ᠲᠠᠯ᠎ᠠ ᠳᠤ ᠤᠶᠠᠩᠭᠠᠷᠠᠭᠰᠠᠨ ᠲᠠᠭᠤᠤ ᠲᠡᠭᠷᠢ ᠳᠤ ᠰᠤᠯᠤᠩᠭᠠᠷᠠᠭᠰᠠᠨ ᠨᠤᠲ 2017-02-10 15:37

ᠤᠯᠤᠰ ‍ᠤᠨ ᠨᠢᠬᠡᠳᠤᠬᠡᠷ ᠲᠠᠰ ‍ᠤᠨ ᠬᠦᠭ᠍ᠵᠢᠮ ᠤᠨ ᠵᠤᠬᠢᠶᠠᠭᠴᠢ -- ᠱ• ᠬᠠᠰ

    《ᠲᠠᠭᠣᠣ ᠬᠦᠭ᠍ᠵᠢᠮ ᠪᠣᠯ ᠮᠢᠨᠣ ᠬᠣᠶᠠᠳᠣᠭᠠᠷ ᠠᠮᠢ ᠨᠠᠰᠣ᠃ ᠪᠢ ᠡᠨᠡᠬᠦ ᠠᠵᠠ ᠲᠠᠢ ᠰᠠᠶᠢᠬᠠᠨ ᠨᠠᠰᠤᠨ ᠳ᠋ᠠᠭᠠᠨ ᠪᠦᠬᠦ ᠣᠶᠣᠨ ᠣᠬᠠᠭᠠᠨ ᠪᠠ ᠬᠦᠴᠦᠨ ᠴᠢᠳᠠᠯ ᠵᠢᠡᠨ ᠰᠢᠪᠬᠠᠵᠣ᠂ ᠭᠣᠶᠢᠲᠠ ᠰᠠᠶᠢᠬᠠᠨ ᠲᠠᠭᠣᠣ ᠬᠦᠭ᠍ᠵᠢᠮ ᠵᠤᠬᠢᠶᠠᠨ᠂ ᠲᠡᠥᠬᠡᠨ ᠪᠣᠯᠪᠠᠰᠣᠨ ‍ᠢ ᠣᠯᠠᠮᠵᠢᠯᠡᠨ ᠬᠦᠭ᠍ᠵᠢᠭᠥᠯᠵᠣ᠂ ᠠᠮᠢᠳᠣᠷᠠᠯ ‍ᠤᠨ ᠲᠣᠯᠣᠭᠠᠨ ᠦᠩᠭᠡ ᠲᠠᠪᠣᠨ ᠠᠮᠲᠠ ᠶ᠋ᠢ ᠵᠢᠷᠣᠠᠠᠯᠡᠨ᠂ ᠦᠨᠳᠣᠰᠣᠲᠡᠨ ᠤ ᠲᠠᠭᠣᠣ ᠬᠦᠭ᠍ᠵᠢᠮ ‍ᠤᠨ ᠲᠣᠮᠣ ᠠᠰᠠᠷ ᠲᠤ ᠬᠡᠰᠡᠭ ᠲᠣᠭᠣᠰᠬ᠎ᠠ ᠬᠡᠮᠬᠡᠷᠡᠢ ᠸᠠᠭᠠᠷ ᠴᠤ ᠭᠡᠰᠡᠨ ᠡᠷᠭᠥᠵᠣ ᠶᠠᠪᠣᠶ᠎ᠠ!》 ᠬᠡᠵᠤ ᠴᠢᠡᠭᠭ᠎ᠠ ᠪᠤᠳᠤᠵᠤ᠂ ᠲᠡᠭᠦᠨ ᠢ ᠪᠡᠨ ᠪᠡᠶᠡᠯᠡᠭᠦᠯᠵᠦ ᠶᠠᠪᠤᠭ᠎ᠠ ᠬᠦᠮᠤᠨ ᠪᠤᠯ ᠬᠤᠷᠴᠢᠨ ᠵᠡᠬᠦᠨ ᠭᠠᠷᠤᠨ ᠲᠤᠮᠳᠠᠳᠤ ᠬᠤᠰᠢᠭᠤᠨ ‍ᠤ ᠵᠤᠬᠢᠶᠠᠨ ᠨᠠᠶᠢᠷᠠᠭᠤᠯᠬᠤ ᠠᠯᠪᠠᠨ ᠤ ᠡᠷᠬᠢᠯᠡᠭᠴᠢ᠂ ᠤᠯᠤᠰ ‍ᠤᠨ ᠨᠢᠬᠡᠳᠤᠬᠡᠷ ᠲᠠᠰ ‍ᠤᠨ ᠬᠦᠭ᠍ᠵᠢᠮ ᠤᠨ ᠵᠤᠬᠢᠶᠠᠭᠴᠢ᠂《 ᠰᠠᠷᠠᠨ᠎ᠠ 》 ᠱᠠᠡᠭᠨᠠᠯ ‍ᠤᠨ ᠡᠵᠠᠨ -- ᠱ•ᠬᠠᠰ ᠪᠤᠯᠤᠨ᠎ᠠ᠃

    1963 ᠤᠨ ᠤ 12 ᠰᠠᠷ᠎ᠠ ᠳ᠋ᠦ ᠦᠩ ᠰᠢᠮᠡᠯᠢᠭ᠌ ᠨᠤᠳᠤᠬ ᠪᠡᠯᠴᠢᠭᠡᠷ ᠲᠠᠢ᠂ ᠦᠪ ᠵᠤᠵᠠᠭᠠᠨ ᠲᠡᠦᠬᠡ ᠰᠤᠶᠤᠯ ᠲᠠᠢ ᠬᠤᠷᠴᠢᠨ ᠵᠡᠬᠦᠨ ᠭᠠᠷᠤᠨ ᠲᠤᠮᠳᠠᠳᠤ ᠬᠤᠰᠢᠭᠤᠨ ‍ᠤ ᠱᠧᠪᠡᠷᠳᠤ ᠪᠠᠯᠭᠠᠰᠤᠨ ᠳᠤ ᠲᠦᠷᠦᠵᠤ ᠦᠰᠦᠭᠰᠡᠨ ᠲᠡᠷᠡᠪᠡᠷ᠂ ᠠᠩᠬᠠᠨ ᠤ ᠪᠦᠳᠦᠭᠡᠯ《ᠵᠠᠯᠠᠭᠣ ᠨᠠᠰᠣ》 ᠲᠠᠭᠣᠣ ᠪᠠᠨ《ᠲᠠᠯ᠎ᠠ ᠶ᠋ᠢᠨ ᠲᠠᠭᠣᠯᠠᠯ 》ᠰᠡᠳᠭᠦᠯ ᠳᠤ ᠨᠠᠶᠢᠳᠠᠯᠡᠬᠦᠯᠦᠭᠰᠡᠨ ᠡᠴᠠ ᠠᠪᠤᠭᠠᠳ 30 ᠭᠠᠷᠤᠢ ᠵᠢᠯ ‍ᠤᠨ ᠲᠤᠷᠰᠢ 1000 ᠭᠠᠷᠤᠢ ᠲᠠᠭᠤᠤ ᠬᠦᠭ᠍ᠵᠢᠮ ᠵᠤᠬᠢᠶᠠᠨ ᠨᠠᠶᠢᠷᠠᠭᠤᠯᠵᠤ᠂ ᠦᠪᠡᠷ ᠢᠶᠡᠨ ᠰᠤᠨᠤᠷ ᠮᠠᠭᠤ ᠴᠤ ᠦᠷᠦᠬᠡᠯ ᠤᠨ ᠰᠤᠨᠤᠷ ᠢ ᠪᠤᠶᠠᠨᠰᠠᠭ ᠮᠢᠯᠢᠶᠠᠵᠤ ᠶᠠᠪᠤᠭᠰᠠᠨ ᠲᠡᠳᠤᠢ ᠦᠭᠡᠢ ᠤᠯᠠᠨ ᠲᠦᠮᠡᠨ ᠳᠤ ᠪᠠᠨ ᠮᠡᠳᠡᠷᠡᠭᠳᠡᠵᠤ᠂ ᠤᠯᠠᠨ ᠤᠯᠠᠨ ᠱᠠᠩᠨᠠᠯ ᠮᠧᠳᠠᠯ ᠭᠠᠷᠳᠠᠵᠤ ᠶᠠᠪᠤᠵᠠᠢ᠃

    ᠱ•ᠬᠠᠰ ᠤᠷᠢᠳ ᠬᠤᠵᠢᠳ《ᠠᠯᠳᠠᠨ ᠬᠣᠨᠳᠠᠭ᠎ᠠ ᠠᠮᠲᠠᠳᠣ ᠰᠠᠷᠬᠣᠣᠨ》᠂ 《 ᠵᠡᠬᠦᠳᠤᠨ ‍ᠤ ᠲᠤᠮᠤᠭ》᠂《ᠬᠠᠰᠳᠤᠶᠠᠭ᠎ᠠ》ᠵᠡᠷᠬᠡ ᠲᠠᠭᠤᠨ ‍ᠤ ᠴᠤᠮᠤᠭ ᠪᠠ 《ᠠᠯᠤᠰ ᠬᠤᠯᠡ ᠵᠢᠨ ᠠᠡᠭᠬᠢᠯᠤᠮ᠎ᠠ ᠡᠪᠠᠰᠤ》᠂《ᠲᠠᠯ᠎ᠠ ᠵᠢᠨ ᠮᠠᠨᠳᠤᠴᠢᠯᠠᠯ》ᠬᠡᠬᠦ ᠮᠤᠡᠭᠭᠤᠯ ᠬᠢᠳᠡᠳ ᠬᠡᠪᠯᠠᠯ ‍ᠤᠨ ᠲᠠᠭᠤᠤ ᠵᠢᠨ ᠲᠡᠬᠦᠪᠤᠷᠢ ᠲᠠᠢ᠃ ᠲᠡᠬᠦᠨ ᠤ ᠪᠦᠲᠦᠬᠡᠯ ᠤᠨ ᠲᠤᠳᠤᠷ᠎ᠠ ᠡᠴᠡ 《 ᠲᠠᠯ᠎ᠠ ᠵᠢᠨ ᠵᠢᠵᠢᠭ ᠬᠣᠲᠠ 》 ᠪᠠ 《 ᠲᠡᠮᠡᠭᠡᠨ ᠤ ᠲᠣᠷᠠᠰᠤᠮᠵᠢ 》 ᠬᠡᠬᠦ ᠬᠣᠶᠠᠷ ᠳᠠᠭᠣᠣ ᠨᠢ ᠦᠪᠦᠷ ᠮᠤᠩᠭ᠋᠋ᠤᠯ ᠤᠨ ᠦᠪᠡᠷᠲᠡᠬᠡᠨ ᠵᠠᠰᠠᠬᠣ ᠣᠷᠣᠨ ‍ᠤ ᠣᠷᠠᠯᠢᠭ ᠤᠨ ᠪᠦᠲᠣᠭᠡᠯ ᠤᠨ《 ᠰᠠᠷᠠᠨ᠎ᠠ 》ᠱᠠᠩᠨᠠᠯ᠂《 ᠮᠢᠨᠣ ᠠᠪᠣ 》 ᠭᠡᠳᠡᠭ ᠳᠠᠭᠣᠣ ᠨᠢ ᠦᠪᠦᠷ ᠮᠤᠩᠭᠤᠯ ᠤᠨ ᠦᠪᠡᠷᠲᠡᠬᠡᠨ ᠵᠠᠰᠠᠬᠣ ᠣᠷᠣᠨ ‍ᠤ《5•1》 ᠢᠨᠵᠧᠨᠧᠷᠢᠩ ‍ᠤᠨ ᠱᠠᠩᠨᠠᠯ ᠢ ᠲᠤᠰ ᠲᠤᠰ ᠬᠦᠷᠳᠡᠭᠰᠡᠨ ᠪᠠᠶᠢᠨ᠎ᠠ᠃

ᠢᠷᠡᠯᠳᠡ᠄ ᠬᠤᠷᠴᠢᠨ ᠵᠡᠬᠦᠨ ᠭᠠᠷᠤᠨ ᠲᠤᠮᠳᠠᠳᠤ ᠬᠤᠰᠢᠭᠤᠨ ᠤ ᠰᠤᠶᠤᠯ ᠷᠠᠳᠢᠣ᠋ ᠺᠢᠨᠣ᠋ ᠲᠧᠯᠧᠶ᠋ᠰ ᠲᠤᠪᠴᠢᠶ᠎ᠠ ᠪᠡᠯᠡᠳᠭᠡᠭ᠍ᠰᠡᠨ ᠨᠢ᠄ ᠪᠠᠢ ᠯᠢᠩ ᠳ᠋ᠢ

ᠨᠡᠶᠢᠬᠡᠮ ᠠᠬᠤᠢ

ᠰᠣᠶᠤᠯ ᠤᠷᠠᠯᠢᠭ

  • ᠠᠰᠬ᠎ᠠ ᠬᠠᠳᠠᠨ ᠤ ᠢᠷᠮᠡᠭ ᠲᠡᠭᠢ 《ᠲᠡᠭ᠍ᠷᠢ ᠵᠡᠭᠡᠯᠢ》
  • 《ᠮᠢᠨᠦ ᠰᠠᠢᠢᠬᠠᠨ ᠮᠤᠩᠭ᠋ᠤᠯ ᠬᠡᠯᠡ》 ᠤᠷᠲᠤᠰ ᠬᠤᠲᠠ ᠶᠢᠨ ᠤᠯᠠᠭᠠᠭᠴᠢᠨ ᠲᠠᠬᠢᠶ᠎ᠠ ᠵᠢᠯ ᠤᠨ ᠪᠠᠭᠠᠴᠤᠳ ᠬᠡᠦᠬᠡᠳ ᠤᠨ ᠴᠠᠭᠠᠨ ᠰᠠᠷ᠎ᠠ ᠶᠢᠨ ᠦᠲᠡᠰᠢᠯᠡᠭᠡ (ᠨᠢᠭᠡ )
  • ᠲᠡᠭᠡᠳᠦ ᠮᠤᠩᠭ᠋ᠤᠯ ᠤᠨ ᠤᠲᠤᠳ ᠤᠨ ᠤᠯᠠᠭᠠᠭᠴᠢᠨ ᠲᠠᠬᠢᠶ᠎ᠠ ᠵᠢᠯ ᠤᠨ ᠰᠠᠷ᠎ᠠ ᠰᠢᠨ᠎ᠡ ᠶᠢᠨ ᠲᠠᠭᠤᠤ ᠬᠦᠭ᠍ᠵᠢᠮ ᠤᠨ ᠴᠢᠭᠤᠯᠭᠠᠨ ( ᠨᠢᠭᠡ )
  • ᠦᠪᠦᠷ ᠮᠤᠨᠭᠭᠤᠯ ᠳᠡᠬᠢ ᠯᠢᠶᠤᠤ ᠭᠦᠷᠦᠨ ᠤ ᠲᠠᠲᠠᠪᠤᠷᠢ ᠶᠢᠨ ᠤᠨᠭᠭᠤᠨ ᠡᠴᠡ ᠶᠡᠬᠡ ᠬᠡᠮᠵᠢᠶᠡᠨ ᠤ ᠠᠯᠲᠠ ᠮᠦᠩᠭᠦᠨ ᠰᠢᠭᠢᠳᠬᠡᠭᠡᠷᠢ ᠲᠠᠢ ᠱᠠᠭᠠᠵᠠᠩ ᠰᠠᠪᠠ ᠤᠯᠳᠠᠪᠠ
010070230030000000000000011120691120445494