠨᠤᠮ ᠲᠠᠢ ᠬᠡᠨ᠎ᠡ᠃

    ᠡᠳᠡᠬᠡᠷ ᠨᠤᠮ ᠤᠳ ᠢᠶᠡᠨ ᠸᠠᠩ ᠵᠢᠢ ᠴᠦᠨ 30 ᠭᠠᠷᠤᠢ ᠵᠢᠯ ᠴᠤᠭᠯᠠᠭᠤᠯᠵᠤ ᠶᠠᠪᠤᠵᠠᠢ᠃ ᠦᠪᠡᠷ ᠢᠶᠡᠨ ᠨᠤᠮ ᠦᠵᠡᠬᠦ ᠳᠤᠷᠠᠳᠠᠢ᠂ ᠨᠤᠮ ᠬᠠᠳᠠᠭᠠᠯᠠᠬᠤ ᠪᠠᠬ᠎ᠠ ᠲᠠᠢ᠂ ᠨᠤᠮ ᠪᠢᠴᠢᠬᠦ ᠰᠤᠨᠢᠷᠬᠠᠯ ᠲᠠᠢ ᠳᠡᠷᠡᠪᠡᠷ ᠳᠡᠬᠡᠷ᠎ᠡ ᠵᠠᠭᠤᠨ ᠤ ᠶᠡᠷᠡᠬᠡᠳ ᠤᠨ ᠳᠤ ᠬᠠᠶᠠᠭᠳᠠᠮᠠᠯ ᠡᠳ᠋ ᠴᠤᠭᠯᠠᠭᠤᠯᠳᠠᠭ ᠭᠠᠵᠠᠷ ᠡᠴᠡ ᠵᠢᠩ ᠳ᠋ᠡᠬᠡᠨ 50 ᠮᠦᠩᠬᠦ ᠪᠡᠷ ᠮᠠᠰᠢ ᠤᠯᠠᠨ ᠨᠤᠮ ᠬᠤᠳᠠᠯᠳᠤᠵᠤ ᠠᠪᠴᠠᠢ᠃ ᠳᠡᠬᠦᠨ ᠤ ᠬᠠᠳᠠᠭᠠᠯᠠᠵᠤ ᠪᠠᠶᠢᠭ᠎ᠠ ᠨᠤᠮ ᠤᠳ ᠤᠨ ᠶᠡᠬᠡᠩᠬᠢ ᠨᠢ ᠦᠪᠦᠷ ᠮᠤᠩᠭᠤᠯ ᠤᠨ ᠬᠠᠮᠢᠶᠠᠳᠠᠢ ᠠᠭᠤᠯᠭ᠎ᠠ ᠪᠠᠶᠢᠵᠤ᠂ ᠵᠦᠪᠬᠡᠨ 103 ᠬᠤᠰᠢᠭᠤ ᠰᠢᠶᠠᠨ ᠤ ᠤᠶᠢᠯᠠᠯᠭ᠎ᠠ ᠳᠠᠷᠤᠢ 1 ᠳᠦᠮᠡ ᠭᠠᠷᠤᠢ ᠳᠡᠪᠳᠡᠷ ᠪᠤᠢ᠃

    《ᠪᠢ ᠦᠪᠦᠷ ᠮᠤᠩᠭᠤᠯ ᠳᠤ ᠦᠰᠴᠤ ᠳᠦᠷᠦᠭᠰᠡᠨ ᠬᠦᠮᠦᠨ᠂ ᠡᠨᠡ ᠨᠤᠳᠤᠭ ᠤᠰᠤᠨ ᠳ᠋ᠠᠭᠠᠨ ᠮᠠᠰᠢ ᠬᠠᠶᠢᠷᠠᠳᠠᠢ》 ᠬᠡᠵᠤ ᠸᠠᠩ ᠵᠢᠢ ᠴᠦᠨ ᠬᠡᠯᠡᠯ᠎ᠡ᠃ ᠶᠡᠬᠡ ᠬᠡᠮᠵᠢᠶᠡᠨ ᠪ ᠨᠤᠮ ᠬᠤᠷᠢᠶᠠᠵᠤ ᠬᠠᠳᠠᠭᠠᠯᠠᠬᠤ ᠪᠡᠷ ᠳᠠᠮᠵᠢᠭᠤᠯᠤᠨ ᠦᠪᠡᠷᠳᠡᠬᠡᠨ ᠵᠠᠰᠠᠬᠤ ᠤᠷᠤᠨ ᠤ ᠬᠤᠪᠤᠷ ᠴᠤᠬᠠᠭ ᠳᠡᠤᠬᠡᠨ ᠮᠠᠲ᠋ᠧᠷᠢᠶᠠᠯ ᠢ ᠬᠠᠳᠠᠭᠠᠯᠠᠵᠤ ᠦᠯᠡᠳᠡᠬᠡᠬᠦ ᠬᠡᠰᠡᠨ ᠨᠢ ᠳᠡᠬᠦᠨ ᠤ ᠮᠦᠷᠦᠬᠡᠳᠦᠯ᠂ ᠮᠦᠨ ᠴᠤ ᠦᠪᠡᠷ ᠤᠨ ᠬᠢᠨᠢ ᠠᠮᠢᠳᠤᠷᠠᠯ ᠤᠨ ᠦᠷᠳᠡᠭ ᠪᠠᠶᠢᠯ᠎ᠠ᠃

ᠢᠷᠡᠯᠳᠡ᠄ ᠦᠪᠦᠷ ᠮᠤᠩᠭᠤᠯ ᠤᠨ ᠡᠳᠦᠷ ᠤᠨ ᠰᠤᠨᠢᠨ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • ᠠᠰᠬ᠎ᠠ ᠬᠠᠳᠠᠨ ᠤ ᠢᠷᠮᠡᠭ ᠲᠡᠭᠢ 《ᠲᠡᠭ᠍ᠷᠢ ᠵᠡᠭᠡᠯᠢ》
  • 《ᠮᠢᠨᠦ ᠰᠠᠢᠢᠬᠠᠨ ᠮᠤᠩᠭ᠋ᠤᠯ ᠬᠡᠯᠡ》 ᠤᠷᠲᠤᠰ ᠬᠤᠲᠠ ᠶᠢᠨ ᠤᠯᠠᠭᠠᠭᠴᠢᠨ ᠲᠠᠬᠢᠶ᠎ᠠ ᠵᠢᠯ ᠤᠨ ᠪᠠᠭᠠᠴᠤᠳ ᠬᠡᠦᠬᠡᠳ ᠤᠨ ᠴᠠᠭᠠᠨ ᠰᠠᠷ᠎ᠠ ᠶᠢᠨ ᠦᠲᠡᠰᠢᠯᠡᠭᠡ (ᠨᠢᠭᠡ )
  • ᠲᠡᠭᠡᠳᠦ ᠮᠤᠩᠭ᠋ᠤᠯ ᠤᠨ ᠤᠲᠤᠳ ᠤᠨ ᠤᠯᠠᠭᠠᠭᠴᠢᠨ ᠲᠠᠬᠢᠶ᠎ᠠ ᠵᠢᠯ ᠤᠨ ᠰᠠᠷ᠎ᠠ ᠰᠢᠨ᠎ᠡ ᠶᠢᠨ ᠲᠠᠭᠤᠤ ᠬᠦᠭ᠍ᠵᠢᠮ ᠤᠨ ᠴᠢᠭᠤᠯᠭᠠᠨ ( ᠨᠢᠭᠡ )
  • ᠦᠪᠦᠷ ᠮᠤᠨᠭᠭᠤᠯ ᠳᠡᠬᠢ ᠯᠢᠶᠤᠤ ᠭᠦᠷᠦᠨ ᠤ ᠲᠠᠲᠠᠪᠤᠷᠢ ᠶᠢᠨ ᠤᠨᠭᠭᠤᠨ ᠡᠴᠡ ᠶᠡᠬᠡ ᠬᠡᠮᠵᠢᠶᠡᠨ ᠤ ᠠᠯᠲᠠ ᠮᠦᠩᠭᠦᠨ ᠰᠢᠭᠢᠳᠬᠡᠭᠡᠷᠢ ᠲᠠᠢ ᠱᠠᠭᠠᠵᠠᠩ ᠰᠠᠪᠠ ᠤᠯᠳᠠᠪᠠ
关闭
010070230030000000000000011120701120443896